ᠪᠠᠶᠠᠷᠯᠠᠯ᠎ᠠ ᠡᠵᠢ ᠠ᠋- ᠱ ᠭᠦᠷᠦᠪᠠᠽᠠᠷБаярлалаа ээж ээ-ш гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠷᠯᠠᠯ᠎ᠠ ᠡᠵᠢ ᠠ᠋- ᠱ ᠭᠦᠷᠦᠪᠠᠽᠠᠷБаярлалаа ээж ээ-ш гүрбазар

ᠪᠠᠶᠠᠷᠯᠠᠯ᠎ᠠ ᠡᠵᠢ ᠠ᠋- ᠱ ᠭᠦᠷᠦᠪᠠᠽᠠᠷБаярлалаа ээж ээ-ш гүрбазар

2023-04-08

436

ᠪᠠᠶᠠᠷᠯᠠᠯ᠎ᠠ ᠡᠵᠢ ᠠ᠋ 

  ᠰᠢᠯᠦᠭ ᠄  · ᠭᠦᠷᠦᠪᠠᠽᠠᠷ
  ᠬᠥᠭᠵᠢᠮ ᠄  · ᠠᠮᠤᠭᠤᠯᠠᠩ

ᠨᠠᠮᠤᠷ ᠤ᠋ᠨ ᠪᠤᠭᠤᠷᠤᠯ ᠬᠢᠷᠠᠭᠤ ‍ᠶ᠋ᠢ ᠭᠡᠰᠬᠡᠵᠦ
ᠨᠡᠷᠡᠲᠦ ‍ᠶ᠋ᠢ ᠵᠥᠭᠡᠯᠡᠯᠡᠬᠦ ᠭᠡᠵᠦ ᠲᠠ ᠢᠷᠡᠭᠡ ‍ᠤᠤ
ᠡᠭᠡᠯᠢ ᠬᠠᠩᠬᠤᠯᠤᠭᠰᠠᠨ ᠡᠪᠦᠷ ᠳᠡᠭᠡᠷ᠎ᠡ ᠴᠢᠨᠢ
ᠡᠷᠬᠡᠯᠡᠬᠦ ᠯᠡ ᠭᠡᠵᠦ ᠪᠢ ᠮᠡᠨᠳᠦᠯᠡᠭᠡ ‍ᠤᠤ

ᠵᠢᠬᠡᠭᠦᠨ ᠬᠣᠷᠸ᠋᠎ᠠ ‍ᠶ᠋ᠢᠨ ᠵᠣᠪᠠᠯᠠᠩ ᠢ᠋ ᠬᠠᠯᠬᠠᠯᠠᠵᠤ
ᠵᠢᠷᠭᠠᠯ ᠳᠡᠯᠭᠡᠬᠦ ᠭᠡᠵᠦ ᠲᠠ ᠢᠷᠡᠭᠡ ‍ᠤᠤ
ᠵᠡᠭᠦᠳᠦ ᠳᠡᠯᠭᠡᠷᠡᠭᠰᠡᠨ ᠡᠪᠦᠷ ᠳᠡᠭᠡᠷ᠎ᠡ ᠴᠢᠨᠢ
ᠵᠡᠭᠦᠷᠮᠡᠭᠯᠡᠬᠦ ᠯᠡ ᠭᠡᠵᠦ ᠪᠢ ᠮᠡᠨᠳᠦᠯᠡᠭᠡ ‍ᠤᠤ

ᠪᠠᠶᠠᠷᠯᠠᠯ᠎ᠠ ᠡᠵᠢ ᠠ᠋ ᠭᠡᠵᠦ ᠬᠦᠦ ᠨᠢ ᠲᠠᠨ ‍ᠳᠤ ᠪᠠᠨ
ᠴᠡᠩᠬᠡᠷ ᠶᠡᠬᠡ ᠲᠩᠷᠢ ‍ᠶ᠋ᠢ ᠬᠠᠳᠠᠭ ᠪᠣᠯᠭᠠᠨ ᠪᠠᠷᠢᠶ᠎ᠠ
ᠪᠠᠶᠠᠷᠯᠠᠯ᠎ᠠ ᠡᠵᠢ ᠠ᠋ ᠭᠡᠵᠦ ᠦᠷ᠎ᠡ ᠨᠢ ᠲᠠᠨ ‍ᠳᠤ ᠪᠠᠨ
ᠴᠡᠯᠮᠡᠭ ᠠᠯᠲᠠᠨ ᠨᠠᠷᠠ ‍ᠶ᠋ᠢ ᠳᠡᠭᠡᠷ᠎ᠡ ᠨᠢ ᠲᠠᠯᠪᠢᠵᠤ ᠪᠠᠷᠢᠶ᠎ᠠ

ᠰᠥᠨᠢ ‍ᠶ᠋ᠢᠨ ᠰᠠᠭᠠᠷᠠᠯ ᠰᠠᠯᠬᠢᠨ ‍ᠳᠤ ᠬᠥᠯᠥᠷᠡᠭᠰᠡᠨ
ᠰᠡᠭᠦᠳᠡᠷ ᠢ᠋ ᠲᠠ ᠦᠷᠭᠦᠭᠡᠬᠦ ᠭᠡᠵᠦ ᠢᠷᠡᠭᠡ ‍ᠤᠤ
ᠰᠢᠨ᠎ᠡ ‍ᠶ᠋ᠢᠨ ᠥᠷᠯᠥᠭᠡ ᠬᠠᠴᠠᠷ ᠳᠡᠭᠡᠷ᠎ᠡ ᠪᠡᠨ
ᠦᠨᠦᠰᠦᠭᠦᠯᠬᠦ ᠯᠡ ᠭᠡᠵᠦ ᠬᠦᠦ ᠨᠢ ᠮᠡᠨᠳᠦᠯᠡᠭᠡ ‍ᠤᠤ

ᠪᠠᠶᠠᠷᠯᠠᠯ᠎ᠠ ᠡᠵᠢ ᠠ᠋ ᠭᠡᠵᠦ ᠬᠦᠦ ᠨᠢ ᠲᠠᠨ ‍ᠳᠤ ᠪᠠᠨ
ᠴᠡᠩᠬᠡᠷ ᠶᠡᠬᠡ ᠲᠩᠷᠢ ‍ᠶ᠋ᠢ ᠬᠠᠳᠠᠭ ᠪᠣᠯᠭᠠᠨ ᠪᠠᠷᠢᠶ᠎ᠠ
ᠪᠠᠶᠠᠷᠯᠠᠯ᠎ᠠ ᠡᠵᠢ ᠠ᠋ ᠭᠡᠵᠦ ᠬᠦᠦ ᠨᠢ ᠲᠠᠨ ‍ᠳᠤ ᠪᠠᠨ
ᠴᠡᠯᠮᠡᠭ ᠠᠯᠲᠠᠨ ᠨᠠᠷᠠ ‍ᠶ᠋ᠢ ᠳᠡᠭᠡᠷ᠎ᠡ ᠨᠢ ᠲᠠᠯᠪᠢᠵᠤ ᠪᠠᠷᠢᠶ᠎ᠠ
ᠪᠠᠶᠠᠷᠯᠠᠯ᠎ᠠ ᠂ ᠪᠠᠶᠠᠷᠯᠠᠯ᠎ᠠ ᠡᠵᠢ ᠠ᠋

  ᠦᠰᠦᠭ ᠬᠠᠲᠠᠭᠰᠠᠨ ᠨᠢ ᠄ ᠬᠠᠲᠠᠴᠢ · ᠤᠷᠠᠨ᠎ᠠ
  ᠦᠰᠦᠭ ᠠᠮᠢᠯᠠᠭᠤᠯᠤᠭᠴᠢ ᠄ ᠬᠠᠲᠠᠴᠢ · ᠤᠷᠠᠨ᠎ᠠ
  ᠬᠢᠨᠠᠭᠴᠢ ᠄ ᠰᠡᠷᠭᠦᠯᠡᠩ