ᠬᠦᠷᠡᠭᠴᠢ ᠦᠨᠢᠶ᠎ᠡ Хүрэгч үнээ
ᠡᠷᠲᠡ ᠤᠷᠢᠳᠤ ᠶ᠋ᠢᠨ ᠴᠠᠭ ᠲᠤ᠌ ᠰᠠᠢᠨ ᠰᠠᠨᠠᠭ᠎ᠠ ᠲᠠᠢ ᠡᠪᠦᠭᠡᠨ ᠡᠮᠡᠭᠡᠨ ᠬᠣᠶᠠᠷ ᠪᠠᠶ᠋ᠢᠵᠠᠢ ᠃
ᠨᠢᠭᠡᠨ ᠡᠳᠦᠷ ᠡᠪᠦᠭᠡᠨ ᠨᠢ ᠠᠭᠤᠯᠠᠨ ᠳ᠋ᠤ᠌ ᠶᠠᠪᠤᠵᠤ ᠪᠠᠶ᠋ᠢᠲᠠᠯ᠎ᠠ ᠦᠬᠦᠮᠡᠷ ᠪᠣᠯᠤᠭᠰᠠᠨ ᠱᠠᠭᠠᠵᠠᠭᠠᠢ ᠲᠠᠭᠠᠷᠠᠯᠳᠤᠪᠠ ᠃ ᠦᠵᠡᠭᠰᠡᠨ ᠴᠢᠨᠢ ᠬᠣᠭᠣᠯᠠᠢ ᠳ᠋ᠤ᠌ ᠨᠢ ᠶᠠᠰᠤ ᠲᠡᠭᠡᠭᠯᠡᠴᠢᠬᠡᠭᠰᠡᠨ ᠪᠠᠶ᠋ᠢᠪᠠ ᠃ ᠡᠪᠦᠭᠡᠨ ᠶᠠᠰᠤ ᠶ᠋ᠢ ᠨᠢ ᠠᠪᠴᠤ ᠬᠠᠶᠠᠭᠰᠠᠨ ᠳ᠋ᠤ᠌ ᠱᠠᠭᠠᠵᠠᠭᠠᠢ ᠡᠳᠡᠭᠡᠭᠡᠳ ᠲᠤᠩ ᠪᠠᠶᠠᠷᠯᠠᠪᠠ ᠃ ᠠᠴᠢ ᠶ᠋ᠢ ᠨᠢ ᠬᠠᠷᠢᠭᠤᠯᠬᠤ ᠶ᠋ᠢᠨ ᠲᠥᠯᠥᠭᠡ ᠮᠠᠷᠭᠠᠰᠢ ᠨᠢ ᠨᠢᠭᠡ ᠬᠦᠷᠡᠭᠴᠢ ᠦᠨᠢᠶ᠎ᠡ ᠠᠪᠴᠢᠷᠠᠵᠤ ᠥᠭᠴᠡᠢ ᠃ ᠲᠡᠭᠡᠭᠡᠳ ᠱᠠᠭᠠᠵᠠᠭᠠᠢ ᠡᠪᠦᠭᠡᠨ ᠡᠮᠡᠭᠡᠨ ᠬᠣᠶᠠᠷ ᠲᠤ᠌ ᠄ 《 ᠲᠠᠨᠤᠰ 〈 ᠬᠦᠷᠡᠭᠴᠢ ᠦᠨᠢᠶ᠎ᠡ ᠬᠥᠷ ᠬᠥᠷ〉 ᠭᠡᠵᠦ ᠬᠡᠯᠡᠪᠡᠯ ᠬᠥᠨᠥᠭ ᠬᠥᠨᠥᠭ ᠰᠦ ᠢᠪᠢᠯᠦᠨ᠎ᠡ ᠃ ᠳᠠᠷᠠᠭᠠᠴᠢ ᠪᠠᠷ ᠬᠦᠴᠢᠷᠳᠡᠯ ᠲᠠᠭᠠᠷᠠᠪᠠᠯ〈 ᠱᠠᠭᠠᠵᠠᠭᠠᠢ ᠮᠢᠨᠢ ᠱᠠᠭ ᠱᠠᠭ〉 ᠭᠡᠪᠡᠯ ᠪᠢ ᠢᠷᠡᠴᠢᠬᠡᠨ᠎ᠡ ᠰᠢᠦ ! 》 ᠭᠡᠳ ᠨᠢᠰᠦᠨ ᠣᠳᠴᠠᠢ ᠃
ᠬᠦᠷᠡᠭᠴᠢ ᠦᠨᠢᠶ᠎ᠡ ᠨᠢ ᠦᠨᠡᠬᠡᠷ ᠰᠠᠭᠠᠭᠠᠳ ᠪᠠᠷᠠᠬᠤ ᠦᠭᠡᠢ ᠠᠷᠪᠢᠨ ᠰᠦ ᠲᠠᠢ ᠶᠤᠮ ᠰᠠᠨᠵᠠᠢ ᠃ ᠲᠡᠭᠡᠭᠡᠳ ᠡᠪᠦᠭᠡᠨ ᠡᠮᠡᠭᠡᠨ ᠬᠣᠶᠠᠭᠤᠯᠠ ᠪᠠᠨ ᠡᠯᠪᠡᠭ ᠲᠣᠬᠢᠲᠠᠢ ᠠᠮᠢᠳᠤᠷᠠᠳᠠᠭ ᠪᠣᠯᠤᠯ᠎ᠠ ᠃
ᠭᠡᠲᠡᠯ᠎ᠡ ᠬᠠᠷᠭᠢᠰ ᠨᠣᠶᠠᠨ ᠦᠨᠢᠶ᠎ᠡ ᠶ᠋ᠢ ᠨᠢ ᠪᠤᠯᠢᠶᠠᠵᠤ ᠠᠪᠠᠴᠢᠪᠠ ᠃ ᠡᠪᠦᠭᠡᠨ ᠬᠥᠭᠰᠢᠨ ᠬᠣᠶᠠᠷ ᠭᠠᠴᠢᠭᠳᠠᠬᠤ ᠳ᠋ᠤ᠌ ᠪᠠᠨ ᠤᠬᠢᠯᠠᠭᠠᠳ ᠄ 《 ᠱᠠᠭᠠᠵᠠᠭᠠᠢ ᠮᠢᠨᠢ ᠱᠠᠭ ᠱᠠᠭ ! 》 ᠭᠡᠵᠦ ᠲᠠᠭᠤᠲᠠᠯ᠎ᠠ ᠃ ᠱᠠᠭᠠᠵᠠᠭᠠᠢ ᠳᠣᠣᠷ᠎ᠠ ᠪᠠᠨ ᠬᠦᠷᠦᠭᠡᠳ ᠢᠷᠡᠵᠡᠢ ᠃ ᠲᠡᠭᠡᠭᠡᠳ ᠤᠴᠢᠷ ᠊ᠢ ᠨᠢ ᠰᠣᠨᠣᠰᠤᠭᠰᠠᠨ ᠢ᠋ᠶ᠋ᠠᠨ ᠨᠢᠭᠡ ᠰᠢᠳᠡᠮ ᠥᠭᠴᠦ ᠄ 《 ᠡᠭᠦᠨ ᠊ᠢ ᠬᠠᠷᠭᠢᠰ ᠨᠣᠶᠠᠨ ᠤ᠋ ᠳ᠋ᠤ᠌ ᠠᠪᠤᠭᠠᠳ ᠣᠴᠢ ᠃ ᠰᠢᠳᠠᠮ ᠢ᠋ᠶ᠋ᠠᠨ ᠬᠠᠭᠠᠯᠭᠠᠨ ᠤ᠋ ᠬᠢᠨᠢ ᠳᠡᠷᠭᠡᠳᠡ ᠲᠠᠯᠪᠢᠭᠠᠳ〈 ᠰᠢᠳᠠᠮ ᠮᠢᠨᠢ ᠲᠢᠱ ᠲᠢᠱ〉 ᠭᠡᠵᠦ ᠬᠡᠯᠡᠭᠡᠷᠡᠢ ! 》 ᠭᠡᠵᠦ ᠵᠢᠭᠠᠵᠤ ᠥᠭᠴᠡᠢ ᠃
ᠡᠪᠦᠭᠡᠨ ᠵᠠᠬᠢᠭᠰᠠᠨ ᠶᠣᠰᠣᠭᠠᠷ ᠨᠢ ᠬᠢᠪᠡ ᠃ ᠲᠡᠭᠡᠬᠦ ᠳ᠋ᠦ᠍ ᠬᠠᠷᠭᠢᠰ ᠨᠣᠶᠠᠨ ᠪᠠᠰᠠ ᠯᠠ ᠰᠠᠢᠨ ᠶᠠᠭᠤᠮ᠎ᠠ ᠪᠠᠶ᠋ᠢᠬᠤ ᠭᠡᠵᠦ ᠪᠣᠳᠣᠵᠠᠢ ᠄ 《 ᠰᠢᠲᠠᠮ ᠮᠢᠨᠢ ᠲᠢᠱ ᠲᠢᠱ 》 ᠭᠡᠰᠡᠨ ᠳ᠋ᠦ᠍ ᠥᠨᠥᠬᠢ ᠰᠢᠳᠠᠮ ᠨᠢ ᠭᠡᠨᠡᠳᠲᠡ ᠬᠡᠢ ᠡᠷᠭᠢᠯᠳᠦᠨ ᠪᠣᠰᠴᠤ ᠢᠷᠡᠭᠡᠳ ᠬᠠᠷᠭᠢᠰ ᠨᠣᠶᠠᠨ ᠊ᠢ 《 ᠲᠢᠱ ᠲᠢᠱ 》 ᠬᠢᠲᠡᠯ᠎ᠡ ᠵᠣᠳᠣᠯᠠ ᠃ ᠨᠣᠶᠠᠨ ᠳᠤᠲᠠᠭᠠᠬᠤ ᠳ᠋ᠤ᠌ ᠰᠢᠳᠠᠮ ᠨᠡᠬᠡᠵᠦ ᠣᠴᠢᠭᠠᠳ ᠴᠣᠬᠢᠭᠠᠳ ᠯᠠ ᠪᠠᠶ᠋ᠢᠵᠤ ᠭᠡᠨ᠎ᠡ ᠃ ᠳᠡᠮᠡᠢ ᠤᠳᠠᠯ ᠦᠭᠡᠢ ᠬᠠᠷᠭᠢᠰ ᠨᠣᠶᠠᠨ ᠤ᠋ ᠰᠢᠲᠦ ᠨᠢ ᠪᠤᠯᠭᠤᠷᠠᠪᠠ ᠂ ᠴᠢᠬᠢ ᠨᠢ ᠰᠠᠳᠠᠷᠠᠪᠠ ᠂ ᠪᠥᠭᠰᠡ ᠨᠢ ᠬᠠᠪᠤᠳᠪᠠ᠃ ᠲᠡᠭᠡᠭᠡᠳ ᠠᠷᠭ᠎ᠠ ᠪᠤᠰᠤ ᠬᠦᠷᠡᠭᠴᠢ ᠦᠨᠢᠶ᠎ᠡ ᠶ᠋ᠢ ᠨᠢ ᠡᠪᠦᠭᠡᠨ ᠡᠮᠡᠭᠡᠨ ᠳ᠋ᠦ᠍ ᠪᠤᠴᠠᠭᠠᠵᠤ ᠥᠭᠭᠦᠭᠰᠡᠨ ᠳ᠋ᠦ᠍ ᠲᠡᠷᠡ ᠰᠢᠳᠡᠮ ᠵᠣᠳᠣᠬᠤ ᠪᠠᠨ ᠵᠣᠭᠰᠣᠵᠤ ᠭᠡᠨ᠎ᠡ ᠃
ᠬᠡᠯᠡ ᠪᠢᠴᠢᠭ ᠦ᠋ᠨ ᠬᠣᠶᠠᠳᠤᠭᠠᠷ ᠣᠨ ( ᠳᠡᠭᠡᠳᠦ )
( 2012 ᠣᠨ ᠤ᠋ 5 ᠰᠠᠷ᠎ᠠ ᠳ᠋ᠤ᠌ ᠠᠩᠬᠠᠳᠤᠭᠠᠷ ᠬᠡᠪ ) ᠡᠴᠡ ᠬᠠᠭᠤᠯᠪᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠲᠦᠮᠡᠳ · ᠠᠵᠠᠲᠦ
