ᠮᠠᠷᠲᠠᠬᠤ ᠦᠭᠡᠢ -ᠡ᠊ ∙ ᠴᠢᠯᠠᠭᠤᠨᠴᠢᠮᠡᠭМартахгүй-E.Chuluunchimeg - Martahgui ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠲᠠᠬᠤ ᠦᠭᠡᠢ -ᠡ᠊ ∙ ᠴᠢᠯᠠᠭᠤᠨᠴᠢᠮᠡᠭМартахгүй-E.Chuluunchimeg - Martahgui

ᠮᠠᠷᠲᠠᠬᠤ ᠦᠭᠡᠢ -ᠡ᠊ ∙ ᠴᠢᠯᠠᠭᠤᠨᠴᠢᠮᠡᠭМартахгүй-E.Chuluunchimeg - Martahgui

ᠠᠩᠭᠢᠯᠠᠯ:ᠳᠠᠭᠤᠤ ᠬᠥᠭᠵᠢᠮ
2023-04-08

1393

ᠮᠠᠷᠲᠠᠬᠤ ᠦᠭᠡᠢ


        ᠦᠭᠡ᠄ ᠪ᠊᠂ ᠪᠣᠯᠣᠷᠴᠡᠷᠠ 
        ᠠᠶ᠎ᠠ᠄ ᠤ᠊᠂ ᠡᠷᠳᠡᠨᠢ 
        ᠳᠠᠭᠤᠴᠢᠨ᠄ ᠡ᠊᠂ ᠴᠢᠯᠠᠭᠤᠨᠴᠢᠮᠡᠭ 

ᠬᠣᠯᠠ ᠶ᠋ᠢᠨ ᠬᠣᠯᠠ ᠠ᠋ᠴᠠ ᠵᠣᠷᠢᠭᠰᠠᠨ ᠶᠤᠮ ᠰᠢᠭ᠋ 
ᠬᠣᠵᠢᠮᠳᠠᠵᠤ ᠨᠠᠳᠠ ᠳ᠋ᠠᠭᠠᠨ ᠢᠷᠡᠭᠰᠡᠨ ᠪᠣᠯᠬᠣᠷ ᠴᠢᠨᠢ 
ᠬᠣᠷᠭᠣᠳᠠᠨ ᠲᠡᠮᠡᠦᠯᠬᠦ ᠬᠥᠮᠦᠨ ᠦ᠌ ᠬᠣᠷᠸ᠎ᠠ ᠳ᠋ᠤ᠌ 
ᠬᠣᠩᠭᠣᠷ ᠴᠢᠮ᠎ᠠ ᠳ᠋ᠠᠭᠠᠨ ᠯᠠ ᠳᠤᠷᠠᠯᠠᠭᠰᠠᠨ ᠶᠤᠮ ᠠ᠋ ᠪᠢ 
ᠨᠠᠮᠤᠷ ᠨᠠᠮᠤᠷ ᠤ᠋ᠨ ᠤᠢᠲᠠᠢ ᠦᠳᠡᠰᠢ ᠨᠤᠭᠦᠳ  
ᠨᠠᠳᠠ ᠠ᠋ᠴᠠ ᠴᠢᠮ᠎ᠠ ᠶ᠋ᠢ ᠮᠢᠨᠢ ᠨᠡᠬᠡᠨ ᠭᠡᠬᠢᠯᠵᠡᠬᠦ ᠪᠡᠷ 
ᠮᠢᠨᠦᠬᠢ ᠯᠡ ᠪᠠᠢᠯᠲᠠᠢ ᠠᠮᠠᠷᠠᠭ ᠴᠢᠮ᠎ᠠ ᠪᠠᠨ 
ᠬᠥᠮᠦᠨ ᠦ᠌ ᠬᠢ ᠭᠡᠵᠦ ᠪᠣᠳᠣᠬᠤ ᠶ᠋ᠢᠨ ᠡᠷᠬᠡ ᠦᠭᠡᠢ ᠠ᠋ 

ᠣᠳᠣᠳ ᠤ᠋ᠨ ᠳᠤᠮᠳᠠ ᠠ᠋ᠴᠠ ᠬᠠᠢᠭᠰᠠᠨ ᠶᠤᠮ ᠰᠢᠭ᠋
ᠣᠷᠣᠢᠲᠠᠵᠤ ᠨᠠᠮ᠎ᠠ ᠪᠠᠨ ᠣᠯᠤᠭᠰᠠᠨ ᠪᠣᠯᠬᠣᠷ ᠴᠢᠨᠢ
ᠠᠷᠭᠠᠳᠠᠨ ᠰᠠᠨᠠᠬᠤ ᠰᠡᠳᠬᠢᠯ ᠦ᠋ᠨ ᠬᠣᠷᠸ᠎ᠠ ᠳ᠋ᠤ᠌
ᠠᠮᠠᠷᠠᠭ ᠴᠢᠮ᠎ᠠ ᠳ᠋ᠠᠭᠠᠨ ᠯᠠ ᠢᠲᠡᠭᠡᠭᠰᠡᠨ ᠶᠤᠮ ᠠ᠋ ᠪᠢ
             ( ᠳᠠᠬᠢᠯᠲᠠ)

ᠨᠢᠯᠪᠤᠰᠤᠨ ᠴᠠᠭᠠᠨ᠎ᠠ ᠠ᠋ᠴᠠ ᠲᠤᠨᠢᠬᠰᠠᠨ ᠶᠤᠮ ᠰᠢᠭ᠋
ᠠᠭᠤᠷᠯᠠᠵᠤ ᠨᠠᠮ᠎ᠠ ᠪᠠᠨ ᠲᠤᠰᠤᠭᠰᠠᠨ ᠪᠣᠯᠬᠣᠷ ᠴᠢᠨᠢ
ᠮᠠᠨᠳᠤᠨ ᠵᠢᠷᠭᠠᠬᠤ ᠨᠠᠷᠠᠨ ᠤ᠋ ᠬᠣᠷᠸ᠎ᠠ ᠳ᠋ᠤ᠌
ᠮᠠᠷᠲᠠᠵᠤ ᠴᠢᠮ᠎ᠠ ᠪᠠᠨ ᠴᠢᠳᠠᠬᠤ ᠦᠭᠡᠢ ᠶᠤᠮ ᠠ᠋ ᠪᠢ
            ( ᠳᠠᠬᠢᠯᠲᠠ) ( ᠳᠠᠬᠢᠯᠲᠠ)

       ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
       ᠬᠢᠨᠠᠭᠴᠢ᠄ ᠭᠦᠩᠭᠠᠷ