ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-7Гүнгийн жуугийн гэгээний алтан сургаал оршивой ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-7Гүнгийн жуугийн гэгээний алтан сургаал оршивой

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-7Гүнгийн жуугийн гэгээний алтан сургаал оршивой

2023-04-08

247

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-7

  ᠨᠢᠭᠡᠳᠦᠭᠡᠷ ᠪᠦᠯᠦᠭ ᠰᠤᠷᠭᠠᠯ ᠰᠢᠯᠦᠭ

     ᠳᠣᠯᠣᠭ᠎ᠠ

ᠲᠠᠷᠭᠤᠨ ᠪᠯᠠᠮ᠎ᠡ ᠶ᠋ᠢᠨ ᠬᠡᠯᠡᠬᠦ ᠨᠢ ᠰᠠᠪᠠᠭ᠎ᠠ ᠦᠭᠡᠢ ᠦᠭᠡᠰ ᠮᠥᠨ ᠂
ᠲᠠᠨ ᠤ᠋ ᠪᠡᠶᠡᠰ ᠦᠢᠯᠡᠳᠬᠦᠢ ᠳ᠋ᠦ᠍ᠷ ᠠᠵᠢᠭ ᠦᠭᠡᠢ ᠠᠴᠢ ᠮᠥᠨ ᠂
ᠲᠠᠮᠤ ᠶ᠋ᠢᠨ ᠡᠷᠯᠢᠭ ᠢᠷᠡᠬᠦᠢ ᠳ᠋ᠦ᠍ᠷ ᠰᠢᠯᠵᠢᠯ ᠦᠭᠡᠢ ᠰᠢᠯᠲᠠᠭ ᠮᠥᠨ ᠂
ᠲᠠᠨᠢᠬᠤ ᠬᠥᠮᠦᠨ ᠦᠵᠡᠬᠦᠢ ᠳ᠋ᠦ᠍ᠷ ᠦᠢᠯᠡ ᠦᠷ᠎ᠡ ᠶ᠋ᠢᠨ ᠨᠣᠮᠯᠠᠯ ᠮᠥᠨ᠃

ᠠᠰᠢᠭ ᠲᠡᠭᠦᠰ ᠡᠷᠳᠡᠨᠢ ᠮᠡᠲᠦ ᠬᠥᠮᠦᠨ ᠪᠡᠶ᠎ᠡ ᠶ᠋ᠢ ᠣᠯᠪᠠᠴᠤ ᠂
ᠠᠷᠪᠠᠨ ᠬᠠᠷ᠎ᠠ ᠶ᠋ᠢᠨ ᠮᠠᠭᠤ ᠦᠢᠯᠡ ᠵᠢᠭᠦᠷᠰᠦ ᠪᠡᠷ ᠬᠤᠳᠠᠯᠳᠤᠨ ᠂
ᠠᠷᠪᠠᠨ ᠨᠠᠢ᠍ᠮᠠᠨ ᠲᠠᠮᠤ ᠶ᠋ᠢᠨ ᠵᠦᠭ ᠲᠦ᠍ᠷ ᠤᠷᠪᠠᠯᠲᠠ ᠦᠭᠡᠢ ᠭᠦᠶᠦᠭᠴᠢ ᠂
ᠠᠶ᠎ᠠ ᠶᠠᠮᠪᠠᠷ ᠤᠴᠢᠷ  ᠢ᠋ᠶ᠋ᠠᠷ ᠪᠦᠬᠡᠵᠢᠭᠰᠡᠨ ᠵᠢᠷᠦᠬᠡ ᠪᠣᠢ ᠃

ᠪᠦᠷᠢᠯᠭᠦᠢ ᠳ᠋ᠦ᠍ᠷ ᠴᠤᠯᠤᠶ᠋ᠢᠲᠠᠵᠤ ᠡᠪᠲᠡᠷᠡᠭᠰᠡᠨ ᠵᠢᠷᠦᠬᠡ ᠶ᠋ᠢ ᠂
ᠪᠦᠲᠦᠭᠡᠵᠦ ᠵᠠᠰᠠᠬᠤ ᠳ᠋ᠤᠷ ᠠᠷᠭ᠎ᠠ ᠦᠭᠡᠢ ᠪᠣᠯᠪᠠᠴᠤ ᠂
ᠪᠥᠭᠡᠷᠡᠩᠬᠡᠢ ᠬᠠᠭᠠᠰ ᠵᠢᠷᠤᠮ ᠦᠯᠡᠳᠡᠭᠰᠡᠨ ᠵᠢᠷᠦᠬᠡ ᠶ᠋ᠢ ᠂
ᠪᠥᠭᠡᠴᠢᠯᠡᠨ ᠪᠣᠯᠬᠤ ᠪᠣᠯᠪᠠ ‍ᠤᠤ ᠭᠡᠮᠡᠨ ᠬᠡᠳᠦᠨ ᠦᠭᠡ ᠪᠢᠴᠢᠪᠡᠢ ᠃

ᠦᠢᠯᠡ ᠶ᠋ᠢᠨ ᠦᠷ᠎ᠡ ᠶ᠋ᠢᠨ ᠪᠣᠯᠪᠠᠰᠤᠷᠠᠯ ᠨᠠᠷᠢᠨ ᠨᠢᠭᠲᠠ ᠤᠴᠢᠷ ᠪᠣᠢ ᠂
ᠦᠨᠡᠨ ᠬᠤᠳᠠᠯ ᠮᠠᠭᠠᠳ ᠦᠭᠡᠢ ᠲᠠᠮᠰᠢᠶᠠᠯᠠᠨ ᠰᠠᠨᠠᠵᠤ ᠂
ᠦᠬᠦᠬᠦᠢ ᠳ᠋ᠦ᠍ᠷ ᠰᠦᠨᠡᠰᠦ ᠪᠡᠨ ᠠᠮᠢᠳᠤ ᠳ᠋ᠤᠷ ᠪᠡᠶ᠎ᠡ ᠪᠡᠨ ᠂
ᠦᠨᠳᠦᠰᠦ ᠦᠭᠡᠢ ᠬᠠᠷᠠᠯᠠᠭᠤᠯᠤᠨ ᠶᠠᠮᠪᠠᠷ ᠤᠴᠢᠷ ᠪᠣᠳᠣᠨᠠᠮ ᠃

ᠬᠡᠲᠦᠷᠬᠡᠶ᠋ᠢᠶ᠎ᠡ ᠨᠠᠶ᠋ᠢᠷᠠᠭᠤᠯᠤᠭᠰᠠᠨ ᠬᠦᠴᠦᠨ ᠲᠡᠭᠦᠰ ᠬᠣᠣᠷ ᠊ᠢ ᠂
ᠭᠡᠴᠢ ᠶ᠋ᠢᠨ ᠲᠡᠳᠦᠢ ᠪᠣᠯᠪᠠᠴᠤ ᠨᠢᠭᠡᠨ ᠪᠡᠶ᠎ᠡ ᠶ᠋ᠢᠨ ᠠᠶᠤᠯ ᠂
ᠭᠡᠮᠰᠢᠯ ᠦᠭᠡᠢ ᠦᠢᠯᠡᠳᠦᠭᠰᠡᠨ ᠨᠢᠭᠦᠯ ᠪᠠᠭ᠎ᠠ ᠪᠣᠯᠪᠠᠴᠤ ᠂
ᠬᠡᠲᠦᠲᠡᠭᠡᠳ ᠠᠷᠪᠢᠳᠬᠠᠬᠤᠢ ᠳ᠋ᠤᠷ ᠲᠦᠮᠡᠨ ᠲᠥᠷᠥᠯ ᠦ᠋ᠨ ᠬᠣᠬᠢᠷᠠᠯ᠃

ᠨᠢᠭᠤᠷ ᠪᠠ ᠲᠣᠯᠣᠭᠠᠢ ᠳ᠋ᠤ᠌ ᠡᠰᠡ ᠬᠦᠷᠬᠦ ᠪᠣᠯᠪᠠᠴᠤ᠂
ᠨᠢᠭᠡᠨ ᠪᠡᠶ᠎ᠡ ᠶ᠋ᠢ ᠪᠦᠷᠬᠦᠭᠰᠡᠨ ᠴᠦ᠍ ᠳᠡᠪᠡᠯ ᠢᠨᠤ ᠳᠤᠯᠠᠭᠠᠬᠠᠨ ᠂
ᠨᠢᠳᠦᠨ ᠦᠵᠡᠯ ᠶᠡᠷᠦ ᠶ᠋ᠢᠨ ᠪᠠᠶ᠋ᠢᠳᠠᠯ ᠠᠳᠠᠯᠢ ᠮᠡᠲᠦ ᠪᠣᠯᠪᠠᠴᠤ ᠂
ᠨᠢᠭᠦᠯ ᠢ᠋ᠶ᠋ᠡᠨ ᠲᠡᠪᠴᠢᠪᠡᠰᠦ ᠪᠤᠷᠬᠠᠨ ᠪᠣᠯᠬᠤ ᠶ᠋ᠢᠨ ᠰᠢᠯᠲᠠᠭᠠᠨ᠃

ᠪᠤᠷᠬᠠᠨ ᠱᠠᠰᠢᠨ ᠳᠡᠯᠭᠡᠷᠡᠭᠰᠡᠨ ᠡᠨᠡ ᠣᠷᠣᠨ᠎ᠠ ᠲᠥᠷᠥᠭᠡᠳ ᠂
ᠪᠤᠶᠠᠨ ᠨᠣᠮ ᠊ᠢ ᠦᠢᠯᠡᠳᠬᠦᠶ᠎ᠡ ᠦᠵᠡᠯ ᠭᠦᠢᠴᠡᠳ ᠪᠠᠶ᠋ᠢᠲᠠᠯ᠎ᠠ ᠂
ᠪᠤᠷᠤᠭᠤ ᠦᠵᠡᠯ ᠮᠠᠭᠤ ᠨᠢᠭᠦᠯ ᠦᠢᠯᠡᠳᠦᠭᠰᠡᠨ ᠡᠴᠡ ᠴᠦ᠍ ᠂
ᠪᠤᠭᠤ ᠪᠣᠯᠵᠤ ᠠᠭᠤᠯᠠᠨ ᠳ᠋ᠤᠷ ᠭᠦᠶᠦᠭᠰᠡᠨ ᠴᠦ᠍ ᠳᠡᠭᠡᠷ᠎ᠡ ᠃

ᠰᠠᠨᠠᠯ ᠦᠭᠡᠢ ᠰᠠᠮᠠᠭᠤᠨ ᠢ᠋ᠶ᠋ᠠᠷ ᠰᠠᠭᠠᠲᠠᠵᠤ ᠰᠠᠭᠤᠪᠠᠯ ᠂
ᠰᠠᠢᠬᠢ ᠶᠡᠬᠡ ᠦᠢᠯᠡ ᠶ᠋ᠢᠨ ᠵᠠᠶᠠᠭ᠎ᠠ ᠭᠡᠨᠡᠳᠲᠡ ᠬᠦᠷᠴᠦ ᠢᠷᠡᠮᠦᠢ ᠂
ᠰᠠᠯᠤᠯᠲᠠ ᠦᠭᠡᠢ ᠡᠪᠡᠳᠴᠢᠨ ᠢ᠋ᠶ᠋ᠡᠷ ᠦᠬᠦᠬᠦᠢ ᠳ᠋ᠦ᠍ᠷ ᠬᠦᠷᠪᠡᠯ ᠂
ᠰᠠᠨᠠᠪᠠᠴᠤ ᠬᠣᠵᠢᠳᠠᠭᠠᠳ ᠰᠠᠢᠬᠢ ᠳ᠋ᠠᠭᠠᠨ ᠤᠳᠤᠮᠤᠢ᠃

ᠵᠠᠷᠢᠮ ᠪᠠᠰᠠ ᠦᠬᠦᠯ ᠦᠭᠡᠢ ᠡᠪᠡᠳᠴᠢᠨ ᠢ᠋ᠶ᠋ᠡᠷ ᠰᠢᠨᠠᠯᠭᠠᠨ ᠂
ᠵᠠᠰᠠᠯ ᠭᠦᠷᠢᠮ ᠪᠯᠠᠮ᠎ᠡ ᠪᠠᠭᠰᠢ ᠶ᠋ᠢ ᠰᠢᠲᠦᠬᠦᠢ ᠳ᠋ᠦ᠍ᠷ ᠬᠦᠷᠦᠭᠡᠳ ᠂
ᠵᠠᠯᠪᠠᠷᠢᠵᠤ ᠰᠦᠰᠦᠭ ᠶᠡᠬᠡ ᠨᠢᠭᠦᠯ ᠳ᠋ᠡᠭᠡᠨ ᠭᠡᠮᠰᠢᠭᠡᠳ ᠂
ᠵᠠᠰᠠᠷᠠᠵᠤ ᠪᠤᠶᠠᠨ ᠴᠢᠨᠠᠷ ᠦᠨᠡᠨ ᠪᠠᠶ᠋ᠢᠨ᠎ᠠ ᠬᠡᠮᠡᠮᠦᠢ ᠃

ᠭᠡᠮᠰᠢᠭᠰᠡᠭᠡᠷ ᠡᠪᠡᠳᠴᠢᠨ ᠠᠨᠠᠵᠤ ᠰᠦᠰᠦᠭ ᠪᠠᠯᠠᠷᠬᠠᠢ ᠪᠣᠯᠤᠭᠠᠳ ᠂
ᠬᠡᠳᠦᠨ ᠮᠠᠯ ᠳ᠋ᠤᠷ ᠰᠣᠬᠣᠷ ᠳᠣᠭᠣᠯᠠᠩ ᠪᠠᠶ᠋ᠢᠨ᠎ᠠ ‍ᠤᠤ ᠭᠡᠮᠡᠨ ᠠᠰᠠᠭᠤᠭᠠᠳ ᠂
ᠬᠡᠷᠡᠯᠳᠦᠵᠦ ᠮᠢᠨᠦ ᠴᠢᠨᠦ ᠶᠠᠷᠰᠢᠭ ᠭᠡᠮᠡᠨ ᠴᠤᠤᠭᠢᠯᠳᠤᠨ ᠂
ᠬᠡᠳᠡᠷ ᠪᠯᠠᠮ᠎ᠡ ᠠᠭᠤᠷᠯᠠᠨ᠎ᠠ ᠬᠦᠷᠭᠡ ᠬᠦᠷᠭᠡ ᠬᠡᠮᠡᠵᠦᠬᠦᠢ᠃

ᠭᠠᠶ᠋ᠢᠲᠤ ᠡᠪᠡᠳᠴᠢᠨ ᠲᠠᠭᠠᠷᠠᠵᠤ ᠬᠠᠮᠤᠭ ᠶᠠᠭᠤᠮ᠎ᠠ ᠪᠠᠷᠠᠪᠠ ᠂
ᠭᠠᠰᠠᠯᠠᠯᠴᠠᠨ ᠠᠪᠠ ᠬᠦᠷᠦᠭᠡ ᠬᠤᠯᠠᠭᠠᠢ ᠬᠤᠳᠠᠯ ᠦᠢᠯᠡᠳᠦᠨ ᠂
ᠭᠠᠰᠠᠯᠠᠩᠲᠤ ᠦᠢᠯᠡ ᠶ᠋ᠢᠨ ᠨᠢᠭᠦᠯ ᠪᠠᠰᠠ ᠳᠠᠬᠢᠨ ᠰᠡᠯᠪᠢᠵᠦ ᠂
ᠭᠠᠯᠲᠤᠷᠢᠬᠤ ᠭᠠᠵᠠᠷ ᠦᠭᠡᠢ ᠭᠠᠯ ᠳ᠋ᠤᠷ ᠪᠠᠶ᠋ᠢᠨ᠎ᠠ ᠰᠢᠦ ᠬᠠᠶ᠋ᠢᠷᠠᠬᠠᠨ ᠃

ᠰᠠᠨᠳᠤᠷᠬᠤ ᠵᠣᠪᠠᠯᠠᠩ ᠢ᠋ᠶ᠋ᠠᠷ ᠰᠢᠬᠠᠭᠳᠠᠵᠤ ᠪᠣᠯᠪᠠᠰᠤ ᠂
ᠰᠠᠬᠢᠯ ᠪᠦᠬᠦᠢ ᠪᠯᠠᠮ᠎ᠡ ᠪᠦᠬᠦᠨ ᠊ᠢ ᠪᠠᠭᠰᠢ ᠪᠣᠯᠭᠠᠨ ᠵᠠᠯᠪᠠᠷᠢᠮᠤᠢ ᠂
ᠰᠠᠭᠠᠳ ᠦᠭᠡᠢ ᠡᠩᠬᠡ ᠮᠡᠨᠳᠦ ᠵᠢᠷᠭᠠᠯᠠᠩ ᠲᠠᠢ ᠪᠣᠯᠪᠠᠰᠤ ᠂
ᠰᠠᠢᠬᠢ ᠲᠤᠶ᠋ᠢᠮᠤᠬ ᠡᠨᠡ ᠮᠤᠬᠤᠷ ᠬᠡᠮᠡᠯᠳᠦᠵᠦ ᠭᠣᠯᠣᠮᠤᠢ ᠃

ᠡᠮᠭᠡᠨᠢᠵᠦ ᠵᠣᠪᠠᠪᠠᠰᠤ ᠰᠦᠰᠦᠭ ᠶᠡᠬᠡ ᠳᠤᠷᠠᠲᠠᠢ ᠂
ᠡᠩᠬᠡ ᠠᠮᠤᠷ ᠵᠢᠷᠭᠠᠪᠠᠰᠤ ᠠᠳᠠᠭ ᠮᠠᠭᠤ ᠴᠢᠨᠠᠷ ᠲᠠᠢ ᠂
ᠡᠭᠡᠯ ᠪᠠᠯᠠᠢ ᠲᠥᠭᠡᠷᠢᠭᠰᠡᠨ ᠡᠨᠡ ᠴᠥᠪ ᠦ᠋ᠨ ᠠᠷᠠᠳ ᠲᠤᠷ ᠂
ᠡᠨᠡ ᠬᠠᠷ᠎ᠠ ᠲᠣᠯᠣᠭᠠᠢ ᠠᠨᠤ ᠳᠡᠮᠡᠢ ᠬᠡᠷᠡᠭ ᠦᠭᠡᠢ ᠯᠡ᠃

ᠡᠨᠡ ᠮᠡᠲᠦ ᠪᠡᠶ᠎ᠡ ᠶ᠋ᠢ ᠣᠯᠵᠤ ᠡᠳ᠋ᠯᠡᠬᠦ ᠦᠭᠡᠢ ᠪᠣᠯᠪᠠᠰᠤ ᠂
ᠡᠷᠳᠡᠨᠢᠰ ᠊ᠢ ᠬᠤᠷᠢᠶᠠᠪᠠᠴᠤ ᠪᠤᠰᠤᠳ ᠬᠥᠮᠦᠨ ᠡᠲᠯᠡᠮᠦᠢ ᠂
ᠡᠳ᠋ ᠮᠠᠯ ᠊ᠢ ᠬᠤᠷᠢᠶᠠᠪᠠᠴᠤ ᠨᠣᠬᠠᠢ ᠰᠢᠪᠠᠭᠤᠨ ᠢᠳᠡᠰᠢ ᠂
ᠡᠴᠦᠰ ᠲᠡᠭᠡᠨ ᠰᠠᠢᠬᠢ ᠶᠡᠬᠡ ᠣᠷᠴᠢᠯᠠᠩ ᠬᠣᠭᠣᠰᠣᠨ᠃

ᠪᠤᠶᠠᠨ ᠨᠣᠮ ᠤ᠋ᠨ ᠦᠢᠯᠡᠰ ᠳᠡᠭᠡᠷ᠎ᠡ ᠰᠢᠨᠵᠢᠯᠡᠵᠦ ᠦᠵᠡᠪᠡᠯ ᠂
ᠪᠤᠯᠠᠩᠭᠢᠷᠲᠤ ᠤᠰᠤᠨ ᠬᠢᠭᠡᠳ ᠰᠢᠷᠣᠢ ᠴᠤ᠌ ᠬᠠᠶ᠋ᠢᠷᠠᠲᠠᠢ ᠂
ᠪᠤᠷᠤᠭᠤ ᠨᠢᠭᠦᠯ ᠦᠢᠯᠡᠳᠬᠦᠢ ᠳ᠋ᠦ᠍ᠷ ᠡᠨᠡ ᠪᠡᠶ᠎ᠡ ᠲᠡᠷᠢᠭᠦᠯᠡᠨ ᠂
ᠪᠣᠳᠠᠲᠠᠶ᠎ᠠ ᠠᠯᠲᠠ ᠮᠥᠩᠭᠥ ᠳᠡᠮᠡᠢ ᠬᠠᠶ᠋ᠢᠷᠠᠨ ᠦᠭᠡᠢ ᠯᠡ ᠃

ᠠᠷᠢᠭᠤᠨ ᠡᠷᠲᠡ ᠶ᠋ᠢᠨ ᠥᠭᠯᠢᠭᠡ ᠪᠡᠷ ᠤᠴᠠᠷᠠᠭᠰᠠᠨ ᠬᠡᠰᠢᠭ ᠊ᠢ ᠂
ᠠᠴᠢ ᠲᠡᠭᠦᠰ ᠪᠤᠶᠠᠨ ᠨᠣᠮ ᠳ᠋ᠤᠷ ᠵᠠᠷᠤᠪᠠᠰᠤ ᠵᠣᠬᠢᠰᠲᠠᠢ ᠂
ᠠᠳᠠᠭᠯᠠᠪᠠᠰᠤ ᠡᠨᠡ ᠪᠡᠶ᠎ᠡ ᠡᠳ᠋ᠯᠡᠬᠦ ᠦᠭᠡᠢ ᠨᠢᠭᠡᠨ ᠵᠦᠢᠯ ᠂
ᠠᠪᠳᠠᠷᠠᠯᠠᠭᠠᠳ ᠬᠠᠷᠠᠮᠨᠠᠵᠤ ᠦᠬᠦᠬᠦ ᠢᠨᠤ ᠭᠤᠲᠤᠮᠰᠢᠭ᠃

ᠠᠮᠢ ᠪᠡᠶ᠎ᠡ ᠢᠯᠡᠭᠦᠴᠡ ᠬᠤᠪᠢ ᠦᠭᠡᠢ ᠵᠠᠷᠢᠮ ᠦ᠋ᠳ ᠂
ᠠᠴᠢ ᠦᠷ᠎ᠡ ᠬᠥᠪᠡᠭᠦᠨ ᠳ᠋ᠦ᠍ᠷ ᠦᠭᠭᠦᠮᠦᠢ᠎ᠡ ᠬᠡᠮᠡᠮᠦᠢ ᠂
ᠠᠪᠤ ᠡᠵᠢ ᠪᠡᠶ᠎ᠡ ᠶ᠋ᠢ ᠢᠨᠤ ᠲᠥᠷᠥᠬᠦ ᠦᠨᠡᠨ ᠪᠣᠯᠪᠠᠴᠤ᠂
ᠠᠯᠤᠰ ᠬᠣᠶ᠋ᠢᠲᠤ ᠶ᠋ᠢᠨ ᠦᠢᠯᠡ ᠶ᠋ᠢ ᠢᠨᠤ ᠵᠠᠰᠠᠬᠤ ᠦᠨᠡᠨ ᠪᠡᠷᠬᠡ ᠯᠡ᠃

ᠥᠪᠡᠷᠦᠨ ᠪᠡᠶ᠎ᠡ ᠶ᠋ᠢᠨ ᠪᠤᠶᠠᠨ ᠢ᠋ᠶ᠋ᠠᠷ ᠤᠴᠠᠷᠠᠭᠰᠠᠨ ᠬᠡᠰᠢᠭ ᠊ᠢ ᠂
ᠥᠪᠡᠷ ᠢ᠋ᠶ᠋ᠡᠨ ᠡᠳ᠋ᠯᠡᠬᠦᠢ ᠳ᠋ᠦ᠍ᠷ ᠦᠨᠡᠨ ᠪᠡᠷᠬᠡ ᠪᠠᠶ᠋ᠢᠲᠠᠯ᠎ᠠ ᠂
ᠥᠭᠡᠷ᠎ᠡ ᠪᠤᠰᠤᠳ ᠲᠤᠷ ᠦᠯᠡᠳᠡᠭᠡᠵᠦ ᠡᠳ᠋ᠯᠡᠬᠦᠢ ᠶ᠋ᠢ ᠰᠡᠳᠬᠢᠭᠴᠢ ᠂
ᠦᠨᠳᠦᠰᠦᠯᠡᠭᠰᠡᠨ ᠮᠥᠩᠬᠡ ᠪᠠᠶᠠᠨ ᠴᠤᠯᠤ ᠲᠡᠨᠡᠭ ᠠᠵᠤᠭᠤ᠃

ᠡᠨᠳᠡᠭᠦᠷᠡᠯ ᠪᠣᠯᠬᠤᠢ ᠶ᠋ᠢ ᠠᠨᠤ ᠤᠬᠠᠭᠠᠨᠲᠠᠨ ᠮᠡᠳᠡᠯᠲᠡᠢ ᠂
ᠡᠷᠲᠡᠬᠡᠨ ᠢ᠋ᠶ᠋ᠡᠷ ᠪᠤᠶᠠᠨ ᠨᠣᠮ ᠳ᠋ᠤᠷ ᠵᠠᠷᠤᠪᠠᠰᠤ ᠬᠣᠨᠵᠢᠮᠤᠢ ᠂
ᠡᠯᠪᠡᠭ ᠪᠤᠶᠠᠨ ᠪᠣᠯᠪᠠᠴᠤ ᠪᠠᠷ ᠡᠳ᠋ᠯᠡᠬᠦ ᠦᠭᠡᠢ ᠪᠥᠭᠡᠰᠦ ᠂
ᠡᠭᠡᠯ ᠶᠠᠳᠠᠭᠤ ᠦᠭᠡᠢ ᠢᠨᠤ ᠱᠠᠭᠠᠷᠳᠠᠬᠤ ᠠᠵᠤᠭᠤ᠃

ᠭᠡᠨᠡᠮᠵᠢᠯᠡᠨ ᠥᠪᠡᠷ ᠢ᠋ᠶ᠋ᠡᠨ ᠪᠤᠶᠠᠨ ᠰᠢᠲᠦᠬᠦ ᠪᠠᠶ᠋ᠢᠲᠤᠭᠠᠢ ᠂
ᠬᠡᠶ᠋ᠢᠳ ᠰᠦᠮ᠎ᠡ ᠶ᠋ᠢᠨ ᠳᠠᠮᠵᠠ ᠨᠡᠮᠡᠷᠢ ᠮᠠᠨᠵᠠ ᠷᠠᠴᠠ ᠭᠡᠬᠦᠯ᠎ᠡ ᠂
ᠬᠡᠯᠪᠡᠯᠵᠡᠨ ᠲᠤᠯᠬᠢᠷᠠᠵᠦ ᠡᠯᠳᠡᠪ ᠢ᠋ᠶ᠋ᠡᠷ ᠰᠢᠯᠲᠠᠭᠯᠠᠨ ᠂
ᠬᠡᠵᠢᠶᠡᠳᠡ ᠰᠢᠨᠠᠯᠭᠠᠳᠠᠭ ᠭᠠᠶ᠋ᠢᠲᠤ ᠰᠦᠮ᠎ᠡ ᠬᠡᠮᠡᠮᠦᠢ᠃

ᠪᠠᠰᠠ ᠵᠠᠷᠢᠮ ᠦᠨᠡᠨ ᠴᠢᠩᠳᠠ ᠰᠦᠰᠦᠭ ᠳᠤᠷ᠎ᠠ ᠦᠭᠡᠢ ᠪᠡᠷ ᠂
ᠪᠠᠶᠠᠨ ᠭᠡᠮᠡᠨ ᠠᠯᠳᠠᠷᠰᠢᠭᠰᠠᠨ ᠨᠡᠷ᠎ᠡ ᠳ᠋ᠡᠭᠡᠨ ᠢᠴᠢᠵᠦ ᠂
ᠪᠠᠭ᠎ᠠ ᠰᠠᠭ᠎ᠠ ᠪᠤᠶᠠᠨ ᠨᠣᠮ ᠊ᠢ ᠦᠨᠡᠷᠬᠡᠵᠦ ᠦᠢᠯᠡᠳᠦᠨ ᠂
ᠪᠠᠲᠤ ᠶᠡᠬᠡ ᠪᠤᠶᠠᠨ ᠢ᠋ᠶ᠋ᠠᠨ ᠴᠢᠨᠠᠷ ᠪᠠᠭ᠎ᠠ ᠪᠣᠯᠭᠠᠮᠤᠢ᠃

ᠴᠢᠩᠳᠠ ᠪᠤᠶᠠᠨ ᠦᠢᠯᠡᠳᠬᠦᠢ ᠳ᠋ᠦ᠍ᠷ ᠢᠰᠢᠭᠡ ᠬᠠᠶ᠋ᠢᠷᠠᠲᠠᠢ ᠪᠣᠯᠪᠠᠴᠤ ᠂
ᠴᠢᠨᠣ᠎ᠠ ᠨᠣᠬᠠᠢ ᠢᠳᠡᠬᠦᠢ ᠳ᠋ᠦ᠍ᠷ ᠪᠤᠯᠲᠤ ᠡᠵᠡᠨ ᠦᠭᠡᠢ ᠯᠡ ᠂
ᠴᠢᠳᠠᠯ ᠦᠭᠡᠢ ᠳᠡᠭᠡᠷ᠎ᠡ ᠪᠠᠰᠠ ᠴᠢᠨᠠᠷ ᠦᠭᠡᠢ ᠰᠡᠳᠬᠢᠯ ᠪᠠᠶ᠋ᠢᠨ ᠂
ᠴᠢᠩᠭᠠᠯᠠᠵᠤ ᠵᠠᠰᠠᠯᠲᠠᠢ᠎ᠡ ᠬᠥᠮᠦᠨ ᠦ᠌ ᠨᠡᠷ᠎ᠡ ᠶ᠋ᠢ ᠵᠡᠭᠦᠭᠴᠢᠳ ᠃

ᠪᠤᠶᠠᠨ ᠢ᠋ᠶ᠋ᠠᠷ ᠣᠯᠤᠭᠰᠠᠨ ᠊ᠢ ᠪᠤᠶᠠᠨ ᠵᠦᠭ ᠲᠦ᠍ᠷ ᠵᠠᠷᠤᠪᠠᠯ ᠂
ᠪᠤᠰᠠᠨᠢᠵᠤ ᠬᠠᠰᠤᠭᠳᠠᠬᠤ ᠶᠣᠭᠲᠠ ᠦᠭᠡᠢ ᠴᠢᠨᠠᠷ ᠪᠣᠢ ᠂
ᠪᠤᠷᠤᠭᠤᠯᠠᠵᠤ ᠬᠠᠷᠠᠮᠨᠠᠵᠤ ᠠᠷᠪᠢᠵᠢᠪᠠᠢ ᠬᠡᠮᠡᠭᠴᠢ ᠂
ᠪᠤᠴᠠᠯᠤᠭᠰᠠᠨ ᠳᠦᠷᠢ ᠪᠡᠷ ᠰᠢᠷᠭᠢᠬᠦ ᠲᠡᠮᠳᠡᠭ ᠲᠡᠷᠡ ᠰᠢᠦ ᠃

ᠠᠶ᠎ᠠ ᠭᠤᠷᠪᠠᠨ ᠡᠷᠳᠡᠨᠢ ᠪᠡᠷ ᠮᠢᠨᠢ ᠡᠨᠡ ᠴᠥᠪ ᠦ᠋ᠨ ᠬᠥᠮᠦᠨ ᠳ᠋ᠦ᠍ᠷ ᠂
ᠠᠷᠪᠠᠨ ᠶᠡᠬᠡ ᠨᠢᠭᠦᠯ ᠳ᠋ᠡᠭᠡᠨ ᠰᠢᠨᠤᠬᠠᠶ᠋ᠢᠷᠠᠨ ᠬᠡᠲᠦᠷᠡᠭᠡᠳ ᠂
ᠠᠪᠤ ᠶ᠋ᠢᠨ ᠬᠡᠰᠢᠭ ᠪᠠᠭᠠᠳᠠᠭᠠᠳ ᠠᠷᠪᠢᠯᠠᠬᠤ ᠶ᠋ᠢ ᠰᠠᠨᠠᠵᠤ ᠂
ᠠᠪᠠ ᠬᠦᠷᠦᠭᠡ ᠰᠦᠷᠲᠦ ᠴᠢᠩᠭ᠎ᠠ ᠬᠦᠨᠳᠦ ᠨᠢᠭᠦᠯ ᠦᠢᠯᠡᠳᠦᠨ᠎ᠡ ᠃

ᠨᠢᠭᠡᠨ ᠲᠠᠤᠯᠠᠢ ᠠᠯᠠᠪᠠᠰᠤ ᠲᠠᠪᠢᠨ ᠵᠣᠭᠣᠰ ᠪᠣᠯᠪᠠᠴᠤ᠂
ᠨᠢᠭᠦᠯ ᠢᠨᠤ ᠠᠷᠪᠢᠵᠢᠬᠤᠢ ᠳ᠋ᠤᠷ ᠲᠦᠮᠡᠨ ᠲᠥᠷᠥᠯ ᠦ᠋ᠨ ᠬᠣᠬᠢᠷᠠᠯ ᠂
ᠨᠢᠭᠡᠨ ᠦᠨᠡᠭᠡ ᠠᠯᠠᠬᠤᠢ ᠳ᠋ᠤᠷ ᠮᠢᠩᠭᠠᠨ ᠵᠣᠭᠣᠰ ᠪᠣᠯᠪᠠᠴᠤ᠂
ᠨᠢᠭᠡᠨ ᠨᠠᠰᠤᠨ ᠲᠡᠵᠢᠭᠡᠯ ᠳ᠋ᠦ᠍ᠷ ᠬᠣᠣᠷ ᠪᠣᠯᠵᠤ ᠴᠢᠳᠠᠮᠤᠢ᠃

ᠦᠵᠡᠯ ᠳᠡᠭᠡᠷ᠎ᠡ ᠮᠢᠩᠭᠠᠨ ᠵᠣᠭᠣᠰ ᠣᠯᠤᠭᠰᠠᠨ ᠮᠡᠲᠦ ᠪᠣᠯᠪᠠᠴᠤ᠂
ᠦᠢᠯᠡ ᠶ᠋ᠢᠨ ᠦᠷ᠎ᠡ ᠶ᠋ᠢ ᠢᠯᠭᠠᠬᠤ᠊ᠢ ᠳ᠋ᠤᠷ ᠲᠦᠮᠡᠨ ᠯᠠᠩ ᠤ᠋ᠨ ᠭᠠᠷᠤᠵᠠ ᠂
ᠦᠳᠲᠡᠷ ᠵᠠᠭᠤᠷ᠎ᠠ ᠵᠠᠷᠤᠬᠤ᠊ᠢ ᠳ᠋ᠤᠷ ᠵᠣᠭᠣᠰ ᠮᠡᠲᠦ ᠪᠣᠯᠪᠠᠴᠤ᠂
ᠦᠬᠦᠬᠦᠶ᠎ᠡ ᠰᠦᠨᠡᠰᠦᠨ ᠳ᠋ᠦ᠍ᠷ ᠡᠷᠯᠢᠭ ᠢᠨᠤ ᠲᠡᠷᠡ ᠪᠣᠢ᠃

ᠵᠠᠯᠢᠬᠠᠢ ᠪᠠ ᠪᠠᠯᠠᠢ ᠪᠠᠷ ᠴᠠᠯᠴᠢᠯᠠᠬᠰᠠᠨ ᠦᠭᠡᠰ ᠲᠣᠷ ᠂
ᠵᠠᠰᠠᠭ ᠬᠢᠭᠡᠳ ᠲᠠᠶ᠋ᠢᠵᠢ ᠨᠣᠶᠠᠳ ᠲᠦᠰᠢᠮᠡᠳ ᠪᠠ ᠡᠯᠴᠢ ᠨᠠᠷ ᠂
ᠵᠠᠰᠠᠷᠠᠵᠤ ᠲᠤᠯᠢᠤᠠᠬᠤᠢ ᠶ᠋ᠢ ᠲᠠᠭᠠᠯᠠᠯ ᠢ᠋ᠶ᠋ᠠᠷ ᠪᠣᠯᠲᠤᠭᠠᠢ ᠂
ᠵᠠᠩᠭᠤᠷᠠᠵᠤ ᠬᠢᠯᠢᠩᠯᠡᠬᠦᠢ ᠪᠦᠬᠦᠨ ᠡᠴᠡ ᠭᠤᠶᠤᠶ᠎ᠠ ᠃

ᠠᠮᠢᠯᠠᠭᠤᠯᠵᠤ ᠪᠢᠴᠢᠭᠰᠡᠨ ᠨᠢ᠄ ᠥᠯᠵᠡᠢᠪᠠᠭᠠᠲᠤᠷ
ᠬᠢᠨᠠᠵᠤ ᠦᠵᠡᠭᠰᠡᠨ ᠨᠢ᠄ ᠰᠡᠬᠡᠭᠡᠷᠡᠯ