ᠲᠣᠬᠤᠨᠲᠡᠮᠦᠷ ᠤᠬᠠᠭᠠᠨᠲᠤ ᠬᠠᠭᠠᠨ (10) - ᠬᠦᠴᠢᠬᠡᠨ Тохонтөмөр ухаант хаан(10)- Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (10) - ᠬᠦᠴᠢᠬᠡᠨ Тохонтөмөр ухаант хаан(10)- Хүчхэн

ᠲᠣᠬᠤᠨᠲᠡᠮᠦᠷ ᠤᠬᠠᠭᠠᠨᠲᠤ ᠬᠠᠭᠠᠨ (10) - ᠬᠦᠴᠢᠬᠡᠨ Тохонтөмөр ухаант хаан(10)- Хүчхэн

ᠠᠩᠭᠢᠯᠠᠯ:ᠲᠡᠦᠬᠡ ᠰᠣᠶᠣᠯ
2023-04-08

305

ᠲᠣᠬᠤᠨᠲᠡᠮᠦᠷ ᠤᠬᠠᠭᠠᠨᠲᠤ ᠬᠠᠭᠠᠨ – 10

                        ᠠᠷᠪᠠᠳᠤᠭᠠᠷ ᠪᠦᠯᠦᠭ   
          ᠶᠢᠦ ᠶᠠᠨ ᠤ᠋ ᠭᠠᠵᠠᠷ ᠢ᠋ ᠡᠪᠬᠡᠵᠦ ᠬᠤᠷᠢᠶᠠᠬᠤ ᠪᠠᠷ ᠯᠢᠦ ᠹᠦ ᠲᠦᠩ ᠶᠡᠬᠡᠳᠡ ᠰᠠᠭᠰᠠᠭᠤᠷᠠᠪᠠᠢ  
          ᠢᠦᠢ ᠯᠦ᠍ ᠶ᠋ᠢᠨ ᠣᠷᠣᠨ ᠢ᠋ ᠡᠭᠡᠭᠦᠯᠦᠨ ᠠᠪᠤᠭᠠᠳ ᠴᠠᠭᠠᠨᠲᠡᠮᠦᠷ ᠠᠯᠳᠠᠷ ᠢ᠋ᠶ᠋ᠠᠨ ᠳᠠᠭᠤᠷᠢᠰᠬᠠᠪᠠᠢ  

     ᠥᠭᠦᠯᠡᠬᠦ ᠢᠨᠦ ᠂ ᠯᠢᠦ ᠹᠦ ᠲᠦᠩ ᠦ᠋ᠨ ᠤᠳᠤᠷᠢᠳᠤᠭᠰᠠᠨ ᠤᠯᠠᠭᠠᠨ ᠠᠯᠴᠢᠭᠤᠷᠲᠠᠨ ᠴᠡᠷᠢᠭ ᠶᠢᠩᠵᠧᠦ ᠎ᠡᠴᠡ ᠤᠬᠤᠷᠢᠨ ᠭᠠᠷᠤᠭᠰᠠᠨ ᠤ᠋ ᠬᠣᠢᠨ᠎ᠠ ᠡᠮᠦᠨᠡᠰᠢ ᠣᠷᠣᠵᠤ ᠴᠡᠷᠢᠭ ᠲᠡᠢᠨ ᠦ᠌ ᠴᠢᠬᠤᠯᠠ ᠰᠠᠭᠤᠷᠢᠨ ᠪᠣᠯᠤᠭᠰᠠᠨ ᠵᠣ᠌ ᠭᠣᠣ ᠵᠸᠨ ᠪᠠᠯᠭᠠᠰᠤᠨ ᠢ᠋ ᠪᠠᠢᠯᠳᠤᠨ ᠠᠪᠤᠪᠠ ᠃ 
      ᠵᠣ᠌ ᠭᠣᠣ ᠵᠸᠨ ᠪᠠᠯᠭᠠᠰᠤᠨ ᠪᠣᠯ ᠬᠤᠸᠠᠢ ᠾᠧ ᠭᠣᠣᠯ ᠪᠣᠯᠤᠨ ᠱᠢ ᠾᠧ ᠭᠣᠣᠯ ᠤ᠋ᠨ ᠠᠭᠤᠯᠵᠠᠷ ᠲᠤ᠌ ᠪᠠᠢᠭ᠎ᠠ ᠪᠥᠭᠡᠳ ᠾᠧᠨᠠᠨ ᠬᠤᠪᠢᠶᠠᠷᠢ ᠮᠣᠵᠢ ᠬᠢᠭᠡᠳ ᠬᠤ᠌ ᠭᠤᠸᠠᠩ ᠬᠤᠪᠢᠶᠠᠷᠢ ᠮᠣᠵᠢ ᠶ᠋ᠢᠨ ᠵᠠᠭᠠᠭ ᠳᠡᠭᠡᠷ᠎ᠡ ᠪᠠᠢᠳᠠᠭ ᠃ ᠡᠨᠳᠡ ᠶᠤᠸᠠᠨ ᠤ᠋ ᠳᠦᠷᠦ᠎ᠡᠴᠡ ᠪᠠᠢᠭᠤᠯᠤᠭᠰᠠᠨ ᠠᠮᠤ ᠪᠤᠳᠠᠭᠠᠨ ᠤ᠋ ᠨᠢᠭᠡᠨ ᠲᠣᠮᠣ ᠬᠥᠮᠥᠷᠭᠡ ᠪᠠᠢᠮᠤᠢ ᠃ ᠯᠢᠦ ᠹᠦ ᠲᠦᠩ ᠡᠨᠡ ᠬᠥᠮᠥᠷᠭᠡ ᠶ᠋ᠢ ᠡᠵᠡᠯᠡᠭᠰᠡᠨ ᠨᠢ ᠬᠡᠳᠦᠨ ᠠᠷᠪᠠᠨ ᠲᠦᠮᠡᠨ ᠭᠠᠴᠢᠭᠳᠠᠭᠰᠠᠨ ᠠᠷᠠᠳ ᠢ᠋ ᠠᠪᠤᠷᠠᠨ ᠲᠡᠩᠬᠡᠷᠡᠭᠦᠯᠵᠦ ᠂ ᠪᠣᠰᠤᠯᠭ᠎ᠠ ᠶ᠋ᠢᠨ ᠴᠡᠷᠢᠭ ᠦ᠋ᠨ ᠰᠦᠷ ᠬᠦᠴᠦᠨ ᠦᠳᠲᠡᠷ ᠨᠡᠮᠡᠭᠳᠡᠭᠡᠳ ᠠᠷᠪᠠᠭᠠᠳ ᠲᠦᠮᠡᠨ ᠬᠥᠮᠦᠨ ᠪᠣᠯᠵᠤ ᠬᠥᠭᠵᠢᠪᠡ ᠃       
       ᠯᠢᠦ ᠹᠦ ᠲᠦᠩ ᠪᠣᠰᠤᠯᠭ᠎ᠠ ᠶ᠋ᠢᠨ ᠴᠡᠷᠢᠭ ᠢ᠋ᠶ᠋ᠡᠨ ᠤᠳᠤᠷᠢᠳᠴᠤ ᠬᠠᠲᠤᠨ ᠭᠣᠣᠯ ᠤ᠋ᠨ ᠠᠷᠤ ᠥᠪᠥᠷ ᠢ᠋ᠶ᠋ᠡᠷ ᠪᠠᠢᠯᠳᠤᠵᠤ ᠾᠧᠨᠠᠨ ᠂ ᠱᠠᠨ ᠰᠢ ᠂ ᠱᠠᠨᠰᠢ ᠶ᠋ᠢᠨ ᠵᠧᠦ ᠰᠢᠶᠠᠨ ᠢ᠋ ᠡᠵᠡᠯᠡᠨ ᠢᠯᠠᠯᠲᠠ ᠲᠠᠢ ᠪᠠᠷ ᠤᠷᠤᠭᠰᠢᠯᠠᠵᠤ ᠪᠠᠢᠲᠠᠯ᠎ᠠ ᠪᠠᠢ ᠯᠦ᠍ ᠵᠤᠸᠠᠩ ᠤ᠋ᠨ ᠬᠤᠪᠢᠰᠤᠯ ᠤ᠋ᠨ ᠦᠶ᠎ᠡ ᠳ᠋ᠦ᠍ ᠳᠤᠲᠠᠭᠠᠵᠤ ᠶᠠᠪᠤᠭᠰᠠᠨ ᠬᠠᠨ ᠱᠠᠨ ᠲᠦᠩ ᠦ᠋ᠨ ᠡᠬᠡᠨᠡᠷ ᠶᠠᠩ ᠣᠪᠣᠭᠲᠤ ᠬᠢᠭᠡᠳ ᠬᠥᠪᠡᠭᠦᠨ ᠬᠠᠨ ᠯᠢᠨ ᠡᠯ ᠢ᠋ ᠡᠷᠢᠵᠦ ᠣᠯᠪᠠ ᠃ ᠬᠠᠨ ᠱᠠᠨ ᠲᠦᠩ ᠪᠣᠯ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠦ᠋ᠨ ᠵᠣᠬᠢᠶᠠᠨ ᠪᠠᠢᠭᠤᠯᠤᠭᠴᠢ ᠪᠥᠭᠡᠳ ᠪᠠᠢ ᠯᠢᠶᠠᠨ ᠵᠢᠶᠣᠤ ᠰᠤᠷᠲᠠᠬᠤᠨ ᠤ᠋ ᠲᠦᠷᠦᠭᠦᠦ ᠪᠣᠯᠬᠣᠷ ᠤᠮᠠᠷᠠᠲᠤ ᠣᠷᠣᠨ ᠤ᠋ ᠥᠷᠭᠡᠨ ᠣᠯᠠᠨ ᠤ᠋ ᠳᠤᠮᠳᠠ ᠮᠠᠰᠢ ᠶᠡᠬᠡ ᠨᠡᠷ᠎ᠡ ᠬᠦᠨᠳᠦ ᠲᠡᠢ ᠪᠠᠢᠵᠤ ᠂ ᠠᠩᠬ᠎ᠠ ᠪᠣᠰᠤᠯᠭ᠎ᠠ ᠭᠠᠷᠭᠠᠬᠤ  ᠦᠶ᠎ᠡ ᠳ᠋ᠦ᠍ ᠲᠡᠭᠦᠨ ᠢ᠋ 《 ᠮᠢᠩ ᠸᠠᠩ 》 ᠡᠷᠭᠦᠮᠵᠢᠯᠡᠭᠰᠡᠨ ᠪᠥᠯᠥᠭᠡ ᠃ ᠡᠳᠦᠭᠡ ᠲᠡᠭᠦᠨ ᠦ᠌ ᠬᠥᠪᠡᠭᠦᠨ ᠢ᠋ ᠸᠠᠩ ᠡᠷᠭᠦᠮᠵᠢᠯᠡᠨ ᠣᠯᠠᠨ ᠲᠦᠮᠡᠨ ᠢ᠋ ᠤᠷᠢᠶᠠᠯᠠᠪᠠᠰᠤ ᠪᠣᠰᠤᠯᠭ᠎ᠠ ᠶ᠋ᠢᠨ ᠴᠡᠷᠢᠭ ᠲᠦ᠍ ᠮᠠᠰᠢ ᠶᠡᠬᠡ ᠠᠰᠢᠭᠲᠠᠢ ᠲᠤᠯᠠ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠦ᠋ᠨ ᠲᠦᠷᠦᠭᠦᠦ ᠯᠢᠦ ᠹᠦ ᠲᠦᠩ ᠵᠥᠪᠯᠡᠭᠡᠳ ᠪᠥᠸᠸᠵᠸᠦ ᠳ᠋ᠦ᠍ ᠂ ᠬᠠᠨ ᠯᠢᠨ ᠡᠯ ᠢ᠋ ᠵᠢᠩᠬᠢᠨᠢ ᠪᠡᠷ ᠬᠠᠨ ᠡᠷᠭᠦᠮᠵᠢᠯᠡᠵᠦ 《 ᠰᠢᠶᠣᠤ ᠮᠢᠩ ᠸᠠᠩ 》 ᠬᠡᠮᠡᠭᠡᠳ ᠤᠯᠤᠰ ᠤ᠋ᠨ ᠨᠡᠷ᠎ᠡ ᠶ᠋ᠢ 《 ᠰᠥᠩ 》 ᠂ ᠣᠨ ᠤ᠋ ᠴᠣᠯᠠ ᠶ᠋ᠢ 《 ᠯᠦᠩ ᠹᠧᠩ 》 ᠬᠡᠮᠡᠪᠡ ᠃ 
       ᠲᠣᠬᠤᠨᠲᠡᠮᠦᠷ ᠬᠠᠭᠠᠨ ᠢ᠋ᠶ᠋ᠠᠷ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠪᠥᠸᠸᠵᠸᠦ ᠳ᠋ᠦ᠍ 《 ᠰᠥᠩ 》 ᠤᠯᠤᠰ ᠪᠠᠢᠭᠤᠯᠤᠭᠰᠠᠨ ᠪᠠ 《 ᠶᠢᠤ ᠶᠠᠨ ᠤ᠋ ᠭᠠᠵᠠᠷ ᠢ᠋ ᠡᠪᠬᠡᠨ ᠬᠤᠷᠢᠶᠠᠵᠤ 》 ᠂ 《 ᠶᠡᠬᠡ ᠰᠥᠩ ᠤᠯᠤᠰ ᠤ᠋ᠨ ᠤᠯᠠᠷᠢᠯ ᠢ᠋ ᠨᠡᠭᠡᠭᠡᠬᠦ 》 ᠬᠡᠮᠡᠭᠰᠡᠨ ᠢ᠋ ᠰᠣᠨᠣᠰᠤᠭᠠᠳ ᠲᠡᠷᠡ ᠳᠠᠷᠤᠢ ᠵᠣᠣ ᠪᠢᠴᠢᠭ ᠪᠠᠭᠤᠯᠭᠠᠵᠤ ᠂ ᠰᠧᠴᠤᠸᠠᠨ ᠬᠤᠪᠢᠶᠠᠷᠢ ᠮᠣᠵᠢ ᠶ᠋ᠢᠨ ᠳᠠᠷᠤᠭᠠᠴᠢ ᠨᠣᠶᠠᠨ ᠳᠠᠰᠢᠪᠠᠭᠠᠲᠤᠷ ᠤ᠋ᠨ ᠴᠡᠷᠢᠭ ᠢ᠋ ᠰᠢᠯᠵᠢᠭᠦᠯᠦᠨ ᠠᠪᠴᠢᠷᠠᠵᠤ ᠂ ᠾᠧᠨᠠᠨ ᠬᠤᠪᠢᠶᠠᠷᠢ ᠮᠣᠵᠢ ᠶ᠋ᠢᠨ ᠫᠢᠩ ᠵᠠᠩ ᠲᠦᠰᠢᠮᠡᠯ ᠲᠠᠢᠪᠣᠬ᠎ᠠ ᠯᠤᠭ᠎ᠠ ᠴᠡᠷᠢᠭ ᠨᠡᠢᠯᠡᠵᠦ ᠂ ᠯᠢᠦ ᠹᠦ ᠲᠦᠩ ᠦ᠋ᠨ ᠪᠣᠰᠤᠯᠭ᠎ᠠ ᠶ᠋ᠢᠨ ᠴᠡᠷᠢᠭ ᠢ᠋ ᠪᠦᠰᠡᠯᠡᠨ ᠤᠰᠠᠳᠬ᠎ᠠ ᠭᠡᠮᠡᠨ ᠵᠠᠷᠯᠠᠪᠠ ᠃ 
       ᠳᠠᠰᠢᠪᠠᠭᠠᠲᠤᠷ ᠵᠠᠷᠯᠢᠭ ᠢ᠋ ᠬᠦᠯᠢᠶᠡᠨ ᠠᠪᠤᠮᠠᠭᠴᠠ ᠰᠸᠴᠤᠸᠠᠨ ᠎᠎ᠡᠴᠡ ᠴᠡᠷᠢᠭ ᠢ᠋ᠶ᠋ᠡᠨ ᠳᠠᠢᠴᠢᠯᠠᠨ ᠡᠳᠦᠷᠵᠢᠨ ᠰᠥᠨᠢᠵᠢᠨ ᠠᠶᠠᠯᠠᠵᠤ ᠂ ᠾᠧᠨᠠᠨ ᠤ᠋ ᠬᠢᠵᠠᠭᠠᠷ ᠲᠤ᠌ ᠢᠷᠡᠭᠡᠳ ᠲᠠᠢᠪᠣᠬ᠎ᠠ ᠶ᠋ᠢᠨ ᠴᠡᠷᠢᠭ ᠢ᠋ ᠬᠠᠮᠵᠢᠵᠤ ᠯᠢᠦ ᠹᠦ ᠲᠦᠩ ᠦ᠋ᠨ ᠪᠣᠰᠤᠯᠭ᠎ᠠ ᠶ᠋ᠢᠨ ᠴᠡᠷᠢᠭ ᠢ᠋ ᠪᠦᠰᠡᠯᠡᠨ ᠤᠰᠠᠳᠬᠠᠪᠠ ᠃ ᠯᠢᠦ ᠹᠦ ᠲᠦᠩ ᠡᠮᠦᠨᠡᠬᠢ ᠤᠳᠠᠭᠠᠨ ᠤ᠋ ᠢᠯᠠᠭᠳᠠᠯ᠎ ᠠᠴᠠ ᠰᠤᠷᠭᠠᠮᠵᠢ ᠠᠪᠴᠤ ᠪᠠᠢᠯᠳᠤᠬᠤ ᠠᠷᠭ᠎ᠠ ᠪᠣᠳᠣᠯᠭ᠎ᠠ ᠪᠠᠨ ᠥᠭᠡᠷᠡᠴᠢᠯᠡᠭᠰᠡᠨ ᠲᠤᠯᠠ ᠠᠰ ᠲᠤᠯᠤᠨ ᠪᠠᠢᠯᠳᠤᠭᠰᠠᠨ ᠦᠭᠡᠢ ᠂ ᠬᠠᠷᠢᠨ ᠭᠠᠳᠠᠷ ᠱᠤᠭᠤᠮ ᠢ᠋ᠶ᠋ᠠᠷ ᠳᠠᠭᠠᠷᠢᠯᠲᠠ ᠶᠠᠪᠤᠭᠤᠯᠵᠤ ᠮᠣᠩᠭᠣᠯ ᠴᠡᠷᠢᠭ ᠦ᠋ᠨ ᠪᠦᠰᠡᠯᠡᠨ ᠤᠰᠠᠳᠬᠠᠯᠲᠠ ᠶ᠋ᠢ ᠡᠰᠡᠷᠭᠦᠴᠡᠪᠡ ᠃ ᠲᠡᠷᠡ ᠯᠢ ᠦ ᠂ ᠼᠦᠢ ᠲᠧ ᠶ᠋ᠢ ᠪᠠᠷᠠᠭᠤᠨᠰᠢ ᠢᠯᠡᠭᠡᠵᠦ ᠲᠦᠩᠭᠤᠸᠠᠨ ᠪᠣᠭᠣᠮᠲᠠ ᠶ᠋ᠢ ᠪᠠᠢᠯᠳᠤᠨ ᠭᠤᠸᠠᠨᠵᠦ᠌ᠩ ᠢ᠋ ᠳᠣᠪᠲᠣᠯᠪᠠ ᠃ ᠪᠠᠰᠠ ᠮᠠᠤ ᠬᠦᠢ ᠶ᠋ᠢ ᠵᠡᠭᠦᠨᠰᠢ ᠲᠣᠮᠢᠯᠠᠨ ᠬᠠᠢᠵᠸᠤ ( ᠣᠳᠣ ᠶ᠋ᠢᠨ ᠵᠢᠶᠠᠩᠰᠦ ᠶ᠋ᠢᠨ ᠯᠢᠶᠠᠨ ᠶᠦᠨ ᠭᠠᠩ ᠤ᠋ᠨ ᠪᠠᠷᠠᠭᠤᠨ ᠡᠮᠦᠨ᠎ᠡ ) ᠪᠡᠷ ᠳᠠᠯᠠᠢ ᠶ᠋ᠢ ᠲᠣᠭᠣᠷᠢᠨ ᠭᠠᠷᠤᠭᠠᠳ ᠵᠢᠶᠣᠣᠵᠸᠦ ( ᠣᠳᠣ ᠶ᠋ᠢᠨ ᠱᠠᠨᠳᠦ᠋ᠩ ᠦ᠋ᠨ ᠵᠢᠶᠣᠤ ᠰᠢᠶᠠᠨ ) ᠢ᠋ ᠡᠵᠡᠯᠡᠵᠦ ᠂  ᠱᠠᠨᠳᠦ᠋ᠩ ᠦ᠋ᠨ ᠨᠡᠯᠢᠶᠡᠳ ᠣᠯᠠᠨ ᠵᠧᠦ ᠰᠢᠶᠠᠨ ᠢ᠋ ᠳᠠᠭᠠᠭᠤᠯᠤᠨ ᠠᠪᠤᠪᠠ᠃  ᠲᠤᠬᠤᠨᠳᠡᠮᠤᠷ ᠬᠠᠭᠠᠨ ᠢ᠋ᠶ᠋ᠠᠷ ᠯᠢᠦ ᠹᠦ ᠲᠦᠩ ᠦ᠋ᠨ ᠤᠳᠤᠷᠢᠳᠤᠭᠰᠠᠨ ᠪᠣᠰᠤᠯᠭ᠎ᠠ ᠶ᠋ᠢᠨ ᠴᠡᠷᠢᠭ᠂ ᠮᠣᠩᠭᠣᠯ ᠴᠡᠷᠢᠭ ᠦ᠋ᠨ ᠪᠦᠰᠡᠯᠡᠨ ᠤᠰᠠᠳᠬᠠᠯᠲᠠ ᠶ᠋ᠢ ᠤᠳᠠᠭ᠎ᠠ ᠳᠠᠷᠠᠭ᠎ᠠ ᠪᠠᠷ ᠰᠢᠪᠲᠤᠯᠤᠨ ᠪᠠᠢᠯᠳᠤᠬᠤ ᠲᠤᠲᠤᠮ ᠬᠦᠴᠦᠨ ᠪᠤᠵᠠᠭᠠᠢᠷᠠᠬᠤ ᠶ᠋ᠢ ᠮᠡᠳᠡᠭᠡᠳ ᠤᠮᠠᠷ᠎ᠠ ᠬᠢᠯᠢ ᠶ᠋ᠢ ᠰᠡᠷᠭᠡᠢᠯᠡᠨ ᠰᠠᠭᠤᠭᠰᠠᠨ ᠲᠡᠮᠡᠴᠢ ᠴᠡᠷᠢᠭ ᠦ᠋ᠨ ᠨᠣᠶᠠᠨ ᠯᠢᠦ ᠬᠠᠷᠠᠪᠤᠬ᠎ᠠ ᠶ᠋ᠢ ᠲᠣᠮᠢᠯᠠᠨ ᠢᠷᠡᠭᠦᠯᠵᠦ᠂ ᠲᠠᠢᠪᠤᠬ᠎ᠠ ᠶ᠋ᠢ ᠣᠷᠣᠯᠠᠨ ᠳᠠᠰᠢᠪᠠᠭᠠᠲᠤᠷ ᠤ᠋ᠨ ᠴᠡᠷᠢᠭ ᠢ᠋ ᠬᠠᠮᠵᠢᠨ ᠪᠠᠢᠯᠳᠤᠭᠤᠯᠪᠠ᠃ ᠯᠢᠦ ᠬᠠᠷᠠᠪᠤᠬ᠎ᠠ ᠶ᠋ᠢᠨ ᠵᠠᠬᠢᠷᠤᠭᠰᠠᠨ ᠴᠡᠷᠢᠭ ᠦ᠋ᠨ ᠣᠯᠠᠩᠬᠢ ᠨᠢ ᠵᠦᠩᠶᠤᠸᠠᠨ ᠣᠷᠣᠨ ᠤ᠋ ᠬᠥᠮᠦᠨ ᠪᠣᠯᠬᠣᠷ ᠾᠧᠨᠠᠨ ᠤ᠋ ᠭᠠᠵᠠᠷ ᠤᠰᠤᠨ ᠤ᠋ ᠪᠠᠢᠳᠠᠯ ᠢ᠋ ᠰᠠᠢᠨ ᠮᠡᠳᠡᠳᠡᠭ ᠠᠵᠤᠭᠤ᠃ ᠯᠢᠦ ᠬᠠᠷᠠᠪᠤᠬ᠎ᠠ ᠶᠠᠭᠤᠨ ᠤ᠋ ᠡᠮᠦᠨ᠎ᠡ ᠲᠠᠢᠺᠠᠩ (ᠣᠳᠣ ᠶ᠋ᠢᠨ ᠾᠧᠨᠠᠨ ᠤ᠋ ᠲᠠᠢ ᠺᠠᠩ ) ᠳ᠋ᠤ᠌ ᠡᠭᠦᠷᠯᠡᠭᠰᠡᠨ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠪᠦᠰᠡᠯᠡᠨ ᠤᠰᠠᠳᠬᠠᠵᠤ᠂ ᠴᠡᠷᠢᠭ ᠲᠡᠢᠨ ᠦ᠌ ᠰᠢᠨ᠎ᠡ ᠪᠠᠢᠳᠠᠯ ᠢ᠋ ᠨᠡᠭᠡᠭᠡᠭᠰᠡᠨ ᠪᠠᠢᠪᠠ᠃ ᠳᠠᠰᠢᠪᠠᠭᠠᠲᠣᠷ ᠾᠧᠨᠠᠨ ᠳ᠋ᠠᠬᠢ ᠪᠦᠬᠦ ᠮᠣᠩᠭᠣᠯ ᠴᠡᠷᠢᠭ ᠢ᠋ ᠳᠠᠢᠴᠢᠯᠠᠨ ᠯᠢᠦ ᠬᠠᠷᠠᠪᠤᠬ᠎ᠠ ᠯᠤᠭ᠎ᠠ ᠨᠡᠢᠯᠡᠵᠦ 《ᠶᠡᠬᠡ ᠰᠥᠩ ᠤᠯᠤᠰ 》 ᠤᠨ ᠵᠠᠰᠠᠭ ᠵᠠᠬᠢᠷᠭ᠎ᠠ ᠪᠠᠢᠭ᠎ᠠ  ᠪᠦᠸᠧᠵᠧᠦ ᠬᠣᠲᠠ ᠶ᠋ᠢ ᠢᠷᠡᠵᠦ ᠬᠠᠭᠠᠪᠠ᠃ ᠯᠢᠦ ᠹᠦ ᠲᠦᠩ ᠬᠣᠲᠠ ᠶ᠋ᠢᠨ ᠬᠡᠷᠡᠮ ᠳᠡᠭᠡᠷ᠎ᠡ ᠭᠠᠷᠴᠤ ᠪᠠᠢᠳᠠᠯ ᠢ᠋ ᠠᠵᠢᠭᠯᠠᠪᠠᠰᠤ ᠲᠤᠭ ᠳᠠᠯᠪᠠᠭ᠎ᠠ ᠨᠠᠷᠠᠨ ᠢ᠋ ᠬᠠᠯᠬᠠᠯᠠᠵᠤ᠂ ᠴᠡᠷᠢᠭ ᠪᠠᠢᠯᠳᠤᠭᠴᠢᠳ ᠤ᠋ᠨ ᠬᠠᠰᠬᠢᠷᠤᠯᠳᠤᠬᠤ ᠪᠠ ᠠᠭᠲᠠ ᠮᠣᠷᠢᠳ ᠤ᠋ᠨ ᠢᠨᠴᠠᠭᠠᠬᠤ ᠳᠠᠭᠤᠨ ᠲᠡᠭᠷᠢ ᠲᠤᠤᠭᠠᠷᠤᠨ ᠭᠠᠵᠠᠷ ᠳᠡᠯᠪᠡᠷᠡᠬᠦ ᠮᠡᠲᠦ ᠰᠦᠷ ᠲᠡᠢ᠃ ᠮᠣᠩᠭᠣᠯ ᠮᠣᠷᠢᠲᠤ ᠴᠡᠷᠢᠭ ᠦ᠋ᠨ ᠳᠤᠮᠳᠠ ᠨᠢᠭᠡᠨ ᠥᠨᠳᠥᠷ ᠬᠦᠵᠦᠭᠦᠦ ᠲᠡᠢ᠂ ᠥᠷᠭᠡᠨ ᠴᠡᠭᠡᠵᠢ ᠲᠡᠢ ᠡᠭᠦᠯᠡᠨ ᠴᠣᠬᠣᠷ ᠮᠣᠷᠢ ᠤᠨᠤᠭᠰᠠᠨ ᠬᠥᠮᠦᠨ ᠰᠡᠯᠡᠮ᠎ᠡ ᠡᠷᠭᠢᠭᠦᠯᠦᠨ ᠵᠠᠩᠵᠤᠨ ᠴᠡᠷᠢᠭ ᠢ᠋ ᠵᠠᠬᠢᠷᠤᠮᠤᠢ᠃ ᠯᠢᠦ ᠹᠦ ᠲᠦᠩ ᠬᠡᠮᠡᠭᠴᠢ ᠨᠢᠳᠦᠨ ᠭᠢᠷᠠᠬᠠᠢ ᠬᠥᠮᠦᠨ ᠪᠤᠶᠤ᠃ ᠲᠡᠷᠡ ᠡᠭᠦᠯᠡᠨ ᠴᠣᠬᠣᠷ ᠮᠣᠷᠢ ᠪᠠᠷ ᠨᠢ ᠳᠠᠰᠢᠪᠠᠭᠠᠲᠣᠷ ᠢ᠋ ᠲᠠᠨᠢᠵᠤ ᠭᠠᠷ ᠳᠣᠣᠷᠠᠬᠢ ᠵᠠᠩᠵᠤᠨ ᠪᠠᠢᠯᠳᠤᠭᠴᠢᠳ ᠲᠤ᠌ ᠪᠠᠨ ᠥᠭᠦᠯᠡᠷᠦᠨ᠄ 《ᠮᠣᠩᠭᠣᠯ ᠴᠡᠷᠢᠭ ᠬᠣᠲᠠ ᠶ᠋ᠢ ᠳᠠᠭᠠᠷᠢᠵᠤ ᠡᠬᠢᠯᠡᠪᠡᠰᠦ ᠲᠠᠨᠤᠰ ᠡᠭᠦᠯᠡᠨ ᠴᠣᠬᠣᠷ ᠮᠣᠷᠢ ᠲᠠᠢ ᠲᠡᠷᠡ ᠰᠡᠯᠡᠮ᠎ᠡ ᠪᠠᠷᠢᠭᠰᠠᠨ ᠬᠥᠮᠦᠨ ᠊ᠢ ᠭᠣᠣᠯᠯᠠᠨ ᠬᠠᠷᠪᠤ ! 》 ᠬᠡᠮᠡᠪᠡ ᠃ ᠤᠳᠠᠯ ᠦᠭᠡᠢ ᠫᠤᠤ ᠶ᠋ᠢᠨ ᠳᠠᠭᠤᠨ ᠨᠢᠵᠢᠭᠢᠨᠡᠵᠦ ᠡᠭᠦᠯᠡᠨ ᠱᠠᠲᠤ ᠲᠦᠯᠬᠢᠭᠰᠡᠨ ᠮᠣᠩᠭᠣᠯ ᠮᠣᠷᠢᠲᠤ ᠴᠡᠷᠢᠭ ᠶᠠᠪᠠᠭᠠᠨ ᠴᠡᠷᠢᠭ ᠦ᠋ᠳ ᠬᠡᠷᠡᠮ ᠱᠢᠬᠠᠨ ᠢᠪᠡᠯᠳᠦᠨ ᠢᠷᠡᠪᠡ ᠃ ᠯᠢᠦ ᠹᠦ ᠲᠦᠩ ᠬᠣᠲᠠ ᠶ᠋ᠢᠨ ᠬᠡᠷᠡᠮ ᠳᠡᠭᠡᠷ᠎ᠡ᠎ᠡᠴᠡ ᠲᠤᠭ ᠰᠠᠵᠢᠨ ᠡᠭᠦᠯᠡᠨ ᠴᠣᠬᠣᠷ ᠮᠣᠷᠢ ᠶ᠋ᠢ ᠣᠨᠢᠯᠠᠨ ᠬᠠᠷᠪᠤᠭᠰᠠᠨ᠎ᠠ ᠂ ᠨᠢᠭᠡᠨ ᠵᠡᠷᠯᠢᠭ ᠰᠤᠮᠤ 《 ᠱᠣᠷᠳ᠋ 》 ᠭᠡᠮᠡᠨ ᠨᠢᠰᠴᠦ ᠢᠷᠡᠭᠡᠳ ᠲᠠᠱᠢᠪᠠᠭᠠᠳᠤᠷ ᠤ᠋ᠨ ᠵᠡᠭᠦᠨ ᠮᠥᠷᠥ ᠶ᠋ᠢ ᠣᠨᠣᠪᠠ ᠃ ᠲᠠᠱᠢᠪᠠᠭᠠᠳᠤᠷ 《 ᠠᠶ᠎ᠠ 》 ᠭᠡᠮᠡᠨ ᠳᠠᠭᠤᠨ ᠭᠠᠷᠴᠤ ᠰᠡᠯᠡᠮ᠎ᠡ ᠡᠷᠭᠢᠭᠦᠯᠦᠨ ᠤᠷᠤᠭᠱᠢ ᠳᠣᠪᠲᠣᠯᠤᠨ ᠣᠷᠣᠬᠤᠶ᠎ᠠ ᠪᠠᠰᠠ ᠨᠢᠭᠡᠨ ᠵᠡᠷᠯᠢᠭ ᠰᠤᠮᠤ ᠴᠢᠪ ᠭᠡᠮᠡᠨ ᠪᠠᠷᠠᠭᠤᠨ ᠨᠢᠳᠦᠨ ᠳ᠋ᠦ᠍ᠷ ᠲᠤᠰᠪᠠ ᠃ ᠵᠢᠭᠦᠷ ᠦ᠋ᠨ ᠵᠠᠩᠵᠤᠨ ᠯᠢᠦ ᠬᠠᠷᠠᠪᠣᠬ᠎ᠠ ᠮᠣᠷᠢ ᠳᠠᠪᠬᠢᠭᠤᠯᠤᠨ ᠢᠷᠡᠭᠡᠳ ᠲᠠᠱᠢᠪᠠᠭᠠᠳᠤᠷ ᠢ᠋ ᠱᠢᠭᠦᠷᠡᠨ ᠠᠪᠴᠤ ᠬᠣᠢᠱᠢ ᠪᠤᠴᠠᠪᠠ ᠃ ᠡᠨᠳᠡᠴᠡ ᠪᠦᠸᠸᠵᠸᠦ ᠶ᠋ᠢ ᠳᠠᠭᠠᠷᠢᠬᠤ ᠪᠠᠢᠯᠳᠤᠭᠠᠨ ᠲᠦᠷ ᠵᠣᠭᠰᠣᠪᠠ ᠃ ᠲᠣᠬᠤᠨᠲᠡᠮᠦᠷ ᠬᠠᠭᠠᠨ ᠢ᠋ᠶ᠋ᠠᠷ ᠲᠠᠱᠢᠪᠠᠭᠠᠳᠤᠷ ᠤ᠋ᠨ ᠬᠦᠨᠳᠦ ᠱᠢᠷᠠᠭᠳᠤᠭᠰᠠᠨ ᠴᠢᠮᠡᠭᠡ ᠶ᠋ᠢ ᠰᠣᠨᠣᠰᠤᠭᠠᠳ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠳᠡᠳ᠋ ᠲᠦᠱᠢᠮᠡᠯ ᠲᠠᠷᠮᠠᠱᠢᠷᠢ ᠶ᠋ᠢ ᠾᠧᠨᠠᠨ ᠳ᠋ᠤ᠌ ᠲᠣᠮᠢᠯᠠᠨ ᠢᠷᠡᠭᠦᠯᠵᠦ ᠲᠠᠱᠢᠪᠠᠭᠠᠳᠤᠷ ᠲᠤ᠌ ᠬᠠᠪᠰᠤᠷᠤᠭᠤᠯᠬᠤ ᠪᠠᠷ ᠵᠠᠷᠯᠠᠪᠠ ᠃ ᠭᠡᠲᠡᠯ᠎ᠡ ᠵᠠᠮ ᠵᠠᠭᠤᠷ᠎ᠠ ᠪᠠᠨ ᠳᠠᠢᠰᠤᠨ ᠤ᠋ ᠪᠦᠭᠭᠦᠭᠰᠡᠨ ᠴᠡᠷᠢᠭ ᠲᠦ᠍ ᠴᠣᠬᠢᠭᠳᠠᠭᠠᠳ ᠲᠠᠷᠮᠠᠱᠢᠷᠢ ᠪᠡᠶ᠎ᠡ ᠦᠷᠡᠭᠳᠡᠵᠦ ᠵᠠᠬᠢᠷᠤᠭᠰᠠᠨ ᠴᠡᠷᠢᠭ ᠨᠢ ᠲᠤᠭ ᠦᠭᠡᠢ ᠪᠣᠯᠵᠤ ᠪᠤᠲᠠᠷᠠᠨ ᠰᠠᠷᠨᠢᠪᠠ ᠃ ᠯᠢᠦ ᠹᠦ ᠲᠦᠩ ᠡᠨᠡ ᠬᠦ᠌ ᠵᠠᠪᠱᠢᠶᠠᠨ ᠢ᠋ ᠠᠱᠢᠭᠯᠠᠵᠤ ᠭᠡᠳᠡᠷᠭᠦ ᠳᠠᠭᠠᠷᠢᠯᠲᠠ ᠬᠢᠵᠦ ᠂ ᠼᠣᠣᠵᠸᠦ ( ᠣᠳᠣ ᠶ᠋ᠢᠨ ᠱᠠᠨᠳᠦ᠋ᠩ ᠦ᠋ᠨ ᠾᠧ ᠽᠧ ) ᠂ ᠫᠦᠵᠸᠦ ( ᠣᠳᠣ ᠶ᠋ᠢᠨ ᠱᠠᠨᠳᠦ᠋ᠩ ᠦ᠋ᠨ ᠵᠢᠤᠸᠠᠨᠴᠸᠩ ) ᠂ ᠳ᠋ᠠᠮᠢᠩ ( ᠣᠳᠣ ᠶ᠋ᠢᠨ ᠾᠧᠪᠧᠢ ᠶ᠋ᠢᠨ ᠲᠠ ᠮᠢᠩ ) ᠪᠣᠯᠤᠨ ᠸᠧᠢ ᠾᠦᠢ ( ᠣᠳᠣ ᠶ᠋ᠢᠨ ᠾᠧᠨᠠᠨ ᠤ᠋ ᠾᠦᠢ ᠱᠢᠶᠠᠨ ) ᠵᠡᠷᠭᠡ ᠭᠠᠵᠠᠷ ᠢ᠋ ᠪᠠᠢᠯᠳᠤᠨ ᠠᠪᠴᠤ ᠰᠦᠷ ᠬᠦᠴᠦᠨ ᠨᠡᠩᠳᠡ ᠮᠠᠨᠳᠤᠪᠠ ᠃ ᠲᠠᠱᠢᠪᠠᠭᠠᠳᠤᠷ ᠬᠦᠨᠳᠦ ᠱᠢᠷᠠᠭᠳᠤᠭᠰᠠᠨ ᠪᠣᠯᠪᠠᠴᠤ ᠠᠮᠢ ᠪᠤᠰᠠᠨᠢᠭᠰᠠᠨ ᠦᠭᠡᠢ ᠲᠤᠯᠠ ᠱᠢᠳᠦ ᠵᠠᠭᠤᠨ ᠲᠡᠰᠪᠦᠷᠢᠯᠡᠨ ᠪᠣᠰᠴᠤ ᠮᠣᠩᠭᠣᠯ ᠴᠡᠷᠢᠭ ᠢ᠋ᠶ᠋ᠡᠨ ᠵᠠᠬᠢᠷᠴᠤ ᠪᠦᠬᠦ ᠬᠦᠴᠦᠨ ᠢ᠋ᠶ᠋ᠡᠷ ᠪᠠᠢᠯᠳᠤᠨ ᠠᠯᠳᠠᠭᠰᠠᠨ ᠭᠠᠵᠠᠷ ᠢ᠋ᠶ᠋ᠠᠨ ᠨᠡᠯᠢᠶᠡᠳ ᠢ᠋ ᠡᠭᠡᠭᠦᠯᠦᠨ ᠠᠪᠤᠪᠠ ᠃ ᠭᠡᠪᠡᠴᠦ ᠵᠠᠩᠵᠤᠨ ᠴᠡᠷᠢᠭ ᠮᠠᠰᠢ ᠶᠡᠬᠡ  ᠦᠷᠡᠭᠳᠡᠨ ᠬᠣᠬᠢᠷᠠᠵᠤ ᠦᠷᠭᠦᠯᠵᠢᠯᠡᠨ ᠶᠡᠬᠡ ᠬᠡᠪᠴᠢᠶ᠎ᠡ ᠪᠡᠷ  ᠪᠠᠢᠯᠳᠤᠨ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠪᠦᠷᠢᠮᠦᠰᠦᠨ ᠤᠰᠠᠳᠬᠠᠵᠤ ᠳᠡᠢᠯᠬᠦ ᠦᠭᠡᠢ ᠪᠣᠯᠵᠤ ᠱᠢ ᠼᠦᠨ ᠲᠣᠰᠬᠣᠨ ᠳ᠋ᠤ᠌ ᠤᠬᠤᠷᠢᠨ ᠢᠷᠡᠭᠡᠳ ᠨᠢᠭᠡ ᠲᠠᠯ᠎ᠠ ᠪᠠᠷ ᠰᠢᠷᠬ᠎ᠠ ᠪᠠᠨ ᠰᠤᠪᠢᠯᠠᠵᠤ ᠨᠥᠭᠥᠭᠡ ᠲᠠᠯ᠎ᠠ ᠪᠠᠷ ᠪᠤᠲᠠᠷᠠᠭᠰᠠᠨ ᠴᠡᠷᠢᠭ ᠢ᠋ᠶ᠋ᠡᠨ ᠬᠣᠷᠢᠶᠠᠨ ᠴᠡᠭᠴᠡᠯᠡᠵᠦ ᠂ ᠴᠡᠷᠢᠭ ᠦ᠋ᠨ ᠠᠮᠤ ᠬᠦᠨᠡᠰᠦ ᠪᠡᠯᠡᠳᠬᠡᠨ ᠴᠤᠭᠯᠠᠭᠤᠯᠵᠤ ᠠᠰᠢᠭᠲᠠᠢ ᠲᠣᠬᠢᠶᠠᠯ ᠢ᠋ ᠣᠯᠵᠤ ᠳᠠᠬᠢᠵᠤ ᠪᠠᠢᠯᠳᠤᠬᠤ ᠪᠠᠷ ᠪᠠᠢᠪᠠ ᠃ 
       ᠲᠣᠬᠤᠨᠲᠡᠮᠦᠷ ᠬᠠᠭᠠᠨ ᠢ᠋ᠶ᠋ᠠᠷ ᠳᠠᠰᠢᠪᠠᠭᠠᠲᠤᠷ ᠤ᠋ᠨ ᠴᠡᠷᠢᠭ ᠲᠦ᠍ᠷ ᠲᠤᠯᠭᠠᠷᠠᠭᠰᠠᠨ ᠬᠦᠴᠢᠷᠳᠡᠯᠲᠦ ᠪᠠᠢᠳᠠᠯ ᠢ᠋ ᠭᠦᠢᠴᠡᠳ ᠣᠢᠯᠠᠭᠠᠭᠰᠠᠨ ᠦᠭᠡᠢ ᠲᠤᠯᠠᠳᠠ ᠪᠣᠰᠤᠯᠭ᠎ᠠ ᠶ᠋ᠢᠨ ᠴᠡᠷᠢᠭ ᠯᠦ᠍ᠭᠡ ᠰᠢᠢᠳᠪᠦᠷᠢᠲᠦ ᠪᠠᠢᠯᠳᠤᠭᠠᠨ ᠬᠢᠵᠦ ᠦᠳᠲᠡᠷ ᠲᠦᠷᠭᠡᠨ ᠤᠰᠠᠳᠬ᠎ᠠ ᠭᠡᠮᠡᠨ ᠤᠳᠠᠭ᠎ᠠ ᠳᠠᠷᠠᠭ᠎ᠠ ᠪᠠᠷ ᠵᠠᠷᠯᠢᠭ ᠪᠠᠭᠤᠯᠭᠠᠵᠤ ᠂ ᠪᠠᠰᠠ ᠱᠢ ᠼᠦᠨ ᠲᠣᠰᠬᠣᠨ ᠳ᠋ᠤ᠌ ᠤᠬᠤᠷᠢᠵᠤ ᠣᠴᠢᠭᠠᠳ ᠳᠠᠢᠰᠤᠨ ᠢ᠋ ᠤᠰᠠᠳᠬᠠᠬᠤ ᠠᠰᠢᠲᠠᠢ ᠴᠠᠭ ᠲᠣᠬᠢᠶᠠᠯ ᠢ᠋ ᠠᠯᠳᠠᠪᠠ ᠭᠡᠮᠡᠨ ᠳᠠᠰᠢᠪᠠᠭᠠᠲᠤᠷ ᠢ᠋ ᠴᠢᠩᠭ᠎ᠠ ᠪᠤᠷᠤᠭᠤᠰᠢᠶᠠᠪᠠ ᠃ 
      ᠯᠢᠦ ᠹᠦ ᠲᠦᠩ ᠂ ᠶᠤᠸᠠᠨ ᠤ᠋ ᠬᠠᠭᠠᠨᠲᠤ ᠲᠥᠷᠥ ᠳᠠᠰᠢᠪᠠᠭᠠᠲᠤᠷ ᠤ᠋ᠨ ᠪᠣᠳᠠᠲᠤ ᠪᠠᠢᠳᠠᠯ ᠢ᠋ ᠣᠢᠯᠠᠭᠠᠬᠤ ᠦᠭᠡᠢ ᠪᠡᠷ ᠲᠡᠭᠦᠨ ᠳ᠋ᠦ᠍ ᠳᠤᠷ᠎ᠠ ᠦᠭᠡᠢᠴᠡᠨ ᠰᠡᠵᠢᠭ ᠲᠥᠷᠥᠭᠰᠡᠨ ᠪᠠᠢᠳᠠᠯ ᠢ᠋ ᠲᠡᠩᠨᠡᠵᠦ ᠮᠡᠳᠡᠭᠡᠳ ᠲᠡᠷᠡ ᠳᠠᠷᠤᠢ ᠵᠠᠪᠰᠠᠷᠳᠠᠭᠤᠯᠬᠤ ᠬᠤᠢᠬᠤᠷ ᠠᠷᠭ᠎ᠠ ᠬᠡᠷᠡᠭᠯᠡᠪᠡ ᠃ ᠲᠡᠷᠡ ᠂ ᠳᠠᠰᠢᠪᠠᠭᠠᠲᠤᠷ ᠤ᠋ᠨ ᠨᠡᠷ᠎ᠡ ᠪᠡᠷ ᠤᠯᠠᠭᠠᠨ ᠠᠯᠴᠢᠭᠤᠷᠲᠠᠨ ᠴᠡᠷᠢᠭ ᠲᠦ᠍ 《 ᠪᠠᠭᠤᠵᠤ ᠥᠭᠬᠦ ᠵᠠᠬᠢᠳᠠᠯ 》 ᠬᠡᠮᠡᠬᠦ ᠶᠢ ᠬᠠᠭᠤᠷᠮᠠᠭ ᠢ᠋ᠶ᠋ᠠᠷ ᠵᠣᠬᠢᠶᠠᠵᠤ ᠲᠥᠷᠥ ᠶ᠋ᠢᠨ ᠡᠯᠴᠢᠨ ᠥᠩᠭᠡᠷᠡᠬᠦ ᠵᠠᠮ ᠳᠡᠭᠡᠷ᠎ᠡ ᠬᠠᠶᠠᠪᠠ ᠃ ᠤᠳᠠᠯ ᠦᠭᠡᠢ ᠲᠥᠷᠥ ᠶ᠋ᠢᠨ ᠡᠯᠴᠢᠨ ᠲᠤᠰ ᠵᠠᠬᠢᠳᠠᠯ ᠢ᠋ ᠣᠯᠵᠤ ᠠᠪᠤᠭᠠᠳ ᠳᠡᠭᠡᠭᠰᠢ ᠪᠡᠨ ᠬᠠᠭᠠᠨᠲᠤ ᠲᠥᠷᠥ ᠳ᠋ᠦ᠍ ᠮᠡᠳᠡᠭᠦᠯᠪᠡ ᠃ᠲᠣᠬᠤᠨᠲᠡᠮᠦᠷ ᠬᠠᠭᠠᠨ ᠢ᠋ᠶ᠋ᠠᠷ ᠪᠦᠭᠭᠦᠭᠰᠡᠨ ᠴᠡᠷᠢᠭ ᠲᠦ᠍ ᠬᠣᠣᠷᠯᠠᠭᠳᠠᠭᠰᠠᠨ ᠳᠠᠷᠮᠠᠰᠢᠷᠢ ᠶ᠋ᠢᠨ ᠬᠡᠷᠡᠭ ᠲᠡᠢ ᠬᠣᠯᠪᠣᠨ ᠪᠣᠳᠣᠭᠠᠳ ᠲᠡᠷᠡ ᠳᠠᠷᠤᠢ ᠵᠠᠷᠯᠢᠭ ᠪᠠᠭᠤᠯᠭᠠᠵᠤ ᠳᠠᠰᠢᠪᠠᠭᠠᠲᠤᠷ ᠢ᠋ ᠨᠡᠢᠰᠯᠡᠯ ᠬᠣᠲᠠᠨ᠎ᠠ ᠳᠠᠭᠤᠳᠠᠨ ᠠᠪᠴᠢᠷᠠᠭᠠᠳ ᠶᠠᠯ᠎ᠠ ᠬᠡᠯᠡᠯᠴᠡᠬᠦ ᠪᠡᠷ ᠰᠢᠢᠳᠪᠡ ᠃ ᠳᠠᠰᠢᠪᠠᠭᠠᠲᠤᠷ ᠡᠨᠡ ᠬᠦ᠌ ᠴᠢᠮᠡᠭᠡ ᠶ᠋ᠢ ᠣᠯᠤᠭᠠᠳ ᠬᠢᠯᠢᠰᠳᠡᠭᠰᠡᠨ ᠢ᠋ᠶ᠋ᠡᠨ ᠬᠡᠯᠡᠬᠦ ᠭᠠᠵᠠᠷ ᠦᠭᠡᠢ ᠵᠣᠪᠠᠵᠤ ᠠᠭᠤᠷᠯᠠᠭᠰᠠᠭᠠᠷ ᠪᠠᠢᠭᠠᠳ ᠰᠢᠷᠬ᠎ᠠ ᠠᠨᠤ ᠦᠭᠳᠡᠷᠡᠵᠦ ᠤᠳᠠᠭᠰᠠᠨ ᠦᠭᠡᠢ ᠨᠠᠰᠤ ᠪᠠᠷᠠᠪᠠ ᠃ 
       ᠳᠠᠰᠢᠪᠠᠭᠠᠳᠤᠷ ᠪᠣᠯ ᠮᠣᠩᠭᠣᠯ ᠤ᠋ᠨ ᠰᠠᠯᠵᠢᠭᠤᠳ ᠠᠢᠮᠠᠭ ᠤ᠋ᠨ ᠬᠥᠮᠦᠨ ᠪᠥᠯᠥᠭᠡ ᠃ ᠰᠠᠯᠵᠢᠭᠤᠳ ᠠᠢᠮᠠᠭ ᠤ᠋ᠨ ᠳᠡᠭᠡᠳᠦ ᠪᠣᠯ ᠴᠢᠩᠭᠢᠰ ᠬᠠᠭᠠᠨ ᠤ᠋ ᠳᠣᠯᠣᠳᠤᠭᠠᠷ ᠦᠶ᠎ᠡ ᠶ᠋ᠢᠨ ᠡᠪᠦᠭᠡ ᠬᠠᠴᠢ ᠬᠦᠯᠦᠭ ᠦ᠋ᠨ ᠳᠡᠭᠦᠦ ᠨᠠᠴᠢᠨᠪᠠᠭᠠᠳᠤᠷ ᠤ᠋ᠨ ᠬᠥᠪᠡᠭᠦᠨ ᠰᠢᠵᠢᠭᠤᠳᠠᠢ ᠪᠤᠶᠤ ᠃ ᠳᠠᠰᠢᠪᠠᠭᠠᠳᠤᠷ ᠤ᠋ᠨ ᠡᠪᠦᠭᠡ ᠳᠡᠭᠡᠳᠦᠰ ᠴᠢᠩᠭᠢᠰ ᠬᠠᠭᠠᠨ ᠂ ᠥᠭᠡᠳᠡᠢ ᠬᠠᠭᠠᠨ ᠂ ᠮᠥᠩᠬᠡ ᠬᠠᠭᠠᠨ ᠢ᠋ ᠳᠠᠭᠠᠵᠤ ᠣᠯᠠᠨ ᠭᠠᠵᠠᠷ ᠢ᠋ᠶ᠋ᠠᠷ ᠲᠡᠢᠨ ᠪᠠᠢᠯᠳᠤᠭᠠᠨ ᠬᠢᠵᠦ ᠦᠯᠡᠮᠵᠢ ᠶᠡᠬᠡ ᠭᠠᠪᠢᠶ᠎ᠠ ᠪᠠᠢᠭᠤᠯᠤᠭᠰᠠᠨ ᠠᠵᠤᠭᠤ ᠃ ᠡᠢᠨ ᠬᠦ᠌ ᠳᠠᠰᠢᠪᠠᠭᠠᠳᠤᠷ ᠪᠣᠯ ᠶᠣᠰᠣᠲᠠᠢ ᠭᠠᠪᠢᠶᠠᠲᠠᠨ ᠰᠠᠢᠳ ᠤ᠋ᠨ ᠰᠤᠷᠪᠤᠯᠵᠢᠲᠤ ᠤᠭᠰᠠᠭᠠᠨ ᠤ᠋ ᠬᠣᠢᠴᠢᠰ ᠮᠥᠨ ᠃ ᠳᠠᠰᠢᠪᠠᠭᠠᠳᠤᠷ ᠤ᠋ᠨ ᠬᠢᠯᠢᠰ ᠢ᠋ᠶ᠋ᠡᠷ ᠦᠬᠦᠭᠰᠡᠨ ᠢᠨᠦ ᠲᠣᠬᠤᠨᠲᠡᠮᠦᠷ ᠬᠠᠭᠠᠨ ᠤ᠋ ᠲᠥᠷᠥ ᠳ᠋ᠡᠬᠢ ᠨᠢᠭᠡᠨ ᠬᠦᠨᠳᠦ ᠨᠣᠴᠢᠲᠠᠢ ᠲᠡᠦᠬᠡ ᠶ᠋ᠢᠨ ᠰᠤᠷᠭᠠᠮᠵᠢ ᠪᠣᠯᠤᠮᠤᠢ ᠃  
       ᠲᠡᠨᠳᠡᠴᠡ ᠯᠢᠦ ᠹᠦ ᠲᠦᠩ ᠂ ᠳᠠᠰᠢᠪᠠᠭᠠᠳᠤᠷ ᠤ᠋ᠨ ᠬᠢᠯᠢᠰ ᠢ᠋ᠶ᠋ᠡᠷ ᠦᠬᠦᠭᠰᠡᠨ ᠮᠡᠳᠡᠭᠡ ᠶ᠋ᠢ ᠣᠯᠤᠭᠠᠳ ᠶᠡᠬᠡᠳᠡ ᠪᠠᠶᠠᠷᠯᠠᠪᠠ ᠃ ᠲᠡᠷᠡ ᠰᠡᠳᠬᠢᠷᠦᠨ ᠄ 《 ᠡᠳᠦᠭᠡ ᠶᠤᠸᠠᠨ ᠤ᠋ ᠬᠠᠭᠠᠨᠲᠤ ᠲᠥᠷᠥ ᠶ᠋ᠢᠨ ᠳᠣᠲᠣᠭᠠᠳᠤ ᠶ᠋ᠢᠨ ᠵᠥᠷᠢᠴᠡᠯ ᠰᠢᠷᠦᠭᠦᠰᠴᠦ ᠴᠡᠷᠢᠭ ᠦ᠋ᠨ ᠨᠣᠶᠠᠳ ᠬᠣᠭᠣᠷᠣᠨᠳᠣ ᠪᠠᠨ ᠡᠷᠬᠡᠰᠢᠶᠡᠯ ᠦ᠋ᠨ ᠭᠠᠵᠠᠷ ᠣᠷᠣᠨ ᠪᠤᠯᠢᠶᠠᠯᠳᠤᠵᠤ ᠂ ᠲᠤᠰ ᠲᠤᠰ ᠲᠤᠭ ᠪᠤᠰᠬᠠᠵᠤ ᠨᠢᠭᠡᠳᠦᠯᠲᠡᠢ ᠵᠢᠯᠣᠭᠣᠳᠤᠯᠭ᠎ᠠ ᠦᠭᠡᠢ ᠪᠣᠯᠤᠭᠰᠠᠨ ᠲᠤᠯᠠ ᠤᠮᠠᠷᠠᠰᠢ ᠳᠠᠢᠯᠠᠬᠤ ᠠᠰᠢᠲᠠᠢ ᠰᠠᠢᠨ ᠲᠣᠬᠢᠶᠠᠯ ᠪᠣᠯᠤᠯ᠎ᠠ 》 ᠭᠡᠮᠡᠨ ᠪᠦᠬᠦ ᠴᠡᠷᠢᠭ ᠦ᠋ᠨ ᠬᠦᠴᠦᠨ ᠢ᠋ᠶ᠋ᠡᠨ ᠳᠠᠢᠴᠢᠯᠠᠵᠤ 《 ᠶᠢᠦ ᠶᠠᠨ ᠤ᠋ ᠭᠠᠵᠠᠷ ᠢ᠋ ᠡᠪᠬᠡᠵᠦ ᠬᠤᠷᠢᠶᠠᠬᠤ 》 ᠪᠠᠷ ᠴᠡᠷᠢᠭ ᠢ᠋ᠶ᠋ᠡᠨ ᠭᠤᠷᠪᠠᠨ ᠵᠠᠮ ᠬᠤᠪᠢᠶᠠᠨ ᠤᠮᠠᠷᠠᠰᠢ ᠳᠠᠢᠯᠠᠪᠠ ᠃ 
      ᠵᠡᠭᠦᠨ ᠵᠠᠮ ᠤ᠋ᠨ ᠴᠡᠷᠢᠭ ᠢ᠋ ᠮᠠᠤ ᠬᠦᠢ ᠵᠠᠬᠢᠷᠴᠤ ᠱᠠᠨᠳᠦ᠋ᠩ ᠂ ᠾᠧᠪᠧᠢ ᠶ᠋ᠢ ᠡᠵᠡᠯᠡᠨ ᠳᠠᠢᠳᠤ ᠬᠣᠲᠠ ᠶ᠋ᠢ ᠬᠠᠭᠠᠷ᠎ᠠ ᠮᠣᠷᠳᠠᠪᠠ ᠃ ᠳᠤᠮᠳᠠᠳᠤ ᠵᠠᠮ ᠤ᠋ᠨ ᠴᠡᠷᠢᠭ ᠢ᠋ ᠭᠤᠸᠠᠨ ᠰᠢᠶᠠᠨᠱᠧᠩ ᠂ ᠫᠦᠸᠧ ᠲᠧᠦ ᠫᠠᠨ ᠤᠳᠤᠷᠢᠳᠴᠤ ᠱᠠᠨ ᠰᠢ ᠶ᠋ᠢ ᠬᠠᠭᠠᠵᠤ ᠂ ᠵᠡᠭᠦᠨ ᠵᠠᠮ ᠤ᠋ᠨ ᠴᠡᠷᠢᠭ ᠢ᠋ ᠬᠠᠮᠵᠢᠨ ᠪᠠᠢᠯᠳᠤᠪᠠ ᠃ ᠪᠠᠷᠠᠭᠤᠨ ᠵᠠᠮ ᠤ᠋ᠨ ᠴᠡᠷᠢᠭ ᠢ᠋ ᠯᠢ ᠡᠦ ᠂ ᠼᠦᠢ ᠲᠧ ᠮᠠᠩᠯᠠᠢᠯᠠᠨ ᠱᠠᠨᠰᠢ ᠪᠠᠷ ᠣᠷᠣᠵᠤ ᠶᠤᠸᠠᠨ ᠤᠯᠤᠰ ᠤ᠋ᠨ ᠴᠡᠷᠢᠭ ᠢ᠋ ᠬᠣᠷᠢᠭᠯᠠᠨ ᠂ ᠵᠡᠭᠦᠨ ᠪᠠᠷᠠᠭᠤᠨ ᠬᠣᠶᠠᠷ ᠵᠠᠮ ᠤ᠋ᠨ ᠴᠡᠷᠢᠭ ᠦ᠋ᠨ ᠳᠠᠷᠤᠯᠲᠠ ᠶ᠋ᠢ ᠪᠠᠭᠠᠰᠬᠠᠪᠠ᠃  
      ᠵᠡᠭᠦᠨ ᠵᠠᠮ ᠤ᠋ᠨ ᠴᠡᠷᠢᠭ ᠦ᠋ᠨ ᠮᠠᠩᠯᠠᠢ ᠵᠠᠩᠵᠤᠨ ᠮᠠᠤ ᠬᠦᠢ ᠬᠡᠮᠡᠭᠴᠢ ᠠᠷᠭ᠎ᠠ ᠪᠣᠳᠣᠯᠭ᠎ᠠ ᠲᠠᠢ ᠬᠥᠮᠦᠨ ᠪᠥᠯᠥᠭᠡ᠃ ᠲᠡᠷᠡ ᠨᠢᠭᠡ ᠲᠠᠯ᠎ᠠ ᠪᠠᠷ ᠴᠡᠷᠢᠭ ᠢ᠋ᠶ᠋ᠡᠷ  ᠳᠠᠢᠯᠠᠵᠤ ᠨᠥᠬᠥᠭᠡ ᠲᠠᠯ᠎ᠠ ᠪᠠᠷ ᠤᠯᠤᠰ ᠲᠥᠷᠥ ᠶ᠋ᠢᠨ ᠤᠬᠠᠭᠤᠯᠤᠯ ᠢ᠋ ᠥᠷᠭᠡᠨ ᠢ᠋ᠶ᠋ᠡᠷ ᠬᠢᠵᠦ ᠶᠤᠸᠠᠨ ᠤᠯᠤᠰ ᠤ᠋ᠨ ᠨᠣᠶᠠᠳ ᠲᠦᠰᠢᠮᠡᠳ ᠢ᠋ ᠵᠠᠳᠠᠷᠠᠭᠤᠯᠤᠨ ᠰᠠᠯᠭᠠᠵᠤ ᠂ ᠴᠡᠷᠢᠭ ᠦ᠋ᠨ ᠳᠠᠢᠴᠢᠨ ᠬᠦᠴᠦᠨ ᠢ᠋ ᠰᠤᠯᠠᠷᠠᠭᠤᠯᠤᠭᠰᠠᠨ ᠤ᠋ ᠤᠯᠠᠮ ᠢ᠋ᠶ᠋ᠠᠷ ᠤᠳᠠᠭᠰᠠᠨ ᠦᠭᠡᠢ ᠱᠠᠨᠳᠦ᠋ᠩ ᠦ᠋ᠨ ᠣᠯᠠᠩᠬᠢ ᠵᠧᠦ ᠰᠢᠶᠠᠨ ᠢ᠋ ᠡᠵᠡᠯᠡᠵᠦ ᠂ ᠦᠷᠭᠦᠯᠵᠢᠯᠡᠨ ᠴᠡᠷᠢᠭ ᠣᠷᠣᠵᠤ ᠾᠧᠪᠧᠢ ᠶ᠋ᠢᠨ ᠴᠢᠩᠵᠸᠤ ( ᠾᠧᠪᠧᠢ ᠶ᠋ᠢᠨ ᠴᠢᠩ ᠰᠢᠶᠠᠨ ) ᠂ ᠵᠢᠵᠸᠤ ( ᠣᠳᠣ ᠶ᠋ᠢᠨ ᠲᠢᠶᠠᠨᠵᠢᠨ ᠤ᠋ ᠵᠢᠢ ᠰᠢᠶᠠᠨ ) ᠢ᠋ ᠡᠪᠳᠡᠵᠦ ᠰᠢᠭᠤᠳ ᠾᠦᠸᠸᠵᠸᠤ ( ᠣᠳᠣ ᠶ᠋ᠢᠨ ᠪᠡᠭᠡᠵᠢᠩ ᠦ᠋ᠨ ᠲᠦᠩ ᠰᠢᠶᠠᠨ ᠤ᠋ ᠬᠢᠵᠠᠭᠠᠷ ᠲᠤ᠌ ᠪᠣᠢ ) ᠳ᠋ᠤ᠌ ᠲᠤᠯᠵᠤ ᠢᠷᠡᠪᠡ ᠃  
      ᠭᠤᠸᠠᠨ ᠰᠢᠶᠠᠨᠱᠧᠩ ᠂ ᠫᠦᠸᠧ ᠲᠧᠦ ᠫᠠᠨ ᠤ᠋ ᠤᠳᠤᠷᠢᠳᠤᠭᠰᠠᠨ ᠳᠤᠮᠳᠠᠳᠤ ᠵᠠᠮ ᠤ᠋ᠨ ᠴᠡᠷᠢᠭ ᠱᠠᠨ ᠰᠢ ᠶ᠋ᠢᠨ ᠹᠸᠨ ᠾᠧ ᠭᠣᠣᠯ ᠤ᠋ᠨ ᠬᠥᠨᠳᠡᠢ ᠪᠡᠷ ᠤᠮᠠᠷᠠᠰᠢ ᠲᠦᠷᠢᠵᠦ ᠂ ᠲᠡᠢ ᠬᠠᠩ ᠱᠠᠨ ᠠᠭᠤᠯᠠ ᠶ᠋ᠢ ᠥᠩᠭᠡᠷᠡᠨ ᠵᠢᠩ ᠰᠢᠩ ᠭᠤᠸᠠᠨ ᠪᠣᠭᠣᠮᠲᠠ ( ᠣᠳᠣ ᠶ᠋ᠢᠨ ᠾᠧᠪᠧᠢ ᠶ᠋ᠢᠨ ᠵᠢᠩ ᠰᠢᠩ ᠰᠢᠶᠠᠨ ᠤ᠋ ᠪᠠᠷᠠᠭᠤᠨ ᠬᠣᠢᠨᠠᠬᠢ ᠵᠢᠩ ᠰᠢᠩ ᠱᠠᠨ ᠠᠭᠤᠯᠠ ᠳ᠋ᠤ᠌ ᠪᠣᠢ ) ᠶ᠋ᠢ ᠡᠵᠡᠯᠡᠵᠦ᠂ ᠵᠡᠭᠦᠨ ᠵᠠᠮ ᠤ᠋ᠨ ᠴᠡᠷᠢᠭ ᠯᠦᠭᠡ ᠨᠡᠢᠯᠡᠵᠦ ᠳᠠᠢᠳᠤ ᠬᠣᠲᠠ ᠶ᠋ᠢ ᠪᠠᠢᠯᠳᠤᠬᠤ ᠪᠠᠷ ᠪᠠᠢᠪᠠ᠃ ᠭᠡᠪᠡᠴᠦ ᠶᠤᠸᠠᠨ ᠤᠯᠤᠰ ᠤ᠋ᠨ ᠴᠡᠷᠢᠭ ᠠᠯᠢ ᠬᠡᠳᠦᠢᠨ ᠡᠯ᠎ᠡ ᠪᠣᠭᠣᠮᠲᠠ ᠶ᠋ᠢ ᠴᠢᠩᠭ᠎ᠠ ᠰᠡᠷᠭᠡᠢᠯᠡᠨ ᠰᠠᠬᠢᠭᠰᠠᠨ ᠲᠤᠯᠠ ᠲᠠᠢ ᠬᠠᠩ ᠱᠠᠨ ᠠᠭᠤᠯᠠ ᠶ᠋ᠢ ᠥᠩᠭᠡᠷᠡᠵᠦ ᠳᠡᠢᠯᠦᠭᠰᠡᠨ ᠦᠭᠡᠢ ᠂ ᠵᠡᠭᠦᠨᠰᠢ ᠪᠡᠨ ᠪᠤᠴᠠᠵᠤ ᠢᠷᠡᠭᠡᠳ ᠲᠠᠢᠶᠤᠸᠠᠨ ᠂  ᠳ᠋ᠠᠲ᠋ᠦ᠋ᠩ ᠢ᠋ ᠡᠪᠳᠡᠵᠦ᠂ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠬᠣᠲᠠ ᠶ᠋ᠢ ᠴᠢᠭᠯᠡᠨ ᠮᠣᠷᠳᠠᠪᠠ᠃ ᠱᠠᠩᠳᠤ ᠶ᠋ᠢ ᠰᠠᠬᠢᠭᠴᠢ ᠲᠦᠰᠢᠮᠡᠯ ᠡᠰᠡᠨ ᠬᠤᠲᠤᠭ ᠪᠣᠯ ᠴᠢᠩᠰᠠᠩ ᠲᠠᠢᠫᠢᠩ ᠤ᠋ᠨ ᠬᠥᠪᠡᠭᠦᠨ ᠪᠥᠯᠥᠭᠡ᠃ ᠲᠡᠷᠡ ᠲᠡᠢᠨ ᠪᠠᠢᠯᠳᠤᠭᠠᠨ ᠬᠢᠭᠰᠡᠨ ᠲᠤᠷᠰᠢᠯᠭ᠎ᠠ ᠮᠡᠬᠦᠰ ᠪᠥᠭᠡᠳ ᠦᠵᠡᠯ ᠰᠠᠨᠠᠭᠠᠨ ᠤ᠋ ᠲᠠᠯ᠎ᠠ ᠪᠠᠷ ᠣᠨᠴᠠ ᠪᠡᠯᠡᠳᠬᠡᠯ   ᠦᠭᠡᠢ ᠪᠠᠢᠭᠰᠠᠨ ᠲᠤᠯᠠ ᠤᠯᠠᠭᠠᠨ ᠠᠯᠴᠢᠭᠤᠷᠲᠠᠨ ᠴᠡᠷᠢᠭ ᠯᠦ᠍ᠭᠡ ᠪᠠᠢᠯᠲᠤᠮᠠᠭᠴᠨ ᠳᠡᠢᠯᠦᠭᠳᠡᠪᠡ᠃ ᠪᠣᠰᠤᠯᠭ᠎ᠠ ᠶ᠋ᠢᠨ ᠴᠡᠷᠢᠭ ᠱᠠᠩᠳᠤ ᠬᠣᠲᠠ ᠶ᠋ᠢ ᠡᠵᠡᠯᠡᠭᠰᠡᠨ ᠦ᠌ ᠬᠣᠢᠨ᠎ᠠ ᠤᠷᠲᠤ ᠬᠠᠷᠰᠢ ᠶ᠋ᠢ ᠭᠠᠯᠳᠠᠵᠤ ᠳᠣᠯᠣᠭᠠᠨ ᠬᠣᠨᠣᠭ ᠲᠠᠯᠬᠢᠳᠠᠭᠠᠳ ᠵᠡᠭᠦᠨᠰᠢ ᠯᠢᠶᠣᠣᠶᠠᠩ ᠢ᠋ ᠬᠠᠭᠠᠷ᠎ᠠ ᠮᠣᠷᠳᠠᠪᠠ ᠃  
      ᠪᠠᠷᠠᠭᠤᠨ ᠵᠠᠮ ᠤ᠋ᠨ ᠴᠡᠷᠢᠭ ᠦ ᠭᠤᠸᠠᠨ ᠪᠣᠭᠣᠮᠲᠠ ( ᠣᠳᠣ ᠶ᠋ᠢᠨ ᠱᠠᠨᠰᠢ ᠶ᠋ᠢᠨ ᠱᠠᠩ ᠯᠦᠸᠧ ᠰᠢᠶᠠᠨ ᠤ᠋ ᠪᠠᠷᠠᠭᠤᠨ ᠡᠮᠦᠨ᠎ᠡ ᠪᠣᠢ ) ᠪᠠᠷ ᠭᠠᠷᠴᠤ ᠴᠢ ᠫᠠᠨ ᠳᠠᠪᠠᠭ᠎ᠠ ᠶ᠋ᠢ ᠥᠩᠭᠡᠷᠡᠨ ᠪᠠ ᠱᠠᠩ ( ᠣᠳᠣ ᠶ᠋ᠢᠨ ᠱᠠᠨᠰᠢ ᠶ᠋ᠢᠨ ᠰᠢ ᠠᠨ ᠬᠣᠲᠠ ᠶ᠋ᠢᠨ ᠵᠡᠭᠦᠨ ᠪᠣᠢ ) ᠳ᠋ᠤ᠌ ᠬᠦᠷᠴᠦ ᠂ ᠱᠠᠨᠰᠢ ᠂ ᠱᠠᠨ ᠰᠢ ᠬᠤᠪᠢᠶᠠᠷᠢ ᠮᠣᠵᠢ ᠶ᠋ᠢᠨ ᠲᠥᠪ ᠴᠠᠩ ᠠᠨ ᠢ᠋ ᠰᠢᠬᠠᠮᠳᠠᠭᠤᠯᠪᠠ ᠃ ᠭᠣᠣᠯ ᠢ᠋ ᠡᠵᠡᠯᠡᠨ ᠰᠠᠭᠤᠭᠰᠠᠨ ᠯᠢᠦ ᠹᠦ ᠲᠦᠩ ᠭᠤᠷᠪᠠᠨ ᠵᠠᠮ ᠤ᠋ᠨ ᠴᠡᠷᠢᠭ ᠦ᠋ᠨ ᠢᠯᠠᠯᠲᠠ ᠶ᠋ᠢᠨ ᠮᠡᠳᠡᠭᠡ ᠶ᠋ᠢ ᠰᠣᠨᠣᠰᠤᠭᠠᠳ ᠥᠪᠡᠷ ᠦ᠋ᠨ ᠪᠡᠶ᠎ᠡ ᠪᠡᠷ ᠶᠡᠬᠡ ᠴᠡᠷᠢᠭ ᠳᠠᠢᠴᠢᠯᠠᠨ ᠪᠢᠶᠠᠨᠯᠢᠶᠠᠩ ᠬᠣᠲᠠ ᠶ᠋ᠢ ᠬᠠᠭᠠᠷ᠎ᠠ ᠮᠣᠷᠳᠠᠪᠠ ᠃ ᠬᠣᠲᠠ ᠶ᠋ᠢᠨ ᠰᠠᠬᠢᠭᠴᠢ ᠵᠠᠩᠵᠤᠨ ᠵᠣ᠌ ᠵᠸᠨ ᠳᠡᠭᠡᠭᠰᠢ ᠠᠢᠯᠠᠳᠬᠠᠵᠤ ᠲᠤᠰᠠᠯᠠᠮᠵᠢ ᠭᠤᠶᠤᠪᠠ ᠃ ᠭᠡᠲᠡᠯ᠎ᠡ ᠲᠡᠳᠦᠢ ᠳ᠋ᠦ᠍ᠷ ᠳᠠᠢᠳᠤ ᠬᠣᠲᠠ ᠪᠠᠰᠠ ᠪᠠᠴᠢᠮ ᠪᠠᠢᠳᠠᠯ ᠳ᠋ᠤ᠌ ᠲᠤᠯᠭᠠᠷᠠᠵᠤ ᠪᠠᠢᠭᠰᠠᠨ ᠪᠣᠯᠬᠣᠷ ᠲᠣᠬᠤᠨᠲᠡᠮᠦᠷ ᠬᠠᠭᠠᠨ ᠲᠤᠰᠠᠯᠠᠬᠤ ᠴᠡᠷᠢᠭ ᠶᠠᠪᠤᠭᠤᠯᠵᠤ ᠳᠡᠢᠯᠬᠦ ᠦᠭᠡᠢ ᠪᠠᠢᠪᠠ ᠃ ᠵᠣ᠌ ᠵᠸᠨ ᠂ ᠪᠢᠶᠠᠨᠯᠢᠶᠠᠩ ᠬᠣᠲᠠ ᠶ᠋ᠢ ᠭᠤᠷᠪᠠᠨ ᠰᠠᠷ᠎ᠠ ᠪᠡᠬᠢᠯᠡᠨ ᠰᠠᠭᠤᠭᠠᠳ ᠲᠤᠰᠠᠯᠠᠬᠤ ᠴᠡᠷᠢᠭ ᠢᠷᠡᠭᠦᠯᠦᠭᠰᠡᠨ ᠦᠭᠡᠢ ᠳ᠋ᠦ᠍ ᠬᠣᠲᠠ ᠪᠠᠨ ᠣᠷᠬᠢᠵᠤ ᠳᠤᠲᠠᠭᠠᠨ ᠣᠳᠪᠠ ᠃ ᠡᠢᠨ ᠬᠦ᠌ ᠯᠢᠦ ᠹᠦ ᠲᠦᠩ ᠮᠠᠰᠢ ᠬᠢᠯᠪᠠᠷᠬᠠᠨ ᠢ᠋ᠶ᠋ᠠᠷ ᠡᠷᠲᠡᠨ ᠦ᠌ ᠨᠡᠷᠡᠲᠦ ᠬᠣᠲᠠ ᠪᠢᠶᠠᠨᠯᠢᠶᠠᠩ ᠢ᠋ ᠡᠵᠡᠯᠡᠨ ᠠᠪᠤᠭᠠᠳ 《 ᠶᠡᠬᠡ ᠰᠥᠩ ᠤᠯᠤᠰ 》 ᠤ᠋ᠨ ᠨᠡᠢᠰᠯᠡᠯ ᠪᠣᠯᠭᠠᠪᠠ ᠃ 
       ᠯᠢᠦ ᠹᠦ ᠲᠦᠩ ᠦ᠋ᠨ ᠪᠣᠰᠤᠯᠭ᠎ᠠ ᠶ᠋ᠢᠨ ᠴᠡᠷᠢᠭ ᠨᠢᠭᠡ ᠵᠢᠯ ᠦ᠋ᠨ ᠬᠤᠭᠤᠴᠠᠭᠠᠨ ᠳ᠋ᠤ᠌ ᠶᠡᠬᠡ ᠨᠡᠢᠰᠯᠡᠯ ᠳᠠᠢᠳᠤ ᠶ᠋ᠢ ᠬᠠᠭᠠᠵᠤ ᠂ ᠳᠡᠭᠡᠳᠦ ᠨᠡᠢᠰᠯᠡᠯ ᠱᠠᠩᠳᠤ ᠶ᠋ᠢ ᠭᠠᠯᠳᠠᠵᠤ  ᠱᠠᠨ ᠰᠢ ᠂ ᠱᠠᠨᠰᠢ ᠬᠤᠪᠢᠶᠠᠷᠢ ᠮᠣᠵᠢ ᠶ᠋ᠢᠨ ᠲᠥᠪ ᠴᠠᠩ ᠠᠨ ᠬᠣᠲᠠ ᠶ᠋ᠢ ᠰᠢᠬᠠᠮᠳᠠᠭᠤᠯᠤᠭᠰᠠᠨ ᠪᠠ ᠡᠷᠲᠡᠨ ᠦ᠌ ᠨᠡᠷᠡᠲᠦ ᠬᠣᠲᠠ ᠪᠢᠶᠠᠨᠯᠢᠶᠠᠩ ᠢ᠋ ᠡᠵᠡᠯᠡᠨ ᠠᠪᠤᠭᠰᠠᠨ᠎ᠠ ᠲᠣᠬᠤᠨᠲᠡᠮᠦᠷ ᠬᠠᠭᠠᠨ ᠮᠠᠰᠢᠳᠠ ᠰᠠᠨᠳᠤᠷᠤᠨ ᠡᠯ᠎ᠡ ᠴᠥᠯᠭᠡ ᠶ᠋ᠢᠨ ᠳᠠᠷᠤᠩᠭᠤᠢ ᠴᠡᠷᠢᠭ ᠢ᠋ ᠰᠢᠯᠵᠢᠭᠦᠯᠦᠨ ᠬᠣᠷᠢᠭᠯᠠᠨ ᠴᠣᠬᠢᠭᠰᠠᠨ ᠪᠣᠯᠪᠠᠴᠤ ᠪᠣᠰᠤᠯᠭ᠎ᠠ ᠶ᠋ᠢᠨ ᠴᠡᠷᠢᠭ ᠦ᠋ᠨ ᠰᠦᠷ ᠬᠦᠴᠦᠨ ᠠᠰᠤᠷᠤ ᠮᠠᠨᠳᠤᠵᠤ ᠂ ᠪᠠᠢᠯᠳᠤᠬᠤ ᠪᠦᠷᠢ ᠢᠯᠠᠵᠤ ᠶᠤᠸᠠᠨ ᠤᠯᠤᠰ ᠤ᠋ᠨ ᠬᠠᠭᠠᠰ ᠲᠥᠷᠥ ᠪᠣᠰᠤᠯᠭ᠎ᠠ ᠶ᠋ᠢᠨ ᠴᠡᠷᠢᠭ ᠲᠦ᠍ ᠡᠵᠡᠯᠡᠭᠳᠡᠪᠡ ᠃ 
      ᠶᠠᠭ ᠡᠨᠡ ᠬᠦ᠌ ᠵᠠᠩᠭᠢᠯᠠᠭ᠎ᠠ ᠶ᠋ᠢᠨ ᠦᠶ᠎ᠡ ᠳ᠋ᠦ᠍ ᠨᠢᠭᠡᠨ ᠪᠠᠭᠠᠲᠤᠷ ᠡᠷ᠎ᠡ ᠴᠡᠭᠡᠵᠢ ᠲᠦᠷᠢᠨ ᠡᠷᠡᠯᠬᠡᠭᠯᠡᠨ ᠭᠠᠷᠴᠤ ᠢᠷᠡᠭᠡᠳ ᠪᠣᠰᠤᠯᠭ᠎ᠠ ᠶ᠋ᠢᠨ ᠴᠡᠷᠢᠭ ᠢ᠋ ᠳᠠᠷᠤᠨ ᠱᠦᠭᠦᠷᠳᠡᠵᠦ ᠠᠯᠳᠠᠭᠰᠠᠨ ᠭᠠᠵᠠᠷ ᠣᠷᠣᠨ ᠤ᠋ ᠬᠠᠭᠠᠰ ᠢ᠋ ᠳᠠᠬᠢᠨ ᠡᠭᠡᠭᠦᠯᠦᠨ ᠠᠪᠤᠪᠠ ᠃ ᠡᠨᠡ ᠬᠥᠮᠦᠨ ᠬᠡᠨ ᠪᠣᠢ ?  ᠬᠡᠮᠡᠬᠦᠯ᠎ᠡ ᠂ ᠶᠢᠩᠵᠧᠦ ᠶ᠋ᠢᠨ ᠱᠸᠨᠴᠢᠥ ᠭᠠᠵᠠᠷ ᠤ᠋ᠨ ᠬᠥᠮᠦᠨ ᠂ ᠨᠡᠷ᠎ᠡ ᠢᠨᠦ ᠴᠠᠭᠠᠨᠲᠡᠮᠦᠷ ᠬᠡᠮᠡᠮᠦᠢ ᠃ ᠴᠠᠭᠠᠨᠲᠡᠮᠦᠷ ᠪᠣᠯ ᠮᠣᠩᠭᠣᠯ ᠤ᠋ᠨ ᠨᠠᠢ᠍ᠮᠠᠨ ᠠᠢᠮᠠᠭ ᠤ᠋ᠨ ᠬᠥᠮᠦᠨ ᠂ ᠬᠤᠪᠢᠯᠠᠢ ᠰᠡᠴᠡᠨ ᠬᠠᠭᠠᠨ ᠤ᠋ ᠦᠶ᠎ᠡ ᠳ᠋ᠡᠬᠢ ᠶᠡᠬᠡ ᠵᠠᠩᠵᠤᠨ ᠨᠠᠢ᠍ᠮᠠᠲᠠᠢ ᠶ᠋ᠢᠨ ᠬᠣᠢᠴᠢᠰ ᠪᠣᠯᠤᠮᠤᠢ ᠃ ᠲᠡᠭᠦᠨ ᠦ᠌ ᠡᠪᠦᠭᠡ ᠨᠢ ᠶᠢᠩᠵᠧᠦ ᠳ᠋ᠦ᠍ ᠲᠣᠮᠢᠯᠠᠭᠳᠠᠨ ᠢᠷᠡᠭᠡᠳ ᠳᠠᠷᠤᠨ ᠰᠠᠭᠤᠭᠰᠠᠨ ᠲᠤᠯᠠ ᠦᠷ᠎ᠡ ᠠᠴᠢ ᠨᠠᠷ ᠠᠨᠤ ᠴᠥᠮ ᠡᠨᠳᠡ ᠣᠷᠣᠩᠨᠠᠵᠤ ᠶᠢᠩᠵᠧᠦ ᠨᠤᠲᠤᠭ ᠲᠠᠢ ᠪᠣᠯᠵᠠᠢ ᠃ 
       ᡁᠢ ᠵᠧᠩ ᠦ᠋ᠨ ᠠᠷᠪᠠᠨ ᠬᠣᠶᠠᠳᠤᠭᠠᠷ ᠣᠨ (1352 ᠣᠨ ) ᠳ᠋ᠤ᠌ ᠴᠠᠭᠠᠨᠲᠡᠮᠦᠷ ᠂ ᠯᠦᠸᠧ ᠱᠠᠨ ᠭᠠᠵᠠᠷ ᠤ᠋ᠨ ᠯᠢ ᠰᠧ ᠴᠢ ᠯᠣᠭᠡ ᠬᠣᠯᠪᠣᠭᠠᠯᠠᠨ ᠵᠢᠷᠤᠮ ᠤ᠋ᠨ ᠴᠡᠷᠢᠭ ᠪᠠᠢᠭᠤᠯᠵᠤ ᠤᠯᠠᠭᠠᠨ ᠠᠯᠴᠢᠭᠤᠷᠲᠠᠨ ᠴᠡᠷᠢᠭ ᠢ᠋ ᠳᠠᠷᠤᠩᠭᠤᠢᠯᠠᠭᠠᠳ ᠿᠦ᠍ ᠨᠢᠩ ᠹᠦ ᠶ᠋ᠢᠨ ᠳᠠᠷᠤᠭᠠᠴᠢ ᠲᠦᠰᠢᠮᠡᠯ ᠡᠷᠭᠦᠮᠵᠢᠯᠡᠭᠳᠡᠪᠡ ᠃ ᠲᠡᠭᠦᠨ ᠦ᠌ ᠵᠢᠷᠤᠮ ᠤ᠋ᠨ ᠴᠡᠷᠢᠭ ᠨᠢ ᠠᠩᠬ᠎ᠠ ᠡᠬᠢᠯᠡᠬᠦ ᠳ᠋ᠦ᠍ ᠬᠡᠳᠦᠨ ᠵᠠᠭᠤᠨ ᠬᠥᠮᠦᠨ ᠪᠠᠢᠭᠰᠠᠨ ᠠ᠋ᠴᠠ ᠪᠠᠨ ᠬᠠᠭᠠᠰ ᠵᠢᠯ ᠥᠩᠭᠡᠷᠡᠭᠡᠳ ᠬᠡᠳᠦᠨ ᠲᠦᠮᠡᠨ ᠬᠥᠮᠦᠨ ᠪᠣᠯᠵᠤ ᠨᠡᠮᠡᠭᠳᠡᠭᠡᠳ ᠬᠠᠨᠳᠤᠭᠰᠠᠨ ᠵᠦᠭ ᠲᠦ᠍ ᠳᠠᠢᠰᠤᠨ ᠦᠭᠡᠢ ᠂ ᠨᠡᠷ᠎ᠡ ᠰᠦᠷ ᠶᠡᠬᠡᠳᠡ ᠮᠠᠨᠳᠤᠪᠠ ᠃
    
     ᠲᠡᠳᠦᠢ ᠳ᠋ᠦ᠍ᠷ ᠯᠢᠦ ᠹᠦ ᠲᠦᠩ ᠦ᠋ᠨ ᠲᠣᠮᠢᠯᠠᠭᠰᠠᠨ ᠪᠠᠷᠠᠭᠤᠨ ᠵᠠᠮ ᠤ᠋ᠨ ᠴᠡᠷᠢᠭ ᠨᠢ ᠱᠠᠨᠵᠸᠦ ᠶ᠋ᠢ ᠪᠠᠢᠯᠳᠤᠨ ᠡᠵᠡᠯᠡᠪᠡ ᠃ ᠴᠠᠭᠠᠨᠲᠡᠮᠦᠷ ᠵᠠᠷᠯᠢᠭ ᠢ᠋ᠶ᠋ᠠᠷ ᠱᠠᠨᠵᠸᠦ ᠳ᠋ᠦ᠍ ᠬᠦᠷᠴᠦ ᠦᠵᠡᠪᠡᠰᠦ ᠬᠣᠲᠠ ᠶ᠋ᠢᠨ ᠪᠡᠬᠢᠯᠡᠯᠲᠡ ᠪᠠᠲᠤ ᠪᠠᠢᠵᠤᠬᠤᠢ ᠃ ᠲᠡᠷᠡ ᠰᠡᠵᠢᠭᠯᠡᠭᠦᠯᠬᠦ ᠠᠷᠭ᠎ᠠ ᠶ᠋ᠢ ᠬᠡᠷᠡᠭᠯᠡᠵᠦ ᠂ ᠴᠡᠷᠢᠭ ᠦ᠋ᠨ ᠬᠦᠷᠢᠶᠡᠨ᠎ᠡ ᠠᠭᠤᠷ ᠤᠲᠤᠭ᠎ᠠ ᠲᠠᠯᠪᠢᠨ ᠬᠣᠭᠣᠯᠠ ᠪᠤᠳᠠᠭ᠎ᠠ ᠪᠡᠯᠡᠳᠬᠡᠬᠦ ᠪᠠᠢᠳᠠᠯ ᠭᠠᠷᠭᠠᠵᠤ ᠂ ᠰᠥᠨᠢ ᠶ᠋ᠢᠨ ᠬᠠᠷᠠᠩᠭᠤᠢ ᠳ᠋ᠤ᠌ ᠴᠡᠷᠢᠭ ᠢ᠋ᠶ᠋ᠡᠨ ᠵᠠᠬᠢᠷᠴᠤ ᠱᠠᠨᠵᠸᠦ ᠯᠤᠭ᠎ᠠ ᠤᠷᠤᠭᠤᠯ ᠰᠢᠲᠦᠨ ᠦ᠌ ᠬᠠᠷᠢᠴᠠᠭ᠎ᠠ ᠲᠠᠢ ᠯᠢᠩᠪᠤᠤ ᠶ᠋ᠢ ᠭᠡᠨᠡᠳᠡᠭᠦᠯᠦᠨ ᠳᠠᠭᠠᠷᠢᠪᠠ ᠃ ᠯᠢᠩᠪᠤᠤ ᠳ᠋ᠠᠬᠢ ᠤᠯᠠᠭᠠᠨ ᠠᠯᠴᠢᠭᠤᠷᠲᠠᠨ ᠴᠡᠷᠢᠭ ᠪᠡᠯᠡᠳᠬᠡᠯ ᠦᠭᠡᠢ ᠪᠠᠢᠭᠰᠠᠨ ᠪᠣᠯᠬᠣᠷ ᠪᠠᠢᠯᠳᠤᠭᠰᠠᠨ ᠦᠭᠡᠢ ᠪᠡᠷ ᠪᠠᠭᠤᠵᠤ ᠥᠭᠪᠡ ᠃ 
     ᠴᠠᠭᠠᠨᠲᠡᠮᠦᠷ ᠯᠢᠩᠪᠤᠤ ᠶ᠋ᠢ ᠪᠠᠭᠤᠯᠭᠠᠵᠤ ᠠᠪᠤᠮᠠᠭᠴᠠ ᠭᠡᠳᠡᠷᠭᠦ ᠪᠤᠴᠠᠵᠤ ᠢᠷᠡᠭᠡᠳ ᠱᠠᠨᠵᠸᠦ ᠶ᠋ᠢ ᠴᠣᠬᠢᠭᠰᠠᠨ᠎ᠠ ᠪᠠᠷᠠᠭᠤᠨ ᠵᠠᠮ ᠤ᠋ᠨ ᠴᠡᠷᠢᠭ ᠰᠤᠷᠠᠭ ᠢ᠋ ᠰᠣᠨᠣᠰᠤᠭᠠᠳ ᠰᠦᠷᠳᠡᠨ ᠠᠶᠤᠵᠤ ᠬᠣᠲᠠ ᠪᠠᠨ ᠣᠷᠬᠢᠨ ᠳᠤᠲᠠᠭᠠᠪᠠ ᠃ ᠡᠢᠨ ᠬᠦ᠌ ᠴᠠᠭᠠᠨᠲᠡᠮᠦᠷ ᠢᠯᠠᠯᠲᠠ ᠶ᠋ᠢᠨ ᠡᠷᠴᠢᠨ ᠳᠡᠭᠡᠷ᠎ᠡ ᠪᠡᠨ ᠴᠠᠩ ᠠᠨ ᠢ᠋ ᠰᠢᠬᠠᠮᠳᠠᠭᠤᠯᠤᠭᠰᠠᠨ ᠯᠢ ᠡᠤ ᠶ᠋ᠢᠨ ᠴᠡᠷᠢᠭ ᠢ᠋ ᠪᠦᠰᠡᠯᠡᠨ ᠴᠣᠬᠢᠭᠰᠠᠨ ᠳ᠋ᠤ᠌ ᠯᠢ ᠡᠤ ᠂ ᠼᠦᠢ ᠲᠧ ᠴᠡᠷᠢᠭ ᠢ᠋ᠶ᠋ᠡᠨ ᠳᠠᠭᠠᠭᠤᠯᠤᠨ ᠳᠠᠭᠠᠷ᠎ᠠ ᠢᠷᠡᠪᠡ ᠃ 
     ᠲᠣᠬᠣᠨᠳᠡᠮᠤᠷ ᠬᠠᠭᠠᠨ ᠵᠣᠣ ᠪᠢᠴᠢᠭ ᠪᠠᠭᠤᠯᠭᠠᠵᠤ ᠴᠠᠭᠠᠨᠳᠡᠮᠤᠷ ᠢ᠋ ᠱᠠᠨᠰᠢ ᠂ ᠱᠠᠨ ᠰᠢ ᠬᠤᠪᠢᠶᠠᠷᠢ ᠮᠣᠵᠢ ᠶ᠋ᠢᠨ ᠵᠡᠭᠦᠨ ᠭᠠᠷᠤᠨ ᠳᠡᠳ᠋ ᠲᠦᠰᠢᠮᠡᠯ ᠡᠷᠭᠦᠮᠵᠢᠯᠡᠵᠦ ᠂ ᠨᠡᠢᠰᠯᠡᠯ ᠬᠣᠲᠠ ᠶ᠋ᠢ ᠬᠠᠭᠠᠮᠵᠢᠯᠠᠷ᠎ᠠ ᠢᠷ᠎ᠡ ᠬᠡᠮᠡᠪᠡ ᠃ 
     ᠴᠠᠭᠠᠨᠳᠡᠮᠤᠷ ᠂ ᠬᠠᠭᠠᠨ ᠤ᠋ ᠵᠠᠷᠯᠢᠭ ᠢ᠋ ᠣᠯᠵᠤ ᠵᠢᠭᠦᠷ ᠦ᠋ᠨ ᠵᠠᠩᠵᠤᠨ ᠭᠤᠸᠠᠨ ᠪᠤᠤ ᠨᠠᠷ ᠢ᠋ᠶ᠋ᠠᠷ ᠪᠣᠭᠣᠮᠲᠠ ᠬᠠᠪᠴᠢᠯ ᠭᠠᠵᠠᠷ ᠢ᠋ ᠰᠠᠬᠢᠭᠤᠯᠵᠤ ᠥᠪᠡᠷ ᠢ᠋ᠶ᠋ᠡᠨ ᠰᠢᠯᠢᠳᠡᠭ ᠴᠡᠷᠢᠭ ᠢ᠋ ᠵᠠᠬᠢᠷᠴᠤ ᠵᠡᠭᠦᠨᠰᠢ ᠮᠣᠷᠳᠠᠪᠠ ᠃  
     ᠲᠡᠳᠦᠢ ᠳ᠋ᠦ᠍ᠷ ᠳᠠᠢᠳᠤ ᠬᠣᠲᠠ ᠶ᠋ᠢ ᠬᠠᠭᠠᠵᠤ ᠪᠠᠢᠭᠰᠠᠨ ᠮᠠᠤ ᠬᠦᠢ ᠶ᠋ᠢᠨ ᠵᠠᠬᠢᠷᠤᠭᠰᠠᠨ ᠵᠡᠭᠦᠨ ᠵᠠᠮ ᠤ᠋ᠨ ᠴᠡᠷᠢᠭ ᠂ ᠴᠠᠭᠠᠨᠳᠡᠮᠤᠷ ᠤ᠋ᠨ ᠵᠡᠭᠦᠨᠰᠢ ᠮᠣᠷᠳᠠᠭᠰᠠᠨ ᠢ᠋ ᠰᠣᠨᠣᠰᠤᠭᠠᠳ ᠶᠡᠬᠡᠳᠡ ᠭᠡᠯᠮᠡᠭᠳᠡᠨ ᠱᠠᠨᠳᠦ᠋ᠩ ᠲᠠᠢᠰᠢ ᠤᠬᠤᠷᠢᠨ ᠣᠴᠢᠪᠠ ᠃ ᠳᠤᠮᠳᠠᠳᠤ ᠵᠠᠮ ᠤ᠋ᠨ ᠴᠡᠷᠢᠭ ᠭᠤᠸᠠᠨ ᠰᠢᠶᠠᠨᠱᠧᠩ ᠂ ᠫᠦᠸᠧ ᠲᠧᠦ ᠫᠠᠨ ᠤ᠋ ᠵᠠᠬᠢᠷᠤᠯ ᠳᠣᠣᠷ᠎ᠠ ᠱᠠᠩᠳᠤ ᠬᠣᠲᠠ ᠶ᠋ᠢ ᠤᠤᠯᠭᠠᠯᠠᠵᠤ ᠯᠢᠶᠣᠣᠶᠠᠩ ᠢ᠋ ᠳᠡᠭᠡᠷᠡᠮᠳᠡᠭᠡᠳ ᠭᠠᠨᠵᠤᠭ᠎ᠠ ᠳᠦᠭᠦᠷᠡᠩ ᠪᠤᠴᠠᠵᠤ ᠶᠠᠪᠤᠲᠠᠯ᠎ᠠ ᠴᠠᠭᠠᠨᠳᠡᠮᠤᠷ ᠤ᠋ᠨ ᠴᠡᠷᠢᠭ ᠲᠣᠰᠣᠨ ᠪᠠᠢᠯᠳᠤᠭᠠᠳ ᠫᠦᠸᠧ ᠲᠧᠦ ᠫᠠᠨ ᠢ᠋ ᠠᠮᠢᠳᠤ ᠪᠠᠷ ᠪᠠᠷᠢᠵᠤ ᠂ ᠤᠤᠯᠭᠠᠯᠠᠭᠰᠠᠨ ᠡᠳ᠋ ᠡᠷᠳᠡᠨᠢᠰ ᠂ ᠦᠬᠡᠷ ᠬᠣᠨᠢᠳ ᠵᠢᠴᠢ ᠪᠤᠰᠤᠳ ᠵᠦᠢᠯ ᠢ᠋ ᠪᠦᠷᠢᠮᠦᠰᠦᠨ ᠬᠣᠷᠢᠶᠠᠨ ᠠᠪᠤᠪᠠ ᠃ ᠭᠤᠸᠠᠨ ᠰᠢᠶᠠᠨᠱᠧᠩ ᠵᠢᠰᠦ ᠪᠤᠷᠤᠭᠤᠯᠠᠨ ᠵᠡᠭᠦᠨᠰᠢ ᠳᠤᠲᠠᠭᠠᠵᠤ ᠶᠠᠯᠦ ᠮᠥᠷᠡᠨ ᠢ᠋ ᠭᠡᠲᠦᠯᠦᠨ ᠰᠣᠯᠣᠩᠭᠣᠰ ᠤ᠋ᠨ ᠬᠢᠯᠢ ᠳ᠋ᠦ᠍ ᠣᠷᠣᠭᠠᠳ ᠠᠯᠠᠭᠳᠠᠪᠠ ᠃ 
      ᠴᠠᠭᠠᠨᠳᠡᠮᠤᠷ ᠱᠠᠨᠰᠢ ᠂ ᠱᠠᠨ ᠰᠢ ᠶ᠋ᠢᠨ ᠡᠯ᠎ᠡ ᠵᠧᠦ ᠰᠢᠶᠠᠨ ᠢ᠋ ᠡᠭᠡᠭᠦᠯᠦᠨ ᠠᠪᠤᠭᠠᠳ ᠴᠡᠷᠢᠭ ᠮᠣᠷᠢ ᠪᠠᠨ ᠬᠠᠭᠠᠰ ᠵᠢᠯ ᠠᠮᠠᠷᠠᠭᠤᠯᠵᠤ ᠂ ᠡᠯ᠎ᠡ ᠲᠠᠯ᠎ᠠ ᠶ᠋ᠢᠨ ᠪᠡᠯᠡᠳᠬᠡᠯ ᠢ᠋ ᠭᠦᠢᠴᠡᠳ ᠬᠢᠭᠰᠡᠨ ᠰᠠᠭᠤᠷᠢ ᠳᠡᠭᠡᠷ᠎ᠡ 《 ᠶᠡᠬᠡ ᠰᠥᠩ ᠤᠯᠤᠰ 》 ᠤ᠋ᠨ ᠨᠡᠢᠰᠯᠡᠯ ᠪᠢᠶᠠᠨᠯᠢᠶᠠᠩ ᠬᠣᠲᠠ ᠶ᠋ᠢ ᠪᠦᠰᠡᠯᠡᠨ ᠪᠠᠢᠯᠳᠤᠪᠠ ᠃ 
     ᠲᠡᠳᠦᠢ ᠳ᠋ᠦ᠍ᠷ ᠬᠠᠨ ᠯᠢᠨ ᠡᠯ 《 ᠶᠡᠬᠡ ᠰᠥᠩ ᠤᠯᠤᠰ 》 ᠤ᠋ᠨ ᠬᠠᠨ ᠭᠡᠮᠡᠨ ᠡᠷᠭᠦᠭᠳᠡᠭᠰᠡᠨ ᠪᠣᠯᠪᠠᠴᠤ ᠬᠡᠷᠡᠭ ᠳᠡᠭᠡᠷ᠎ᠡ ᠪᠡᠨ ᠪᠣᠳᠠᠲᠤ ᠡᠷᠬᠡ ᠶ᠋ᠢ ᠯᠢᠦ ᠹᠦ ᠲᠦᠩ ᠭᠠᠭᠴᠠᠭᠠᠷ ᠡᠵᠡᠮᠳᠡᠵᠦ ᠪᠠᠢᠪᠠ ᠃ ᠲᠡᠷᠡ ᠦᠬᠦᠬᠦ ᠎ᠡᠴᠡ ᠠᠶᠤᠬᠤ ᠦᠭᠡᠢ ᠪᠠᠭᠠᠲᠤᠷ ᠵᠣᠷᠢᠭ ᠲᠠᠢ ᠬᠥᠮᠦᠨ ᠪᠣᠯᠪᠠᠴᠤ ᠶᠡᠷᠦᠩᠬᠡᠢᠯᠡᠨ ᠵᠠᠬᠢᠷᠴᠤ ᠨᠢᠭᠡᠳᠦᠯᠲᠡᠢ ᠲᠣᠬᠢᠷᠠᠭᠤᠯᠬᠤ ᠡᠷᠳᠡᠮ ᠦᠭᠡᠢ ᠂ ᠪᠦᠬᠦᠢᠯᠡ ᠤᠯᠠᠭᠠᠨ ᠠᠯᠴᠢᠭᠤᠷᠳᠠᠨ ᠪᠣᠰᠤᠯᠭ᠎ᠠ ᠶ᠋ᠢᠨ ᠴᠡᠷᠢᠭ ᠲᠦ᠍ ᠨᠢᠭᠡᠳᠦᠭᠰᠡᠨ ᠬᠠᠷᠠᠯᠲᠠ ᠦᠭᠡᠢ ᠪᠡᠷ ᠪᠠᠷᠠᠬᠤ ᠦᠭᠡᠢ ᠂ ᠨᠢᠭᠡᠳᠦᠯᠲᠡᠢ ᠵᠢᠯᠣᠭᠣᠳᠤᠯᠭ᠎ᠠ ᠴᠤ᠌ ᠦᠭᠡᠢ ᠂ ᠬᠡᠷᠢᠶ᠎ᠡ ᠳᠠᠭᠤ ᠶ᠋ᠢᠨ ᠰᠦᠷᠦᠭ ᠲᠡᠳᠦᠢ ᠪᠤᠶᠤ ᠃ ᠡᠢᠮᠦ ᠪᠠᠢᠳᠠᠯ ᠳᠣᠣᠷ᠎ᠠ ᠴᠠᠭᠠᠨᠲᠡᠮᠦᠷ ᠦ᠋ᠨ ᠴᠡᠷᠢᠭ ᠦᠦᠭᠰᠡᠨ ᠮᠣᠳᠣ ᠶ᠋ᠢ ᠤᠨᠠᠭᠠᠵᠤ ᠦᠵᠢᠷᠡᠭᠰᠡᠨ ᠡᠪᠡᠰᠦ ᠶ᠋ᠢ ᠬᠠᠮᠤᠬᠤ ᠬᠦᠴᠦᠨ ᠢ᠋ᠶ᠋ᠡᠷ ᠭᠡᠨᠡᠳᠲᠡ ᠳᠠᠭᠠᠷᠢᠨ ᠢᠷᠡᠭᠰᠡᠨ ᠳ᠋ᠦ᠍ ᠤᠯᠠᠭᠠᠨ ᠠᠯᠴᠢᠭᠤᠷᠳᠠᠨ ᠴᠡᠷᠢᠭ ᠵᠡᠷᠭᠡ ᠵᠡᠷᠭᠡ ᠪᠡᠷ ᠤᠷᠭᠤᠨ ᠪᠤᠲᠠᠷᠠᠵᠤ ᠪᠢᠶᠠᠨᠯᠢᠶᠠᠩ ᠬᠣᠲᠠ ᠵᠥᠪᠬᠡᠨ ᠬᠣᠭᠣᠰᠣᠨ ᠬᠣᠲᠠ ᠪᠣᠯᠤᠨ ᠬᠣᠴᠣᠷᠪᠠ ᠃ ᠯᠢᠦ ᠹᠦ ᠲᠦᠩ ᠪᠠᠢᠳᠠᠯ ᠮᠠᠭᠤ ᠪᠣᠯᠤᠭᠰᠠᠨ ᠢ᠋ ᠦᠵᠡᠭᠡᠳ ᠬᠠᠨ ᠯᠢᠨ ᠡᠯ ᠢ᠋ ᠠᠪᠴᠤ ᠠᠨ ᠹᠧᠩ ( ᠣᠳᠣ ᠶ᠋ᠢᠨ ᠠᠨᡁᠦᠢ᠍ᠢ ᠶ᠋ᠢᠨ ᠱᠸᠦ ᠱᠢᠶᠠᠨ ) ᠳ᠋ᠤ᠌ ᠳᠤᠲᠠᠭᠠᠨ ᠣᠴᠢᠪᠠ ᠃ ᠴᠠᠭᠠᠨᠲᠡᠮᠦᠷ ᠂ ᠪᠢᠶᠠᠨᠯᠢᠶᠠᠩ ᠬᠣᠲᠠ ᠶ᠋ᠢ ᠡᠵᠡᠯᠡᠨ ᠠᠪᠤᠭᠠᠳ ᠠᠷᠠᠳ ᠢ᠋ ᠠᠮᠤᠷᠵᠢᠭᠤᠯᠬᠤ ᠲᠤᠩᠬᠠᠭ ᠲᠠᠷᠬᠠᠭᠠᠵᠤ ᠠᠮᠤ ᠬᠦᠨᠡᠰᠦ ᠬᠤᠪᠢᠶᠠᠨ ᠲᠣᠬᠣᠨᠢᠭᠤᠯᠵᠤ ᠭᠠᠴᠢᠭᠳᠠᠭᠰᠠᠨ ᠢᠷᠭᠡᠳ ᠢ᠋ ᠲᠡᠳᠬᠦᠨ ᠬᠠᠪᠰᠤᠷᠪᠠ ᠃ ᠲᠣᠬᠤᠨᠲᠡᠮᠦᠷ ᠬᠠᠭᠠᠨ ᠢᠯᠠᠯᠲᠠ ᠶ᠋ᠢᠨ ᠮᠡᠳᠡᠭᠡ ᠶ᠋ᠢ ᠣᠯᠤᠭᠠᠳ ᠴᠠᠭᠠᠨᠲᠡᠮᠦᠷ ᠢ᠋ ᠾᠧᠨᠠᠨ ᠬᠤᠪᠢᠶᠠᠷᠢ ᠮᠣᠵᠢ ᠶ᠋ᠢᠨ ᠫᠢᠩ ᠵᠠᠩ ᠲᠦᠱᠢᠮᠡᠯ ᠡᠷᠭᠦᠮᠵᠢᠯᠡᠵᠦ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠮᠡᠳᠡᠭᠴᠢ ᠶ᠋ᠢᠨ ᠲᠤᠱᠢᠶᠠᠯ ᠢ᠋ ᠬᠠᠪᠰᠤᠷᠭᠠᠪᠠ ᠃  ᠯᠢᠦ ᠹᠦ ᠲᠦᠩ ᠂ ᠠᠨ ᠹᠧᠩ ᠳ᠋ᠦ᠍ ᠢᠷᠡᠭᠰᠡᠨ ᠦ᠌ ᠬᠣᠢᠨ᠎ᠠ ᠤᠮᠠᠷᠠᠰᠢ ᠳᠠᠢᠯᠠᠭᠰᠠᠨ ᠵᠡᠭᠦᠨ ᠵᠠᠮ ᠤ᠋ᠨ ᠴᠡᠷᠢᠭ ᠦ᠋ᠨ ᠵᠠᠩᠵᠤᠨ ᠮᠠᠤ ᠬᠦᠢ ᠯᠦ᠍ᠭᠡ ᠬᠣᠯᠪᠣᠭ᠎ᠠ ᠠᠪᠴᠤ ᠴᠡᠷᠢᠭ ᠦ᠋ᠨ ᠰᠦᠷ ᠢ᠋ᠶ᠋ᠡᠨ ᠳᠠᠬᠢᠨ ᠮᠠᠨᠳᠤᠭᠤᠯᠬᠤ ᠪᠠᠷ ᠣᠷᠣᠯᠳᠣᠪᠠ ᠃ ᠮᠠᠤ ᠬᠦᠢ ᠡᠨᠡ ᠦᠶ᠎ᠡ ᠳ᠋ᠦ᠍ ᠶᠤᠸᠠᠨ ᠤᠯᠤᠰ ᠤ᠋ᠨ ᠴᠡᠷᠢᠭ ᠦ᠋ᠨ ᠳᠠᠭᠠᠷᠢᠯᠲᠠ ᠳ᠋ᠤ᠌ ᠤᠴᠠᠷᠠᠵᠤ ᠮᠠᠱᠢ ᠬᠦᠴᠢᠷᠳᠡᠯᠲᠡᠢ ᠪᠠᠢᠳᠠᠯ ᠳ᠋ᠤ᠌ ᠲᠤᠯᠭᠠᠷᠠᠵᠤ ᠱᠠᠨᠳᠦ᠋ᠩ ᠳ᠋ᠦ᠍ ᠤᠬᠤᠷᠢᠨ ᠢᠷᠡᠭᠡᠳ ᠪᠠᠢᠪᠠ ᠃ ᠵᠣᠣ ᠵᠢᠶᠦ᠋ᠨ ᠶᠦᠩ ᠪᠣᠯ ᠮᠠᠤ ᠬᠦᠢ ᠶ᠋ᠢᠨ ᠭᠠᠷ ᠳᠣᠣᠷᠠᠬᠢ ᠢᠲᠡᠭᠡᠯᠲᠦ ᠴᠡᠷᠢᠭ ᠦ᠋ᠨ ᠨᠣᠶᠠᠨ ᠪᠥᠯᠥᠭᠡ ᠃ ᠲᠡᠷᠡ ᠮᠠᠤ ᠬᠦᠢ ᠶ᠋ᠢᠨ ᠬᠠᠮᠲᠤ ᠳᠠᠯᠠᠢ ᠪᠠᠷ ᠲᠣᠭᠣᠷᠢᠨ ᠭᠠᠷᠴᠤ ᠱᠠᠨᠳᠦ᠋ᠩ ᠂ ᠾᠧᠪᠧᠢ ᠶ᠋ᠢᠨ ᠵᠧᠦ ᠱᠢᠶᠠᠨ ᠢ᠋ ᠤᠤᠯᠭᠠᠯᠠᠨ ᠳᠠᠢᠳᠤ ᠬᠣᠲᠠ ᠶ᠋ᠢ ᠬᠠᠭᠠᠵᠤ ᠪᠠᠢᠯᠳᠤᠬᠤ ᠳ᠋ᠤ᠌ ᠪᠦᠷ ᠬᠠᠮᠲᠤ ᠪᠠᠢᠭᠰᠠᠨ ᠪᠥᠭᠡᠳ ᠵᠢᠭᠰᠠᠭᠠᠯ ᠤ᠋ᠨ ᠡᠮᠦᠨ᠎ᠡ ᠬᠣᠱᠢᠭᠤᠷᠠᠨ ᠣᠷᠣᠵᠤ ᠲᠤᠢᠯ ᠤ᠋ᠨ ᠡᠷᠡᠯᠬᠡᠭ ᠪᠠᠭᠠᠲᠤᠷᠯᠢᠭ ᠪᠠᠢᠯᠳᠤᠵᠤ ᠮᠠᠱᠢ ᠣᠯᠠᠨ ᠲᠡᠢᠨ ᠦ᠌ ᠭᠠᠪᠢᠶ᠎ᠠ ᠪᠠᠢᠭᠤᠯᠤᠭᠰᠠᠨ ᠠᠵᠤᠭᠤ ᠃ ᠭᠡᠲᠡᠯ᠎ᠡ ᠱᠠᠨᠳᠦ᠋ᠩ ᠳ᠋ᠦ᠍ ᠤᠬᠤᠷᠢᠨ ᠢᠷᠡᠭᠰᠡᠨ ᠦ᠌ ᠬᠣᠢᠨ᠎ᠠ ᠮᠠᠤ ᠬᠦᠢ ᠯᠦ᠍ᠭᠡ ᠬᠠᠷᠢᠴᠠᠭ᠎ᠠ ᠮᠠᠭᠤᠳᠠᠵᠤ ᠵᠣᠣ ᠵᠢᠶᠦ᠋ᠨ ᠶᠦᠩ ᠦ᠋ᠨ ᠰᠠᠨᠠᠭ᠎ᠠ ᠰᠡᠳᠬᠢᠯ ᠬᠤᠪᠢᠷᠠᠵᠤ ᠮᠠᠤ ᠬᠦᠢ ᠶᠠᠮᠠᠷ ᠴᠤ᠌ ᠪᠡᠯᠡᠳᠬᠡᠯ ᠦᠭᠡᠢ ᠪᠠᠢᠳᠠᠯ ᠳᠣᠣᠷ᠎ᠠ ᠬᠢᠲᠤᠭᠠᠯᠠᠨ ᠠᠯᠠᠭᠠᠳ ᠴᠡᠷᠢᠭ ᠦ᠋ᠨ ᠡᠷᠬᠡ ᠶ᠋ᠢ ᠪᠤᠯᠢᠶᠠᠪᠠ ᠃ ᠮᠠᠤ ᠬᠦᠢ ᠶ᠋ᠢᠨ ᠭᠠᠷ ᠳᠣᠣᠷᠠᠬᠢ ᠳᠣᠲᠣᠨᠣ ᠨᠠᠢᠵᠠ ᠨᠠᠷ ᠨᠢ ᠴᠦ᠍ ᠵᠣᠣ ᠵᠢᠶᠦ᠋ᠨ ᠶᠦᠩ ᠳ᠋ᠦ᠍ ᠬᠣᠷᠣᠰᠴᠤ ᠮᠥᠨ ᠲᠡᠭᠦᠨ ᠢ᠋ ᠠᠯᠠᠪᠠ ᠃ ᠡᠢᠨ ᠬᠦ᠌ ᠤᠮᠠᠷᠠᠰᠢ ᠳᠠᠢᠯᠠᠭᠰᠠᠨ ᠵᠡᠭᠦᠨ ᠵᠠᠮ ᠤ᠋ᠨ ᠴᠡᠷᠢᠭ ᠲᠤᠭ ᠦᠭᠡᠢ ᠴᠡᠷᠢᠭ ᠪᠣᠯᠵᠤ ᠪᠤᠲᠠᠷᠠᠨ ᠰᠠᠷᠨᠢᠪᠠ ᠃ 
    ᠮᠠᠤ ᠬᠦᠢ ᠂ ᠱᠠᠨᠳᠦ᠋ᠩ ᠦ᠋ᠨ ᠵᠧᠦ ᠱᠢᠶᠠᠨ ᠢ᠋ ᠪᠦᠰᠡᠯᠡᠨ ᠪᠠᠢᠯᠳᠤᠵᠤ ᠪᠠᠢᠭᠰᠠᠨ ᠦᠶ᠎ᠡ ᠳ᠋ᠦ᠍ ᠳᠠᠭᠠᠷ᠎ᠠ ᠢᠷᠡᠭᠰᠡᠨ ᠲᠢᠶᠠᠨ ᠹᠧᠩ ᠂ ᠵᠠᠩ ᠱᠢ ᠴᠧᠩ ᠬᠣᠶᠠᠭᠤᠯᠠ ᠪᠣᠯ ᠤᠤᠯ ᠤ᠋ᠨ ᠶᠤᠸᠠᠨ ᠤᠯᠤᠰ ᠤ᠋ᠨ ᠣᠷᠣᠨ ᠨᠤᠲᠤᠭ ᠤ᠋ᠨ ᠴᠡᠷᠢᠭ ᠦ᠋ᠨ ᠨᠣᠶᠠᠨ ᠪᠠᠢᠪᠠ ᠃ ᠲᠡᠳᠡ ᠤᠯᠠᠭᠠᠨ ᠠᠯᠴᠢᠭᠤᠷᠳᠠᠨ ᠪᠣᠰᠤᠯᠭ᠎ᠠ ᠶ᠋ᠢᠨ ᠴᠡᠷᠢᠭ ᠳᠣᠲᠣᠷ᠎ᠠ ᠵᠠᠭᠤᠷ᠎ᠠ ᠪᠠᠨ ᠬᠢᠮᠤᠷᠠᠯᠳᠤᠵᠤ ᠡᠬᠢᠯᠡᠭᠰᠡᠨ ᠳ᠋ᠦ᠍ ᠪᠠᠷ᠎ᠠ ᠬᠠᠷᠠᠵᠤ ᠂ ᠪᠠᠢᠳᠠᠯ ᠢ᠋ ᠠᠩᠬᠠᠷᠤᠨ ᠠᠯᠢ ᠲᠠᠯ᠎ᠠ ᠳ᠋ᠤ᠌ ᠴᠤ᠌ ᠬᠡᠯᠪᠡᠢᠭᠰᠡᠨ ᠦᠭᠡᠢ ᠪᠡᠶ᠎ᠡ ᠪᠡᠨ ᠳᠠᠭᠠᠭᠠᠭᠰᠠᠨ ᠲᠤᠰᠠᠭᠠᠷ ᠴᠡᠷᠢᠭ ᠪᠣᠯᠵᠤ ᠂ ᠠᠷᠠᠳ ᠣᠯᠠᠨ ᠤ᠋ ᠰᠡᠳᠬᠢᠯ ᠢ᠋ ᠠᠪᠴᠤ ᠰᠦᠷ ᠬᠦᠴᠦᠨ ᠢ᠋ᠶ᠋ᠡᠨ ᠦᠭᠡᠭᠦᠱᠢᠷᠡᠭᠦᠯᠪᠡ ᠃ 
     ᡁᠢ ᠵᠧᠩ ᠦ᠋ᠨ ᠬᠣᠷᠢᠨ ᠨᠢᠭᠡᠳᠦᠭᠡᠷ ᠣᠨ (1361 ᠣᠨ ) ᠤ᠋ ᠵᠢᠷᠭᠤᠳᠤᠭᠠᠷ ᠰᠠᠷ᠎ᠠ ᠳ᠋ᠤ᠌ ᠂ ᠴᠠᠭᠠᠨᠲᠡᠮᠦᠷ ᠱᠠᠨᠳᠦ᠋ᠩ ᠦ᠋ᠨ ᠤᠯᠠᠭᠠᠨ ᠠᠯᠴᠢᠭᠤᠷᠳᠠᠨ ᠴᠡᠷᠢᠭ ᠦ᠋ᠨ ᠳᠣᠲᠣᠭᠠᠳᠤ ᠳ᠋ᠤ᠌ ᠬᠠᠭᠠᠷᠠᠯ ᠡᠭᠦᠰᠦᠭᠰᠡᠨ ᠴᠢᠮᠡᠭᠡ ᠶ᠋ᠢ ᠣᠯᠤᠭᠠᠳ ᠲᠡᠷᠡ ᠳᠠᠷᠤᠢ ᠴᠡᠷᠢᠭ ᠢ᠋ᠶ᠋ᠡᠨ ᠳᠠᠢᠴᠢᠯᠠᠨ ᠾᠧᠨᠠᠨ ᠤ᠋ ᠮᠧᠩ ᠦ᠋ᠨ ( ᠣᠳᠣ ᠶ᠋ᠢᠨ ᠾᠧᠨᠠᠨ ᠤ᠋ ᠮᠧᠩ ᠦ᠋ᠨ ᠦ᠌ ᠵᠡᠭᠦᠨ ) ᠡᠴᠡ ᠮᠣᠷᠳᠠᠵᠤ ᠂ ᠨᠠᠢ᠍ᠮᠠᠳᠤᠭᠠᠷ ᠰᠠᠷ᠎ᠠ ᠳ᠋ᠤ᠌ ᠲᠠ ᠴᠢᠩ ᠾᠧ ᠭᠣᠣᠯ ᠳ᠋ᠤ᠌ ᠢᠷᠡᠭᠡᠳ ᠵᠢᠷᠤᠮ ᠤ᠋ᠨ ᠬᠥᠪᠡᠭᠦᠨ ᠬᠦᠬᠡᠲᠡᠮᠦᠷ ᠲᠦ᠍ ᠲᠠᠪᠤᠨ ᠲᠦᠮᠡᠨ ᠱᠢᠯᠢᠳᠡᠭ ᠴᠡᠷᠢᠭ ᠥᠭᠴᠦ ᠂ ᠳ᠋ᠦᠩᠫᠢᠩ ᠴᠥᠯᠭᠡ ( ᠣᠳᠣ ᠶ᠋ᠢᠨ ᠱᠠᠨᠳᠦ᠋ᠩ ᠦ᠋ᠨ ᠳ᠋ᠦᠩᠫᠢᠩ ᠣᠷᠴᠢᠮ ᠤ᠋ᠨ ᠭᠠᠵᠠᠷ ᠣᠷᠣᠨ ) ᠢ᠋ ᠬᠠᠭᠠᠵᠤ ᠪᠠᠢᠯᠳᠤᠭᠤᠯᠪᠠ ᠃ ᠳ᠋ᠦᠩᠫᠢᠩ ᠢ᠋ ᠰᠠᠬᠢᠵᠤ ᠰᠠᠭᠤᠭᠰᠠᠨ ᠵᠠᠩ ᠱᠢ ᠴᠧᠩ ᠲᠣᠰᠣᠨ ᠪᠠᠢᠯᠳᠤᠵᠤ ᠳᠠᠷᠤᠭᠳᠠᠭᠠᠳ ᠵᠢᠨᠢᠩ ᠢ᠋ ᠰᠠᠬᠢᠨ ᠰᠠᠭᠤᠭᠰᠠᠨ ᠲᠢᠶᠠᠨ ᠹᠸᠩ᠎ᠡᠴᠡ ᠲᠤᠰᠠᠯᠠᠮᠵᠢ ᠭᠤᠶᠤᠪᠠ ᠃ ᠭᠡᠲᠡᠯ᠎ᠡ ᠲᠢᠶᠠᠨ ᠹᠧᠩ ᠠᠯᠢ ᠬᠡᠳᠦᠢᠨ ᠪᠠᠢᠯᠳᠤᠬᠤ ᠰᠠᠨᠠᠭ᠎ᠠ ᠦᠭᠡᠢ ᠪᠣᠯᠵᠤ ᠴᠠᠭᠠᠨᠳᠡᠮᠤᠷ ᠤ᠋ᠨ ᠴᠡᠷᠢᠭ ᠲᠦ᠍ ᠪᠠᠭᠤᠵᠤ ᠥᠭᠭᠦᠭᠰᠡᠨ ᠪᠠᠢᠪᠠ ᠃ ᠵᠠᠩ ᠱᠢ ᠴᠧᠩ ᠦ᠋ᠨ ᠴᠡᠷᠢᠭ ᠲᠤᠰᠠᠯᠠᠮᠵᠢ ᠲᠠᠰᠤᠷᠠᠵᠤ ᠥᠨᠥᠴᠢᠨ ᠴᠡᠷᠢᠭ ᠪᠣᠯᠵᠤ ᠮᠥᠨ ᠠᠷᠭ᠎ᠠ ᠪᠤᠰᠤ ᠴᠠᠭᠠᠨᠳᠡᠮᠤᠷ ᠤ᠋ᠨ ᠴᠡᠷᠢᠭ ᠲᠦ᠍ ᠪᠠᠭᠤᠵᠤ ᠥᠭᠴᠡᠢ ᠃ ᠴᠠᠭᠠᠨᠳᠡᠮᠤᠷ ᠢᠯᠠᠯᠲᠠ ᠶ᠋ᠢᠨ ᠡᠷᠴᠢᠨ ᠳᠡᠭᠡᠷ᠎ᠡ ᠪᠡᠨ ᠵᠢᠢ ᠨᠠᠨ ᠢ᠋ ᠡᠪᠳᠡᠵᠦ ᠡᠶ᠋ᠳ᠋ᠦ᠋ ᠶ᠋ᠢ ᠬᠠᠭᠠᠪᠠ ᠃
     ᠲᠣᠬᠣᠨᠳᠡᠮᠤᠷ ᠬᠠᠭᠠᠨ ᠢᠯᠠᠯᠲᠠ ᠶ᠋ᠢᠨ ᠮᠡᠳᠡᠭᠡ ᠶ᠋ᠢ ᠣᠯᠤᠭᠠᠳ ᠶᠡᠬᠡᠳᠡ ᠪᠠᠶᠠᠷᠯᠠᠵᠤ ᠴᠠᠭᠠᠨᠳᠡᠮᠤᠷ ᠤ᠋ᠨ ᠭᠠᠪᠢᠶ᠎ᠠ ᠶ᠋ᠢ ᠲᠡᠮᠳᠡᠭᠯᠡᠨ ᠬᠦᠨᠳᠦ ᠪᠡᠷ ᠱᠠᠩᠨᠠᠵᠤ ᠂ ᠲᠥᠪ ᠪᠢᠴᠢᠭ ᠦ᠋ᠨ ᠮᠣᠵᠢ ᠶ᠋ᠢᠨ ᠫᠢᠩ ᠵᠠᠩ  ᠵᠧᠩᠱ᠌ᠢ ᠲᠦᠰᠢᠮᠡᠯ ᠡᠷᠭᠦᠮᠵᠢᠯᠡᠵᠦ ᠂ ᠾᠧᠨᠠᠨ ᠱᠠᠨᠳᠦ᠋ᠩ ᠦ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠪᠠᠷ ᠲᠣᠮᠢᠯᠠᠪᠠ ᠃
      ᡁᠢ ᠵᠧᠩ ᠦ᠋ᠨ ᠬᠣᠷᠢᠨ ᠬᠣᠶᠠᠳᠤᠭᠠᠷ ᠣᠨ ᠳ᠋ᠤ᠌ ᠴᠠᠭᠠᠨᠳᠡᠮᠤᠷ ᠂ ᠡᠶ᠋ᠳ᠋ᠦ᠋ ᠬᠣᠲᠠ ᠶ᠋ᠢ ᠳᠠᠭᠠᠷᠢᠨ ᠴᠣᠬᠢᠬᠤ ᠪᠠᠷ ᠴᠡᠷᠢᠭ ᠮᠣᠷᠢ ᠪᠠᠨ ᠪᠠᠢᠷᠢᠯᠠᠭᠤᠯᠵᠤ ᠂ ᠬᠣᠲᠠ ᠳᠠᠭᠠᠷᠢᠬᠤ ᠫᠤᠤ ᠵᠡᠪᠰᠡᠭ ᠢ᠋ᠶ᠋ᠡᠨ ᠰᠢᠯᠵᠢᠭᠦᠯᠦᠨ ᠠᠪᠴᠢᠷᠠᠵᠤ ᠂ ᠬᠣᠲᠠ ᠲᠣᠭᠣᠷᠢᠭᠰᠠᠨ ᠭᠣᠣᠯ ᠤ᠋ᠨ ᠤᠰᠤᠨ ᠢ᠋ ᠬᠠᠰᠢᠵᠤ ᠂ ᠬᠤᠯᠤᠭᠠᠨ᠎ᠠ ᠶ᠋ᠢᠨ ᠨᠦᠬᠡᠨ ᠳ᠋ᠦ᠍ ᠤᠰᠤ ᠴᠢᠳᠬᠤᠬᠤ ᠠᠷᠭ᠎ᠠ ᠪᠠᠷ ᠡᠶ᠋ᠳ᠋ᠦ᠋ ᠬᠣᠲᠠ ᠶ᠋ᠢ ᠪᠠᠢᠯᠳᠤᠪᠠ ᠃ ᠴᠠᠭᠠᠨᠳᠡᠮᠤᠷ ᠰᠠᠢᠬᠠᠨ ᠪᠠᠭᠤᠵᠤ ᠥᠭᠭᠦᠭᠰᠡᠨ ᠲᠢᠶᠠᠨ ᠹᠧᠩ ᠂ ᠵᠠᠩ ᠱᠢ ᠴᠧᠩ ᠦ᠋ᠨ ᠴᠡᠷᠢᠭ ᠢ᠋ ᠡᠶ᠋ᠳ᠋ᠦ᠋ ᠬᠣᠲᠠ ᠶ᠋ᠢᠨ ᠡᠮᠦᠨ᠎ᠡ ᠲᠠᠯ᠎ᠠ ᠪᠠᠷ ᠪᠦᠰᠡᠯᠡᠨ ᠪᠠᠢᠯᠳᠤᠬᠤ ᠪᠠᠷ ᠲᠣᠬᠢᠷᠠᠭᠤᠯᠪᠠ ᠃ ᠲᠢᠶᠠᠨ ᠹᠧᠩ ᠂ ᠵᠠᠩ ᠱᠢ ᠴᠧᠩ ᠳᠠᠯᠳᠠᠭᠤᠷ ᠥᠭᠦᠯᠡᠯᠳᠦᠷᠦᠨ ᠄ 《 ᠪᠢᠳᠡ ᠱᠠᠨᠳᠦ᠋ᠩ ᠳ᠋ᠡᠬᠢ ᠡᠵᠡᠮᠰᠢᠯ ᠦ᠋ᠨ ᠭᠠᠵᠠᠷ ᠢ᠋ᠶ᠋ᠠᠨ ᠴᠠᠭᠠᠨᠳᠡᠮᠤᠷ ᠲᠤ᠌ ᠡᠷᠭᠦᠵᠦ ᠂ ᠲᠡᠭᠦᠨ ᠢ᠋ ᠳᠠᠭᠠᠷ᠎ᠠ ᠢᠷᠡᠭᠰᠡᠨ ᠵᠣᠷᠢᠯᠭ᠎ᠠ ᠪᠣᠯᠪᠠᠰᠤ ᠶᠤᠸᠠᠨ ᠤ᠋ ᠲᠥᠷᠥ ᠶ᠋ᠢ ᠳᠤᠮᠳᠠ᠎ ᠠᠴᠠ ᠮᠠᠨᠳᠤᠭᠤᠯᠵᠤ ᠴᠤᠭᠭᠠᠷ ᠡᠷᠬᠡ ᠠᠰᠢᠭ ᠣᠯᠬᠤ ᠶ᠋ᠢ ᠬᠦᠰᠡᠭᠰᠡᠨ ᠪᠥᠯᠥᠭᠡ ᠃ ᠡᠳᠦᠭᠡ ᠦᠵᠡᠪᠡᠰᠦ ᠴᠠᠭᠠᠨᠳᠡᠮᠤᠷ ᠬᠠᠷᠢᠨ ᠭᠤᠷᠪᠠᠨ ᠤᠯᠤᠰ ᠤ᠋ᠨ ᠦᠶ᠎ᠡ ᠶ᠋ᠢᠨ ᠼᠤᠤ ᠼᠤᠤ ᠮᠡᠲᠦ ᠬᠥᠮᠦᠨ ᠪᠠᠢᠨᠠᠮ ᠃ ᠪᠢᠳᠡ ᠲᠡᠭᠦᠨ ᠦ᠌ ᠲᠥᠯᠥᠭᠡ ᠠᠮᠢ ᠴᠦᠯᠡᠵᠦ ᠪᠠᠢᠯᠳᠤᠬᠤ ᠬᠡᠮᠡᠭᠴᠢ ᠥᠪᠡᠷ ᠢ᠋ᠶ᠋ᠡᠨ ᠼᠤᠤ ᠼᠤᠤ ᠪᠣᠯᠬᠤ ᠶ᠋ᠢ ᠬᠦᠷᠬᠦ ᠦᠭᠡᠢ 》 ᠬᠡᠮᠡᠭᠡᠳ ᠡᠶ᠋ᠳ᠋ᠦ᠋ ᠬᠣᠲᠠ ᠶ᠋ᠢ ᠰᠠᠬᠢᠭᠴᠢ ᠵᠠᠩᠵᠤᠨ ᠴᠸᠨ ᠨᠣᠤ ᠲᠧᠦ ᠲᠡᠢ ᠬᠣᠯᠪᠣᠭ᠎ᠠ ᠠᠪᠴᠤ ᠳᠣᠲᠣᠷ᠎ᠠ ᠭᠠᠳᠠᠷ᠎ ᠠᠴᠠ ᠴᠠᠭᠠᠨᠳᠡᠮᠤᠷ ᠤ᠋ᠨ ᠴᠡᠷᠢᠭ ᠢ᠋ ᠬᠠᠪᠴᠢᠨ ᠴᠣᠬᠢᠬᠤ ᠪᠠᠷ ᠪᠣᠯᠵᠣᠪᠠ ᠃ ᠲᠢᠶᠠᠨ ᠹᠧᠩ ᠂ ᠵᠠᠩ ᠱᠢ ᠴᠧᠩ ᠳ᠋ᠦ᠍ ᠥᠭᠦᠯᠡᠷᠦᠨ ᠄ 《 ᠮᠠᠷᠭᠠᠰᠢ ᠴᠠᠭᠠᠨᠳᠡᠮᠤᠷ ᠮᠢᠨᠦ ᠴᠡᠷᠢᠭ ᠦ᠋ᠨ ᠬᠦᠷᠢᠶᠡᠨ ᠳ᠋ᠦ᠍ ᠲᠣᠬᠣᠨᠢᠭᠤᠯᠤᠷ᠎ᠠ ᠢᠷᠡᠮᠦᠢ ᠃ ᠴᠢ ᠪᠡᠷ ᠵᠠᠪᠰᠢᠶᠠᠨ ᠢ᠋ ᠦᠵᠡᠵᠦ ᠪᠠᠢᠭᠠᠳ ᠴᠠᠭᠠᠨᠳᠡᠮᠤᠷ ᠢ᠋ ᠬᠣᠣᠷᠯᠠᠨ ᠠᠯᠠᠲᠤᠭᠠᠢ ! 》 ᠬᠡᠮᠡᠪᠡ ᠃ 
     ᠲᠡᠳᠦᠢ ᠳ᠋ᠦ᠍ᠷ ᠴᠠᠭᠠᠨᠳᠡᠮᠤᠷ ᠤ᠋ᠨ ᠭᠠᠷ ᠳᠣᠣᠷᠠᠬᠢ ᠵᠠᠩᠵᠤᠨ ᠨᠠᠷ ᠲᠢᠶᠠᠨ ᠹᠧᠩ ᠂ ᠵᠠᠩ ᠱᠢ ᠴᠧᠩ ᠦ᠋ᠨ ᠪᠠᠢᠳᠠᠯ ᠮᠠᠶᠢᠭ ᠪᠠᠬᠠᠨ ᠰᠡᠵᠢᠭ ᠲᠠᠢ ᠪᠠᠢᠭ᠎ᠠ ᠶ᠋ᠢ ᠮᠡᠳᠡᠭᠡᠳ ᠴᠠᠭᠠᠨᠳᠡᠮᠤᠷ ᠤ᠋ᠨ ᠲᠡᠳᠡᠨ ᠦ᠌ ᠴᠡᠷᠢᠭ ᠦ᠋ᠨ ᠬᠦᠷᠢᠶᠡᠨ ᠳ᠋ᠦ᠍ ᠪᠡᠶ᠎ᠡ ᠪᠡᠷ ᠬᠦᠷᠴᠦ ᠲᠣᠬᠣᠨᠢᠭᠤᠯᠬᠤ ᠶ᠋ᠢ ᠬᠣᠷᠢᠭᠯᠠᠪᠠ ᠃ ᠴᠠᠭᠠᠨᠳᠡᠮᠤᠷ ᠥᠭᠦᠯᠡᠷᠦᠨ ᠄ 《 ᠪᠢ ᠦᠨᠡᠨ ᠬᠦ᠌ ᠰᠡᠳᠬᠢᠯ ᠢ᠋ᠶ᠋ᠡᠷ ᠬᠥᠮᠦᠨ ᠳ᠋ᠦ᠍ ᠬᠠᠨᠳᠤᠮᠤᠢ ᠂ ᠬᠥᠮᠦᠨ ᠨᠠᠳᠠ ᠶ᠋ᠢ ᠦᠯᠦ ᠦᠲᠡᠭᠡᠷᠦᠮᠦᠢ 》 ᠬᠡᠮᠡᠪᠡ ᠃ ᠣᠯᠠᠨ ᠵᠠᠩᠵᠤᠨ ᠢᠳᠬᠠᠵᠤ ᠦᠯᠦ ᠰᠣᠨᠣᠰᠬᠤ ᠶ᠋ᠢ ᠮᠡᠳᠡᠭᠡᠳ ᠢᠳᠡ ᠬᠦᠴᠦᠲᠦ ᠪᠠᠭᠠᠲᠤᠷ ᠴᠡᠷᠢᠭ ᠢ᠋ ᠢᠯᠡᠭᠦᠬᠡᠨ ᠠᠪᠴᠤ ᠣᠳᠰᠤᠭᠠᠢ ᠬᠡᠮᠡᠬᠦᠶ᠎ᠡ ᠮᠥᠨ ᠦᠯᠦ ᠪᠣᠯᠤᠨ ᠵᠥᠪᠬᠡᠨ ᠠᠷᠪᠠᠨ ᠨᠢᠭᠡᠨ ᠮᠣᠷᠢᠲᠤ ᠬᠥᠮᠦᠨ ᠢ᠋ ᠳᠠᠭᠠᠭᠤᠯᠤᠨ ᠲᠢᠶᠠᠨ ᠹᠧᠩ ᠦ᠋ᠨ ᠴᠡᠷᠢᠭ ᠦ᠋ᠨ ᠬᠦᠷᠢᠶᠡᠨ ᠳ᠋ᠦ᠍ ᠣᠴᠢᠪᠠ ᠃ ᠲᠢᠶᠠᠨ ᠹᠧᠩ ᠂ ᠵᠠᠩ ᠱᠢ ᠴᠧᠩ ᠭᠠᠷᠴᠤ ᠢᠷᠡᠭᠡᠳ ᠴᠠᠭᠠᠨᠳᠡᠮᠤᠷ ᠢ᠋ ᠬᠠᠯᠠᠭᠤᠨ ᠢ᠋ᠶ᠋ᠠᠷ ᠤᠭᠲᠤᠨ ᠤᠨᠤᠭᠰᠠᠨ ᠮᠣᠷᠢᠳ ᠢ᠋ ᠨᠢ ᠠᠪᠠᠴᠢᠭᠠᠳ ᠤᠰᠤᠯᠠᠵᠤ ᠡᠪᠡᠰᠦ ᠪᠣᠷᠳᠣᠭ᠎ᠠ ᠥᠭᠴᠦ ᠂ ᠳᠠᠭᠠᠭᠰᠠᠨ ᠰᠢᠳᠠᠷ ᠴᠡᠷᠢᠭ ᠢ᠋ ᠣᠨᠳᠣᠣ ᠥᠷᠥᠭᠡᠨ ᠳ᠋ᠦ᠍ ᠵᠣᠴᠢᠯᠠᠪᠠ ᠃ ᠴᠠᠭᠠᠨᠳᠡᠮᠤᠷ ᠨᠢᠳᠦ ᠣᠷᠬᠢᠨ ᠦᠵᠡᠪᠡᠰᠦ ᠡᠲᠡᠭᠡᠳ ᠪᠠᠢᠳᠠᠯ ᠦᠭᠡᠢ ᠲᠤᠯᠠ ᠰᠡᠳᠬᠢᠯ ᠪᠠᠬᠠᠨ ᠰᠤᠯᠠ ᠪᠣᠯᠵᠤ ᠬᠤᠷᠢᠮ ᠤ᠋ᠨ ᠰᠢᠷᠡᠭᠡᠨ ᠦ᠌ ᠳᠤᠮᠳᠠ ᠰᠠᠭᠤᠳᠠᠯ ᠳ᠋ᠤ᠌ ᠰᠠᠭᠤᠭᠠᠳ ᠲᠢᠶᠠᠨ ᠹᠧᠩ ᠦ᠋ᠨ ᠪᠠᠷᠢᠭᠰᠠᠨ ᠠᠷᠢᠬᠢ ᠶ᠋ᠢ ᠭᠠᠷ ᠰᠤᠩᠭᠠᠨ ᠲᠣᠰᠣᠨ ᠠᠪᠬᠤ ᠵᠠᠭᠤᠷ᠎ᠠ ᠵᠠᠩ ᠱᠢ ᠴᠧᠩ ᠰᠡᠯᠡᠮ᠎ᠡ ᠰᠤᠭᠤᠯᠤᠨ ᠴᠠᠭᠠᠨᠳᠡᠮᠤᠷ ᠤ᠋ᠨ ᠣᠷᠣᠢ ᠤᠷᠤᠭᠤ ᠴᠠᠪᠴᠢᠪᠠ ᠃ ᠴᠠᠭᠠᠨᠳᠡᠮᠤᠷ ᠲᠣᠯᠣᠭᠠᠢ ᠪᠠᠨ ᠳᠠᠯᠵᠢᠢᠨ ᠪᠠᠷᠠᠭᠤᠨ ᠭᠠᠷ ᠢ᠋ᠶ᠋ᠠᠷ ᠢ᠋ᠶ᠋ᠠᠨ ᠰᠡᠯᠡᠮ᠎ᠡ ᠶ᠋ᠢ ᠵᠠᠢᠯᠠᠭᠤᠯᠤᠭᠰᠠᠨ᠎ᠠ ᠪᠠᠷᠠᠭᠤᠨ ᠮᠥᠷᠥ ᠨᠢ ᠰᠡᠯᠡᠮ᠎ᠡ ᠳ᠋ᠦ᠍ ᠣᠨᠣᠭᠳᠠᠭᠠᠳ ᠠᠷᠤ ᠲᠡᠢᠰᠢ ᠪᠡᠨ ᠰᠠᠪᠠᠵᠤ ᠤᠨᠠᠪᠠ ᠃ ᠴᠠᠭᠠᠨᠳᠡᠮᠤᠷ ᠤ᠋ᠨ ᠳᠠᠭᠠᠭᠰᠠᠨ ᠰᠢᠳᠠᠷ ᠴᠡᠷᠢᠭ ᠢ᠋ ᠪᠠᠰᠠ ᠨᠥᠭᠥᠭᠡ ᠥᠷᠥᠭᠡ ᠳ᠋ᠦ᠍ ᠪᠦᠭᠦᠳᠡᠭᠡᠷ ᠢ᠋ ᠪᠠᠷᠢᠵᠤ ᠠᠯᠠᠪᠠ ᠃ ᠲᠢᠶᠠᠨ ᠹᠧᠩ ᠂ ᠵᠠᠩ ᠱᠢ ᠴᠧᠩ ᠬᠤᠢᠬᠤᠷ ᠮᠠᠭᠤ ᠠᠷᠭ᠎ᠠ ᠪᠠᠷ ᠴᠠᠭᠠᠨᠳᠡᠮᠤᠷ ᠢ᠋ ᠬᠣᠣᠷᠯᠠᠨ ᠠᠯᠠᠭᠰᠠᠨ ᠤ᠋ ᠳᠠᠷᠠᠭ᠎ᠠ ᠴᠡᠷᠢᠭ ᠢ᠋ᠶ᠋ᠡᠨ ᠳᠠᠭᠠᠭᠤᠯᠤᠨ ᠡᠶ᠋ᠳ᠋ᠦ᠋ ᠬᠣᠲᠠ ᠳ᠋ᠤ᠌ ᠣᠷᠣᠵᠤ ᠪᠡᠶ᠎ᠡ ᠳᠠᠯᠳᠠᠯᠠᠪᠠ ᠃ ᠴᠠᠭᠠᠨᠲᠡᠮᠦᠷ ᠦ᠋ᠨ ᠵᠢᠷᠤᠮ ᠤ᠋ᠨ ᠬᠥᠪᠡᠭᠦᠨ ᠬᠦᠬᠡᠲᠡᠮᠦᠷ ᠡᠴᠢᠭᠡ ᠶ᠋ᠢᠨ ᠢ᠋ᠶ᠋ᠡᠨ ᠵᠠᠪᠰᠢᠶᠠᠨ ᠪᠤᠰᠤ ᠪᠠᠷ ᠬᠣᠣᠷᠯᠠᠭᠳᠠᠭᠰᠠᠨ ᠢ᠋ ᠰᠣᠨᠣᠰᠤᠭᠠᠳ ᠲᠡᠷᠡ ᠳᠠᠷᠤᠢ ᠶᠡᠬᠡ ᠴᠡᠷᠢᠭ ᠢ᠋ ᠳᠠᠢᠴᠢᠯᠠᠨ ᠢᠳᠦ᠋ ᠬᠣᠲᠠ ᠶ᠋ᠢ ᠪᠦᠰᠡᠯᠡᠨ ᠳᠠᠭᠠᠷᠢᠪᠠ ᠃ ᠢᠳᠦ᠋ ᠬᠣᠲᠠ ᠶ᠋ᠢ ᠰᠠᠬᠢᠭᠴᠢ ᠨᠣᠶᠠᠨ ᠴᠸᠨ ᠨᠣᠤ ᠲᠧᠦ ᠶᠡᠬᠡᠳᠡ ᠭᠡᠯᠮᠡᠭᠳᠡᠵᠦ ᠬᠥᠮᠦᠨ ᠢᠯᠡᠭᠡᠵᠦ ᠯᠢᠦ ᠹᠦ ᠲᠦᠩ᠎ ᠡᠴᠡ ᠲᠤᠰᠠᠯᠠᠮᠵᠢ ᠭᠤᠶᠤᠪᠠ ᠃ 
    ᠲᠡᠳᠦᠢ ᠳ᠋ᠦ᠍ᠷ ᠯᠢᠦ ᠹᠦ ᠲᠦᠩ ᠪᠢᠶᠠᠨᠯᠢᠶᠠᠩ ᠬᠣᠲᠠ ᠶ᠋ᠢᠨ ᠪᠦᠰᠡᠯᠡᠯᠲᠡ᠎ᠡᠴᠡ ᠳᠤᠲᠠᠭᠠᠵᠤ ᠭᠠᠷᠤᠭᠠᠳ ᠠᠨ ᠹᠧᠩ ᠳ᠋ᠦ᠍ ᠬᠣᠷᠭᠣᠳᠠᠵᠤ ᠪᠠᠢᠪᠠ ᠃ ᠲᠡᠷᠡ ᠠᠮᠢ ᠪᠠᠨ ᠪᠠᠰᠠ ᠠᠷᠭᠠᠴᠠᠭᠠᠵᠤ ᠳᠡᠢᠯᠬᠦ ᠦᠭᠡᠢ ᠪᠠᠢᠭᠰᠠᠨ ᠲᠤᠯᠠ ᠲᠤᠰᠠᠯᠠᠬᠤ ᠴᠡᠷᠢᠭ ᠢᠯᠡᠭᠡᠭᠰᠡᠨ ᠦᠭᠡᠢ ᠃ ᠡᠭᠦᠨ ᠳ᠋ᠦ᠍ ᠴᠸᠨ ᠨᠣᠤ ᠲᠧᠦ ᠶᠠᠭ ᠪᠦᠯᠡᠬᠡ ᠵᠠᠯᠭᠢᠭᠰᠠᠨ ᠰᠢᠭ᠋ ᠶᠠᠭᠠᠬᠢᠵᠤ ᠶᠠᠭᠠᠬᠢᠬᠤ ᠪᠠᠨ ᠣᠯᠬᠤ ᠦᠭᠡᠢ ᠪᠣᠯᠤᠯ᠎ᠠ ᠃ ᠦᠵᠡᠰᠡ ᠂ ᠢᠳᠦ᠋ ᠬᠣᠲᠠ ᠶ᠋ᠢᠨ ᠴᠡᠷᠢᠭ ᠠᠷᠠᠳ ᠤᠬ᠎ ᠠᠴᠠ ᠴᠠᠭᠠᠨᠲᠡᠮᠦᠷ ᠦ᠋ᠨ ᠥᠷᠥᠰᠢᠶᠡᠯ ᠵᠢᠷᠤᠮ ᠢ᠋ ᠢᠭᠲᠦᠯᠦᠨ ᠪᠢᠰᠢᠷᠡᠳᠡᠭ ᠪᠣᠯᠬᠣᠷ ᠲᠡᠭᠦᠨ ᠦ᠌ ᠵᠠᠪᠰᠢᠶᠠᠨ ᠪᠤᠰᠤ ᠪᠠᠷ ᠬᠣᠣᠷᠯᠠᠭᠳᠠᠭᠰᠠᠨ ᠢ᠋ ᠮᠡᠳᠡᠭᠡᠳ ᠴᠸᠨ ᠨᠣᠤ ᠲᠧᠦ ᠪᠣᠯᠤᠨ ᠲᠢᠶᠠᠨ ᠹᠧᠩ ᠂ ᠵᠠᠩ ᠱᠢ ᠴᠧᠩ ᠳ᠋ᠦ᠍ ᠬᠣᠷᠣᠰᠴᠤ ᠪᠦᠭᠦᠳᠡᠭᠡᠷ ᠭᠠᠷ ᠬᠥᠳᠡᠯᠦᠨ ᠪᠠᠷᠢᠵᠤ ᠬᠦᠯᠢᠭᠡᠳ ᠬᠦᠬᠡᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠳᠠᠷᠤᠵᠤ ᠬᠦᠷᠭᠡᠪᠡ ᠃ ᠬᠦᠬᠡᠲᠡᠮᠦᠷ ᠡᠴᠢᠭᠡ ᠶ᠋ᠢ ᠨᠢ ᠬᠣᠣᠷᠯᠠᠭᠰᠠᠨ ᠥᠰᠢᠶᠡᠲᠡᠨ ᠬᠤᠯᠠᠭᠠᠢ ᠲᠢᠶᠠᠨ ᠹᠧᠩ ᠂ ᠵᠠᠩ ᠱᠢ ᠴᠧᠩ ᠬᠣᠶᠠᠭᠤᠯᠠ ᠶ᠋ᠢ ᠦᠵᠡᠭᠡᠳ ᠬᠣᠶᠠᠷ ᠨᠢᠳᠦᠨ ᠡᠴᠡ ᠨᠢ ᠭᠠᠯ ᠪᠠᠳᠠᠷᠠᠵᠤ ᠂ ᠬᠥᠮᠥᠰᠬᠡ ᠶ᠋ᠢᠨ ᠰᠡᠵᠢᠭᠦᠷ᠎ ᠡᠴᠡ ᠨᠢ ᠤᠲᠤᠭ᠎ᠠ ᠪᠤᠷᠭᠢᠯᠤᠨ ᠲᠡᠷᠡ ᠳᠠᠷᠤᠢ ᠬᠣᠶᠠᠭᠤᠯᠠ ᠶ᠋ᠢᠨ ᠬᠤᠪᠴᠠᠰᠤ ᠶ᠋ᠢ ᠲᠠᠢᠯᠵᠤ ᠴᠠᠭᠠᠨᠲᠡᠮᠦᠷ ᠦ᠋ᠨ ᠬᠥᠷᠥᠭ ᠦ᠋ᠨ ᠡᠮᠦᠨ᠎ᠡ ᠰᠥᠭᠥᠳᠬᠡᠵᠦ ᠵᠢᠷᠦᠬᠡ ᠶ᠋ᠢ ᠨᠢ ᠰᠤᠭᠤᠯᠤᠨ ᠡᠴᠢᠭᠡ ᠶ᠋ᠢᠨ ᠢ᠋ᠶ᠋ᠡᠨ ᠬᠢᠯᠢᠰ ᠰᠦᠨᠡᠰᠦ ᠳ᠋ᠦ᠍ ᠲᠠᠪᠢᠭᠯᠠᠪᠠ ᠃ ᠴᠸᠨ ᠨᠣᠤ ᠲᠧᠦ ᠶ᠋ᠢ ᠪᠠᠰᠠ ᠴᠠᠪᠴᠢᠨ ᠠᠯᠠᠪᠠ ᠃ ᠲᠣᠬᠤᠨᠲᠡᠮᠦᠷ ᠬᠠᠭᠠᠨ ᠢ᠋ᠶ᠋ᠠᠷ ᠴᠠᠭᠠᠨᠲᠡᠮᠦᠷ ᠦ᠋ᠨ ᠬᠣᠣᠷᠯᠠᠭᠳᠠᠭᠰᠠᠨ ᠮᠡᠳᠡᠭᠡ ᠶ᠋ᠢ ᠣᠯᠤᠭᠠᠳ ᠶᠡᠬᠡᠳᠡ ᠭᠠᠰᠢᠭᠤᠳᠠᠵᠤ ᠲᠡᠭᠦᠨ ᠢ᠋ 《 ᠦᠨᠡᠨ ᠰᠡᠳᠬᠢᠯ ᠢ᠋ᠶ᠋ᠡᠷ ᠬᠣᠯᠠᠳᠠᠬᠢᠨ ᠢ᠋ ᠲᠣᠭᠲᠠᠭᠠᠭᠰᠠᠨ ᠂ ᠰᠢᠳᠤᠷᠭᠤ ᠬᠢᠴᠢᠶᠡᠩᠭᠦᠢ ᠪᠡᠷ ᠵᠢᠷᠤᠮ ᠢ᠋ ᠢᠯᠡᠷᠡᠭᠦᠯᠦᠭᠰᠡᠨ ᠭᠠᠪᠢᠶᠠᠲᠤ ᠰᠠᠢᠳ 》 ᠭᠡᠮᠡᠨ ᠡᠷᠭᠦᠮᠵᠢᠯᠡᠭᠡᠳ ᠰᠢᠶᠠᠨ ᠡᠦ ᠬᠡᠮᠡᠬᠦ ᠴᠣᠯᠠ ᠨᠡᠬᠡᠵᠦ ᠰᠣᠶᠣᠷᠬᠠᠭᠰᠠᠨ ᠪᠠ ᠾᠧᠨᠠᠨ ᠂ ᠱᠠᠨᠳᠦ᠋ᠩ ᠵᠡᠷᠭᠡ ᠭᠠᠵᠠᠷ ᠲᠤ᠌ ᠰᠦᠮ᠎ᠡ ᠪᠤᠰᠬᠠᠭᠤᠯᠤᠨ ᠵᠢᠯ ᠪᠦᠷᠢ ᠳᠥᠷᠪᠡᠨ ᠴᠠᠭ ᠲᠤᠷ ᠳᠠᠬᠢᠭᠤᠯᠪᠠ ᠃ ᠬᠥᠪᠡᠭᠦᠨ ᠬᠦᠬᠡᠳᠡᠮᠤᠷ ᠢ᠋ ᠲᠥᠪ ᠪᠢᠴᠢᠭ ᠦ᠋ᠨ ᠮᠣᠵᠢ ᠶ᠋ᠢᠨ ᠫᠢᠩ ᠵᠠᠩ  ᠵᠧᠩᠱ᠌ᠢ ᠲᠦᠰᠢᠮᠡᠯ ᠪᠣᠯᠭᠠᠵᠤ ᠂ ᠾᠧᠨᠠᠨ ᠂ ᠱᠠᠨᠳᠦ᠋ᠩ ᠵᠡᠷᠭᠡ ᠭᠠᠵᠠᠷ ᠤ᠋ᠨ ᠬᠤᠪᠢᠶᠠᠷᠢ ᠮᠣᠵᠢ ᠶ᠋ᠢᠨ ᠣᠯᠠᠨ ᠴᠡᠷᠢᠭ ᠢ᠋ ᠨᠡᠢᠲᠡᠯᠡᠨ ᠵᠠᠬᠢᠷᠤᠭᠤᠯᠵᠤ ᠂ ᠣᠯᠠᠨ ᠵᠠᠩᠵᠤᠨ ᠴᠡᠷᠢᠭ ᠲᠦ᠍ ᠰᠤᠷᠭᠠᠵᠤ ᠵᠠᠷᠯᠢᠭ ᠪᠣᠯᠤᠷᠤᠨ ᠄ 《 ᠲᠠᠨ ᠤ᠋ ᠣᠯᠠᠨ ᠵᠠᠩᠵᠤᠨ ᠴᠡᠷᠢᠭ ᠦ᠋ᠳ ᠴᠠᠭᠠᠨᠳᠡᠮᠤᠷ ᠯᠤᠭ᠎ᠠ ᠴᠡᠷᠢᠭ ᠲᠡᠢᠨ ᠳ᠋ᠦ᠍ᠷ ᠬᠠᠮᠲᠤ ᠪᠠᠢᠯᠳᠤᠵᠤ ᠤᠳᠠᠭᠰᠠᠨ ᠢ᠋ᠶ᠋ᠠᠷ ᠬᠡᠰᠢᠭ ᠵᠢᠷᠤᠮ ᠠᠨᠤ ᠦᠨᠡᠬᠡᠷ ᠶᠠᠰᠤ ᠮᠢᠬ᠎ᠠ ᠠᠳᠠᠯᠢ ᠪᠦᠬᠦᠢ ᠶ᠋ᠢᠨ ᠲᠤᠯᠠ ᠲᠡᠷᠰᠯᠡᠭᠰᠡᠨ ᠬᠤᠯᠠᠭᠠᠢ ᠯᠤᠭ᠎ᠠ ᠲᠩᠷᠢ ᠶ᠋ᠢ ᠬᠠᠮᠲᠤ ᠦᠯᠦ ᠰᠢᠲᠦᠬᠦ ᠥᠰᠢᠶ᠎ᠡ ᠶ᠋ᠢ ᠰᠠᠨᠠᠨ ᠬᠢᠴᠢᠶᠡᠵᠦ ᠂ ᠬᠦᠴᠦᠯᠡᠨ ᠬᠠᠷᠢᠭᠤ ᠠᠪᠴᠤ ᠶᠡᠬᠡ ᠵᠢᠷᠤᠮ ᠢ᠋ ᠲᠣᠳᠣᠷᠠᠭᠤᠯᠪᠠᠰᠤ ᠵᠣᠬᠢᠮᠤᠢ 》 ᠬᠡᠮᠡᠪᠡ ᠃ ᠬᠦᠬᠡᠳᠡᠮᠤᠷ ᠡᠴᠢᠭᠡ ᠶ᠋ᠢᠨ ᠢ᠋ᠶ᠋ᠡᠨ ᠭᠡᠷᠢᠶᠡᠰ ᠵᠣᠷᠢᠭ ᠢ᠋ ᠵᠠᠯᠭᠠᠮᠵᠢᠯᠠᠵᠤ ᠣᠯᠠᠨ ᠵᠠᠮ ᠤ᠋ᠨ ᠴᠡᠷᠢᠭ ᠢ᠋ ᠨᠡᠢᠲᠡᠯᠡᠨ ᠵᠠᠬᠢᠷᠴᠤ ᠂ ᠱᠠᠨᠳᠦ᠋ᠩ ᠳ᠋ᠡᠬᠢ ᠤᠯᠠᠭᠠᠨ ᠠᠯᠴᠢᠭᠤᠷᠲᠠᠨ ᠴᠡᠷᠢᠭ ᠢ᠋ ᠪᠦᠰᠡᠯᠡᠨ ᠤᠰᠠᠳᠬᠠᠵᠤ ᠱᠠᠨᠳᠦ᠋ᠩ ᠂ ᠾᠧᠨᠠᠨ ᠤ᠋ ᠣᠯᠠᠨ ᠵᠧᠦ ᠰᠢᠶᠠᠨ  ᠢᠶᠠᠷ ᠣᠷᠢᠶᠠᠨ ᠳᠤᠲᠠᠭᠠᠪᠠ ᠃ ᠰᠤᠳᠤᠷ ᠪᠢᠴᠢᠭ ᠲᠦ᠍ ᠲᠣᠳᠣᠷᠠᠭᠤᠯᠤᠨ ᠥᠭᠦᠯᠡᠭᠰᠡᠨ ᠢᠨᠤ ᠄ 《 ᠴᠠᠭᠠᠨᠳᠡᠮᠤᠷ ᠢ᠋ᠶ᠋ᠠᠷ ᠲᠢᠶᠠᠨ ᠹᠧᠩ ᠢ᠋ ᠮᠠᠰᠢ ᠬᠦᠨᠳᠦᠳᠡ ᠦᠵᠡᠭᠰᠡᠨ ᠪᠥᠭᠡᠲᠡᠯ᠎ᠡ ᠲᠢᠶᠠᠨ ᠹᠧᠩ ᠬᠠᠷᠢᠨ ᠬᠣᠣᠷ ᠢ᠋ᠶ᠋ᠠᠷ ᠬᠠᠷᠢᠭᠤᠯᠠᠪᠠᠢ ᠃ ᠡᠭᠦᠪᠡᠷ ᠤᠷᠪᠠᠮᠠᠲᠠᠭᠠᠢ ᠮᠠᠭᠤ ᠬᠤᠯᠠᠭᠠᠢᠴᠢ ᠶ᠋ᠢ ᠭᠦᠨ᠎ᠡ ᠪᠤᠷᠤᠭᠤᠰᠢᠶᠠᠬᠤ ᠴᠤ᠌ ᠶᠠᠭᠤᠨ ᠬᠡᠷᠡᠭ ᠃ ᠭᠠᠭᠴᠠ ᠴᠠᠭᠠᠨᠳᠡᠮᠤᠷ ᠥᠪᠡᠷ ᠦ᠋ᠨ ᠦᠨᠡᠨ ᠢ᠋ᠶ᠋ᠡᠨ ᠭᠠᠷᠭᠠᠵᠤ ᠦᠵᠡᠭᠦᠯᠦᠭᠰᠡᠨ ᠳ᠋ᠦ᠍ ᠪᠡᠨ ᠡᠷᠡᠮᠰᠢᠨ ᠣᠭᠣᠭᠠᠲᠠ ᠳᠦᠷᠪᠡᠵᠦ ᠪᠦᠲᠦᠯ ᠦᠭᠡᠢ ᠮᠠᠭᠤ ᠠᠷᠠᠳ ᠤ᠋ᠨ ᠭᠠᠷ ᠲᠤᠷ ᠤᠨᠠᠭᠰᠠᠨ ᠠᠨᠤ ᠮᠠᠰᠢ ᠶᠡᠬᠡ ᠭᠣᠮᠣᠳᠠᠯᠲᠠᠢ ᠦᠭᠡᠢ ᠦᠦ! ᠶᠡᠷᠦ ᠴᠠᠭᠠᠨᠳᠡᠮᠤᠷ ᠤᠯᠤᠰ ᠲᠥᠷᠥ ᠶ᠋ᠢᠨ ᠲᠥᠯᠥᠭᠡ ᠰᠢᠳᠤᠷᠭᠤ ᠶ᠋ᠢ ᠭᠦᠢᠴᠡᠳᠬᠡᠨ ᠡᠬᠢᠨ ᠎ᠡᠴᠡ ᠡᠴᠦᠰ ᠲᠦ᠍ᠷ ᠬᠦᠷᠲᠡᠯ᠎ᠡ ᠦᠯᠦ ᠬᠤᠪᠢᠯᠤᠨ ᠂ ᠱᠠᠨᠳᠦ᠋ᠩ ᠂ ᠾᠧᠨᠠᠨ ᠤ᠋ ᠭᠠᠵᠠᠷ ᠢ᠋ ᠠᠯᠠᠭᠠᠨ ᠤᠷᠪᠠᠭᠤᠯᠬᠤ ᠠᠳᠠᠯᠢ ᠬᠢᠯᠪᠠᠷᠬᠠᠨ ᠠᠪᠤᠯᠤᠭ᠎ᠠ ᠃ ᠬᠡᠷᠪᠡᠲᠡ ᠲᠩᠷᠢ ᠥᠷᠥᠰᠢᠶᠡᠵᠦ ᠨᠠᠰᠤᠨ ᠢ᠋ ᠢᠨᠤ ᠤᠷᠲᠤᠳᠬᠠᠭᠰᠠᠨ ᠪᠥᠭᠡᠰᠦ ᠵᠠᠯᠢᠬᠠᠢ ᠠᠷᠠᠳ ᠢ᠋ ᠮᠥᠯᠢᠵᠦ ᠠᠷᠢᠯᠭᠠᠨ ᠬᠠᠭᠤᠴᠢᠨ ᠭᠠᠵᠠᠷ ᠣᠷᠣᠨ ᠢ᠋ᠶ᠋ᠠᠨ ᠡᠭᠡᠭᠦᠯᠦᠨ ᠠᠪᠬᠤ ᠪᠥᠯᠥᠭᠡ ᠃ ᠶᠡᠬᠡ ᠬᠡᠷᠡᠭ ᠢ᠋ ᠪᠦᠲᠦᠭᠡᠬᠦ ᠶ᠋ᠢᠨ ᠤᠷᠢᠳᠠᠴᠠ ᠪᠦᠷᠢᠯᠦᠭᠰᠡᠨ ᠢᠨᠤ ᠦᠨᠡᠬᠡᠷ ᠤᠶᠠᠷᠠᠯᠲᠠᠢ ᠪᠣᠢ ᠢ᠎ᠠ! 》 ᠬᠡᠮᠡᠪᠡ ᠃ ᠪᠠᠰᠠ ᠥᠭᠦᠯᠡᠭᠰᠡᠨ ᠢᠨᠤ ᠄ 《 ᠶᠤᠸᠠᠨ ᠤᠯᠤᠰ ᠤ᠋ᠨ ᠡᠴᠦᠰ ᠦᠶ᠎ᠡ ᠳ᠋ᠦ᠍ ᠳᠡᠭᠡᠳᠦ ᠲᠦᠰᠢᠮᠡᠯ ᠢ᠋ ᠣᠯᠤᠭᠠᠳ ᠬᠦᠨᠳᠦ ᠹᠦᠩᠯᠦ ᠶ᠋ᠢ ᠢᠳᠡᠭᠰᠡᠳ ᠲᠣᠭᠠᠯᠠᠰᠢ ᠦᠭᠡᠢ ᠠᠪᠠᠴᠤ ᠰᠢᠳᠤᠷᠭᠤ ᠶ᠋ᠢ ᠭᠦᠢᠴᠡᠳᠬᠡᠨ ᠵᠢᠷᠤᠮ ᠢ᠋ᠶ᠋ᠠᠷ ᠵᠢᠳᠬᠦᠭᠰᠡᠳ ᠬᠠᠷᠢᠨ ᠬᠥᠳᠡᠭᠡ ᠡᠪᠡᠰᠦᠲᠦ ᠭᠠᠵᠠᠷ᠎ ᠠᠴᠠ ᠭᠠᠷᠴᠤᠬᠤᠢ ᠃ ᠴᠠᠭᠠᠨᠲᠡᠮᠦᠷ ᠦᠨᠡᠬᠡᠷ ᠣᠯᠠᠨ᠎ ᠠᠴᠠ ᠬᠡᠲᠦᠢᠳᠴᠦ ᠴᠢᠩ ᠰᠡᠳᠬᠢᠯ ᠢ᠋ᠶ᠋ᠡᠷ ᠪᠣᠰᠤᠭᠰᠠᠨ ᠶᠡᠬᠡ ᠡᠷ᠎ᠡ ᠬᠡᠮᠡᠵᠦ ᠪᠣᠯᠤᠶᠤ ᠃ ᠯᠢ ᠰᠧ ᠴᠢ ᠬᠠᠮᠲᠤ ᠵᠢᠷᠤᠮᠲᠤ ᠴᠡᠷᠢᠭ ᠪᠣᠰᠬᠠᠪᠠᠴᠤ ᠡᠴᠦᠰ ᠲᠦ᠍ ᠪᠡᠨ ᠰᠠᠢᠳ ᠤ᠋ᠨ ᠵᠢᠷᠤᠮ ᠢ᠋ ᠠᠯᠳᠠᠭᠰᠠᠨ ᠲᠤᠯᠠᠳᠠ ᠴᠠᠭᠠᠨᠲᠡᠮᠦᠷ ᠯᠤᠭᠡ ᠠᠳᠠᠯᠢᠳᠬᠠᠪᠠᠰᠤ ᠶᠡᠬᠡ ᠢᠴᠢᠭᠦᠷᠢᠲᠦ ᠠᠮᠤᠢ 》 ᠬᠡᠮᠡᠪᠡ ᠃ ᠯᠢ ᠰᠧ ᠴᠢ ᠂ ᠬᠥᠬᠡᠲᠡᠮᠦᠷ ᠯᠣᠭᠡ ᠴᠡᠷᠢᠭ ᠦ᠋ᠨ ᠡᠷᠬᠡ ᠪᠤᠯᠢᠶᠠᠯᠳᠤᠭᠠᠳ ᠡᠴᠦᠰ ᠲᠦ᠍ ᠵᠣ᠌ ᠶᠤᠸᠠᠨ ᠵᠠᠩ ᠤ᠋ᠨ ᠴᠡᠷᠢᠭ ᠲᠦ᠍ ᠪᠠᠭᠤᠵᠤ ᠥᠭᠭᠦᠭᠰᠡᠨ ᠪᠣᠯᠠᠢ ᠃