ᠠᠳᠤᠭᠤᠴᠢᠨ- ᠮᠣᠩᠭᠣᠯ ᠠᠷᠠᠳ ᠤᠨ ᠳᠠᠭᠤᠤ-ᠰ ᠡᠷᠳᠡᠨᠢᠴᠡᠴᠡᠭМонгол ардын дуу Адуучин С.Эрдэнэцэцэг
ᠠᠳᠤᠭᠤᠴᠢᠨ
ᠠᠷᠠᠳ ᠤ᠋ᠨ ᠳᠠᠭᠤᠤ
— ᠰ᠂ ᠡᠷᠳᠡᠨᠢᠴᠡᠴᠡᠭ
ᠲᠦᠮᠡᠨ ᠴᠦ᠍ ᠣᠯᠠᠨ ᠠᠳᠤᠭᠤᠨ ᠤ᠋ ᠳᠤᠮᠳᠠ ᠠ᠋ᠴᠠ ᠪᠠᠨ
ᠲᠥᠭᠥᠷᠢᠭ ᠰᠠᠷ᠎ᠠ ᠲᠠᠢ ᠮᠠᠩᠬᠠᠨ ᠰᠢᠷᠭ᠎ᠠ ᠮᠢᠨᠢ ᠲᠦᠷᠦᠭᠦᠯᠡᠭᠡᠳ ᠢᠷᠡᠯ᠎ᠡ ᠬᠦ
ᠲᠦᠮᠡᠨ ᠴᠦ᠍ ᠣᠯᠠᠨ ᠬᠥᠮᠦᠨ ᠦ᠌ ᠳᠤᠮᠳᠠ ᠠ᠋ᠴᠠ
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ
ᠠᠯᠲᠠᠨ ᠴᠤ᠌ ᠬᠣᠶᠠᠷ ᠪᠠᠭᠤᠪᠴᠢ ᠪᠠᠢᠨ᠎ᠠ ᠬᠦ
ᠠᠷᠰᠯᠠᠨ ᠬᠣᠲᠠ ᠶ᠋ᠢᠨ ᠤᠷᠠᠴᠤᠳ ᠢ᠋ᠶ᠋ᠠᠷ ᠰᠡᠢᠯᠦᠭᠦᠯᠦᠭᠰᠡᠨ ᠶᠦᠮ ᠠ᠋ ᠬᠦ
ᠠᠰᠬᠠᠷᠠᠭᠤᠯᠤᠨ ᠮᠡᠯᠮᠡᠷᠡᠭᠦᠯᠦᠨ ᠤᠬᠢᠯᠠᠭᠠᠳ ᠶᠠᠭᠠᠬᠢᠬᠤ ᠪᠣᠢ ᠬᠦ
ᠠᠮᠤᠷ ᠪᠣᠯᠤᠭᠠᠳ ᠮᠡᠨᠳᠦ ᠯᠠ ᠰᠠᠭᠤᠪᠠᠯ ᠠᠭᠤᠯᠵᠠᠨ᠎ᠠ ᠰᠢᠦ ᠳᠡ ᠬᠦ
ᠠᠮᠤᠷ ᠪᠣᠯᠤᠭᠠᠳ ᠮᠡᠨᠳᠦ ᠯᠠ ᠰᠠᠭᠤᠪᠠᠯ ᠠᠭᠤᠯᠵᠠᠨ᠎ᠠ ᠰᠢᠦ ᠳᠡ ᠬᠦ
ᠮᠥᠩᠭᠥᠨ ᠴᠦ᠍ ᠬᠣᠶᠠᠷ ᠪᠠᠭᠤᠪᠴᠢ ᠪᠠᠢᠨ᠎ᠠ ᠬᠦ
ᠮᠦᠭᠳᠡᠨ ᠬᠣᠲᠠ ᠶ᠋ᠢᠨ ᠤᠷᠠᠴᠤᠳ ᠢ᠋ᠶ᠋ᠠᠷ ᠰᠡᠢᠯᠦᠭᠦᠯᠦᠭᠰᠡᠨ ᠶᠦᠮ ᠠ᠋
ᠮᠡᠯᠮᠡᠷᠡᠭᠦᠯᠦᠭᠡᠳ ᠮᠡᠯᠲᠡᠭᠡᠨᠡᠭᠦᠯᠦᠨ ᠤᠬᠢᠯᠠᠭᠠᠳ ᠶᠠᠭᠠᠬᠢᠬᠤ ᠪᠣᠢ ᠬᠦ
ᠮᠡᠨᠳᠦ ᠪᠣᠯᠤᠭᠠᠳ ᠠᠮᠤᠷ ᠰᠠᠭᠤᠪᠠᠯ ᠠᠭᠤᠯᠵᠠᠨ᠎ᠠ ᠰᠢᠦ ᠳᠡ ᠬᠦ
ᠮᠢᠩᠭᠠᠨ ᠴᠤ᠌ ᠣᠯᠠᠨ ᠠᠳᠤᠭᠤᠨ ᠤ᠋ ᠳᠤᠮᠳᠠ ᠠ᠋ᠴᠠ ᠪᠠᠨ
ᠮᠠᠩᠨᠤᠭ ᠰᠠᠷ᠎ᠠ ᠲᠠᠢ ᠮᠠᠩᠬᠠᠨ ᠰᠢᠷᠭ᠎ᠠ ᠮᠢᠨᠢ ᠲᠦᠷᠦᠭᠦᠯᠡᠭᠡᠳ ᠢᠷᠡᠯ᠎ᠡ ᠬᠦ
ᠮᠢᠩᠭᠠᠨ ᠣᠯᠠᠨ ᠬᠥᠮᠦᠨ ᠦ᠌ ᠳᠤᠮᠳᠠ ᠠ᠋ᠴᠠ ᠪᠠᠨ
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ
ᠦᠰᠦᠭ ᠬᠠᠲᠠᠵᠤ᠂ ᠠᠮᠢᠯᠠᠭᠤᠯᠤᠭᠴᠢ᠄ ᠳᠡᠯᠭᠡᠷᠴᠡᠴᠡᠭ
ᠬᠢᠨᠠᠭᠴᠢ᠄ ᠲᠣᠳᠣᠭᠡᠷᠡᠯ᠂ ᠪᠢᠮᠪᠠ᠂ ᠣᠶᠤᠨᠴᠡᠴᠡᠭ
ᠶᠡᠷᠦᠩᠬᠡᠢ ᠬᠢᠨᠠᠭᠴᠢ᠄ ᠣᠳᠬᠤᠨᠴᠡᠴᠡᠭ
