ᠠᠭᠸᠠᠩᠳᠠᠨᠳᠠᠷАгваандандар
ᠬᠡᠯᠡᠨ ᠦ᠌ ᠡᠷᠳᠡᠮᠲᠡᠨ ᠂ ᠤᠷᠠᠨ ᠵᠣᠬᠢᠶᠠᠯ ᠤ᠋ᠨ ᠣᠨᠣᠯᠴᠢ ᠪᠥᠭᠡᠳ ᠢᠷᠠᠭᠤ ᠨᠠᠶ᠋ᠢᠷᠠᠭᠴᠢ
ᠠᠭᠸᠠᠩᠳᠠᠨᠳᠠᠷ (1756 —1856 ) ( ᠪᠠᠰᠠ ᠲᠠᠨᠲᠠᠷ ᠭᠡᠳᠡᠭ ) ᠥᠪᠥᠷ ᠮᠣᠩᠭᠣᠯ ᠤ᠋ᠨ ᠠᠯᠠᠱᠠ ᠬᠤᠰᠢᠭᠤᠨ ᠤ᠋ ᠬᠥᠮᠦᠨ ᠪᠣᠯᠤᠨ᠎ᠠ ᠃ ᠠᠭᠸᠠᠩᠳᠠᠨᠳᠠᠷ ᠬᠠᠷᠠᠬᠠᠨ ᠪᠠᠭ᠎ᠠ ᠠ᠋ᠴᠠ ᠠᠯᠠᠱᠠ ᠬᠤᠰᠢᠭᠤᠨ ᠤ᠋ ᠵᠡᠭᠦᠨ ᠬᠡᠶ᠋ᠢᠳ ᠲᠦ᠍ ᠯᠠᠮᠠ ᠪᠣᠯᠤᠨ ᠰᠠᠭᠤᠵᠤ ᠂ᠨᠣᠮ ᠰᠤᠷᠤᠭᠠᠳ ᠮᠣᠩᠭᠣᠯ ᠲᠥᠪᠡᠳ ᠪᠢᠴᠢᠭ ᠲᠦ᠍ ᠨᠡᠪᠲᠡᠷᠡᠭᠰᠡᠨ ᠪᠠᠢᠵᠠᠢ᠃ ᠲᠡᠷᠡ ᠲᠥᠪᠡᠳ ᠦ᠋ᠨ ᠮᠥᠩᠬᠡ ᠵᠣᠣ ( ᡀᠠᠰᠠ ) ᠳ᠋ᠤ᠌ ᠬᠦᠷᠴᠦ ᠰᠢᠷ᠎ᠠ ᠶ᠋ᠢᠨ ᠱᠠᠰᠢᠨ ᠤ᠋ ᠡᠷᠳᠡᠮ ᠦ᠋ᠨ ᠳᠡᠭᠡᠳᠦ ᠴᠣᠯᠠ 《 ᡀᠠᠷᠠᠮᠪᠠ 》 ᠴᠣᠯᠠ ᠶ᠋ᠢ ᠬᠠᠮᠠᠭᠠᠯᠠᠭᠰᠠᠨ ᠪᠣᠯᠬᠣᠷ ᠬᠥᠮᠦᠰ ᠲᠡᠭᠦᠨ ᠦ᠌ ᠡᠷᠳᠡᠮ ᠦ᠋ᠨ ᠴᠣᠯᠠ ᠪᠠᠷ ᠨᠢ ᠠᠯᠠᠱᠠᠨ ᠤ᠋ ᠲᠠᠨᠲᠠᠷ ᡀᠠᠷᠠᠮᠪᠠ ᠭᠡᠵᠦ ᠳᠠᠭᠤᠳᠠᠳᠠᠭ᠃ ᠠᠭᠸᠠᠩᠳᠠᠨᠳᠠᠷ ᠪᠣᠯ ᠱᠠᠰᠢᠨ ᠤ᠋ ᠭᠦᠨ ᠤᠬᠠᠭᠠᠨ᠂ ᠰᠤᠳᠤᠷ ᠤ᠋ᠨ ᠲᠠᠷᠨᠢ ᠶ᠋ᠢᠨ ᠤᠬᠠᠭᠠᠨ ᠳ᠋ᠤ᠌ ᠨᠡᠪᠲᠡᠷᠡᠭᠰᠡᠨ ᠪᠥᠭᠡᠳ ᠢᠯᠠᠩᠭᠤᠶ᠎ᠠ ᠮᠣᠩᠭᠣᠯ ᠬᠡᠯᠡᠨ ᠦ᠌ ᠰᠢᠨᠵᠢᠯᠡᠯ᠂ ᠤᠷᠠᠨ ᠵᠣᠬᠢᠶᠠᠯ ᠤ᠋ᠨ ᠣᠨᠣᠯ᠂ ᠲᠥᠪᠡᠳ ᠮᠣᠩᠭᠣᠯ ᠣᠷᠴᠢᠭᠤᠯᠭ᠎ᠠ ᠵᠡᠷᠭᠡ ᠲᠠᠯ᠎ᠠ ᠪᠠᠷ ᠴᠥᠮ ᠶᠡᠬᠡᠬᠡᠨ ᠵᠢᠳᠬᠦᠯ ᠦᠵᠡᠭᠦᠯᠦᠭᠰᠡᠨ ᠬᠥᠮᠦᠨ ᠶᠦ᠍ᠮ᠃ 1809ᠣᠨ ᠳ᠋ᠤ᠌ ᠠᠭᠸᠠᠩᠳᠠᠨᠳᠠᠷ ᠡᠷᠲᠡᠨ ᠦ᠌ ᠡᠨᠡᠳᠬᠡᠭ ᠦ᠋ᠨ ᠶᠡᠬᠡ ᠰᠢᠯᠦᠭᠴᠢ ᠳᠠᠨᠳᠢᠨ ᠤ᠋ ᠠᠪᠤᠷᠭᠤ ᠪᠦᠲᠦᠭᠡᠯ ᠪᠣᠯᠬᠤ 《ᠵᠣᠬᠢᠰᠲᠤ ᠠᠶᠠᠯᠠᠭᠤᠨ ᠤ᠋ ᠲᠣᠯᠢ 》 ᠶ᠋ᠢ ᠰᠤᠷᠤᠯᠴᠠᠬᠤ ᠪᠠᠷ ᠵᠣᠷᠢᠭᠯᠠᠨ ᠭᠦᠮᠪᠦᠮ ᠬᠡᠶ᠋ᠢᠳ ᠲᠦ᠍ ᠣᠴᠢᠵᠤ ᠶᠡᠬᠡ ᠬᠦᠴᠦ ᠵᠠᠷᠤᠴᠠᠭᠤᠯᠵᠤ ᠪᠠᠢᠭᠠᠳ ᠡᠴᠦᠰ ᠲᠦ᠍ ᠪᠡᠨ᠄ 《ᠡᠭᠡᠰᠢᠭᠲᠦ ᠶ᠋ᠢ ᠪᠠᠶᠠᠰᠬᠠᠬᠤ ᠡᠭᠡᠰᠢᠭ ᠳᠠᠭᠤ 》ᠬᠡᠮᠡᠬᠦ ᠵᠣᠬᠢᠶᠠᠯ ᠢ᠋ ᠦᠨᠳᠦᠰᠦ ᠪᠣᠯᠭᠠᠨ 《ᠵᠣᠬᠢᠰᠲᠤ ᠠᠶᠠᠯᠭᠤᠨ ᠤ᠋ ᠲᠣᠯᠢ 》 ᠶ᠋ᠢ ᠰᠤᠳᠤᠯᠵᠤ ᠄ 《 ᠡᠭᠡᠰᠢᠭᠲᠦ ᠶ᠋ᠢ ᠪᠠᠶᠠᠰᠬᠠᠬᠤ ᠡᠭᠡᠰᠢᠭ ᠳᠠᠭᠤ 》 ᠭᠡᠬᠦ ᠠᠩᠬᠠᠨ ᠤ᠋ ᠲᠤᠷᠰᠢᠯᠲᠠ ᠶ᠋ᠢᠨ ᠵᠣᠬᠢᠶᠠᠯ ᠢ᠋ᠶ᠋ᠠᠨ ᠪᠢᠴᠢᠪᠡ ᠃1828 ᠣᠨ ᠳ᠋ᠤ᠌ ᠠᠭᠸᠠᠩᠳᠠᠨᠳᠠᠷ 《 ᠮᠣᠩᠭᠣᠯ ᠦᠰᠦᠭ ᠦ᠋ᠨ ᠶᠣᠰᠣᠨ ᠊ᠢ ᠰᠠᠶ᠋ᠢᠲᠤᠷ ᠨᠣᠮᠯᠠᠭᠰᠠᠨ ᠬᠡᠯᠡᠨ ᠦ᠌ ᠴᠢᠮᠡᠭ ᠬᠡᠮᠡᠭᠳᠡᠬᠦ ᠣᠷᠣᠰᠢᠪᠠ 》 ᠬᠡᠮᠡᠬᠦ ᠬᠡᠯᠡᠨ ᠦ᠌ ᠰᠢᠨᠵᠢᠯᠡᠯ ᠦ᠋ᠨ ᠠᠯᠳᠠᠷᠲᠤ ᠵᠣᠬᠢᠶᠠᠯ ᠢ᠋ᠶ᠋ᠠᠨ ᠪᠢᠴᠢᠪᠡ᠃ ᠣᠳᠣ ᠲᠤᠰ ᠵᠣᠬᠢᠶᠠᠯ ᠨᠢ ᠬᠡᠯᠡᠨ ᠦ᠌ ᠰᠢᠨᠵᠢᠯᠡᠯ ᠦ᠋ᠨ ᠬᠣᠪᠣᠷ ᠨᠠᠨᠳᠢᠨ ᠥᠪ ᠪᠣᠯᠤᠨ ᠦᠯᠡᠳᠡᠵᠡᠢ ᠃
1829ᠣᠨ ᠳ᠋ᠤ᠌ ᠠᠭᠸᠠᠩᠳᠠᠨᠳᠠᠷ ᠄ 《 ᠵᠣᠬᠢᠰᠲᠤ ᠠᠶᠠᠯᠭᠤᠨ ᠤ᠋ ᠲᠣᠯᠢ ᠶ᠋ᠢᠨ ᠭᠤᠷᠪᠠᠳᠤᠭᠠᠷ ᠪᠦᠯᠦᠭ ᠦ᠋ᠨ ᠵᠢᠱ᠌ᠢᠶ᠎ᠡ ᠰᠢᠯᠦᠭ ᠲᠣᠳᠣᠷᠬᠠᠢ ᠣᠶᠤᠲᠤ ᠶ᠋ᠢᠨ ᠬᠣᠭᠣᠯᠠᠢ ᠶ᠋ᠢᠨ ᠴᠢᠮᠡᠭ ᠦᠵᠡᠰᠬᠦᠯᠡᠩᠲᠦ ᠰᠤᠪᠤᠳ ᠡᠷᠢᠭᠡ 》 ᠬᠢᠭᠡᠳ 《 ᠦᠯᠢᠭᠡᠷ ᠦ᠋ᠨ ᠴᠢᠮᠡᠭ ᠦ᠋ᠨ ᠡᠭᠦᠳᠡᠨ ᠡᠴᠡ ᠪᠠᠭᠰᠢ ᠪᠠᠨ ᠮᠠᠭᠲᠠᠬᠤ ᠮᠠᠭᠲᠠᠭᠠᠯ ᠂ ᠡᠷᠳᠡᠮ ᠦ᠋ᠨ ᠳᠠᠯᠠᠢ ᠤᠷᠤᠭᠤ ᠤᠷᠤᠰᠬᠤ ᠰᠦᠵᠢᠭ ᠦ᠋ᠨ ᠮᠤᠷᠠᠨ ᠬᠡᠮᠡᠭᠲᠡᠭᠴᠢ 》 ᠵᠡᠷᠭᠡ ᠵᠣᠬᠢᠶᠠᠯ ᠢ᠋ᠶ᠋ᠠᠨ ᠪᠢᠴᠢᠪᠡ ᠃
1830ᠣᠨ ᠳ᠋ᠤ᠌ ᠠᠭᠸᠠᠩᠳᠠᠨᠳᠠᠷ 《ᠵᠣᠬᠢᠰᠲᠤ ᠠᠶᠠᠯᠭᠤ ᠶ᠋ᠢᠨ ᠲᠣᠯᠢ 》 ᠶ᠋ᠢᠨ ᠬᠣᠶᠠᠳᠤᠭᠠᠷ ᠪᠦᠯᠦᠭ ᠦ᠋ᠨ ᠠᠳᠠᠯᠢᠳᠬᠠᠨ ᠭᠡᠶ᠋ᠢᠭᠦᠯᠬᠦ ᠦᠭᠡᠰ ᠦ᠋ᠨ ᠦᠨᠳᠦᠰᠦ ᠡᠴᠡ ᠥᠪᠡᠷ ᠦ᠋ᠨ ᠪᠠᠭᠰᠢ ᠶ᠋ᠢ ᠮᠠᠭᠲᠠᠨ 《 ᠠᠳᠢᠰᠳᠠ ᠶ᠋ᠢ ᠤᠷᠢᠬᠤ ᠡᠭᠡᠰᠢᠭ ᠂ ᠢᠷᠠᠭᠤ ᠴᠡᠩᠭᠡᠯ 》 ᠭᠡᠬᠦ ᠵᠣᠬᠢᠶᠠᠯ ᠢ᠋ ᠪᠢᠴᠢᠭᠰᠡᠨ ᠪᠥᠭᠡᠳ ᠡᠭᠦᠨ ᠳ᠋ᠦ᠍ ᠪᠡᠨ ᠪᠦᠭᠦᠳᠡ ᠳᠠᠯᠠᠨ ᠳᠣᠯᠣᠭᠠᠨ ᠵᠦᠢᠯ ᠳ᠋ᠦ᠍ ᠵᠣᠬᠢᠴᠠᠭᠤᠯᠤᠨ ᠳᠠᠯᠠᠨ ᠳᠣᠯᠣᠭᠠᠨ ᠪᠠᠳᠠᠭ ᠰᠢᠯᠦᠭ ᠬᠠᠪᠰᠤᠷᠭᠠᠭᠰᠠᠨ ᠪᠠᠶ᠋ᠢᠨ᠎ᠠ᠃
1835ᠣᠨ ᠳ᠋ᠤ᠌ ᠠᠭᠸᠠᠩᠳᠠᠨᠳᠠᠷ 《 ᠳ᠋ᠠᠷ᠎ᠠ ᠡᠬᠡ ᠶ᠋ᠢᠨ ᠮᠠᠭᠲᠠᠭᠠᠯ ᠮᠡᠷᠭᠡᠳ ᠦ᠋ᠨ ᠵᠤᠯᠠᠢ ᠶ᠋ᠢᠨ ᠴᠢᠮᠡᠭ ᠦ᠋ᠨ ᠳᠠᠶ᠋ᠢᠨ ᠨᠣᠮᠯᠠᠯ ᠮᠡᠷᠭᠡᠳ ᠦ᠋ᠨ ᠣᠷᠣᠢ ᠳ᠋ᠠᠬᠢ ᠡᠷᠳᠡᠨᠢ ᠰᠢᠭᠢᠳᠬᠡᠭᠰᠡᠨ ᠴᠢᠮᠡᠭ 》 ᠬᠡᠮᠡᠬᠦ ᠤᠷᠠᠨ ᠵᠣᠬᠢᠶᠠᠯ ᠤ᠋ᠨ ᠣᠨᠣᠯ ᠤ᠋ᠨ ᠴᠢᠨᠠᠷ ᠲᠠᠢ ᠵᠣᠬᠢᠶᠠᠯ ᠢ᠋ ᠲᠤᠭᠤᠷᠪᠢᠭᠰᠠᠨ ᠤ᠋ ᠬᠠᠮᠲᠤ 《 ᠵᠣᠬᠢᠰᠲᠤ ᠠᠶᠠᠯᠭᠤᠨ ᠤ᠋ ᠲᠣᠯᠢ 》 ᠶ᠋ᠢᠨ ᠤᠳᠬ᠎ᠠ ᠪᠣᠯᠤᠨ ᠳᠠᠭᠤᠨ ᠤ᠋ ᠶᠠᠩᠵᠤ ᠪᠦᠷᠢ ᠶ᠋ᠢᠨ ᠴᠢᠮᠡᠭ ᠦ᠋ᠳ ᠢ᠋ ᠠᠰᠢᠭᠯᠠᠨ 《 ᠮᠠᠭᠲᠠᠭᠠᠯ ᠦᠭᠡ ᠴᠡᠴᠡᠭᠡᠨ ᠡᠷᠭᠢᠭᠰᠡᠨ ᠴᠢᠮᠡᠭ 》 ᠭᠡᠳᠡᠭ ᠢᠷᠠᠭᠤ ᠨᠠᠢᠷᠠᠭ ᠢ᠋ ᠪᠢᠴᠢᠪᠡ ᠃
1838 ᠣᠨ ᠤ᠋ ᠦᠶ᠎ᠡ ᠪᠡᠷ ᠠᠭᠸᠠᠩᠳᠠᠨᠳᠠᠷ 《 ᠨᠡᠷ᠎ᠡ ᠤᠳᠬ᠎ᠠ ᠶ᠋ᠢ ᠲᠣᠳᠣᠳᠬᠠᠭᠴᠢ ᠰᠠᠷᠠᠨ ᠤ᠋ ᠭᠡᠷᠡᠯ ᠬᠡᠮᠡᠭᠳᠡᠬᠦ ᠳᠣᠬᠢᠶᠠᠨ ᠤ᠋ ᠪᠢᠴᠢᠭ ᠣᠷᠣᠰᠢᠪᠠᠢ 》 ᠬᠡᠮᠡᠬᠦ ᠲᠥᠪᠡᠳ ᠮᠣᠩᠭᠣᠯ ᠤ᠋ᠨ ᠳᠣᠬᠢᠶᠠᠨ ᠤ᠋ ᠪᠢᠴᠢᠭ ᠢ᠋ ᠪᠢᠴᠢᠵᠦ᠂ ᠰᠢᠨᠵᠢᠯᠡᠯ ᠪᠠ ᠣᠷᠴᠢᠭᠤᠯᠭ᠎ᠠ ᠳ᠋ᠤ᠌ ᠬᠣᠪᠣᠷ ᠡᠷᠳᠡᠨᠢ ᠨᠢᠭᠡᠨ ᠳᠤᠷᠠᠰᠬᠠᠯ ᠢ᠋ ᠦᠯᠡᠳᠡᠭᠡᠵᠡᠢ᠃
ᠠᠭᠸᠠᠩᠳᠠᠨᠳᠠᠷ ᠣᠯᠠᠩᠬᠢ ᠵᠣᠬᠢᠶᠠᠯ ᠢ᠋ᠶ᠋ᠠᠨ ᠲᠥᠪᠡᠳ ᠬᠡᠯᠡ ᠪᠡᠷ ᠪᠢᠴᠢᠭᠰᠡᠨ ᠪᠥᠭᠡᠳ ᠣᠳᠣ ᠲᠡᠭᠦᠨ ᠦ᠌ ᠲᠥᠪᠡᠳ ᠬᠡᠯᠡ ᠪᠡᠷ ᠪᠢᠴᠢᠭᠰᠡᠨ ᠬᠣᠶᠠᠷ ᠪᠣᠳᠢ ᠵᠣᠬᠢᠶᠠᠯ ᠣᠯᠳᠠᠭᠠᠳ ᠪᠣᠢ ᠂ ᠡᠨᠡ ᠬᠦ ᠵᠣᠬᠢᠶᠠᠯ ᠤ᠋ᠨ ᠬᠢᠨᠢ ᠲᠣᠪᠴᠢᠶ᠎ᠠ —《 ᠮᠡᠷᠭᠡᠨ ᠦ᠌ ᠡᠷᠬᠡᠲᠦ ᠠᠯᠠᠱᠠ ᠲᠠᠨᠲᠠᠷ ᡀᠠᠷᠠᠮᠪᠠ ᠶ᠋ᠢᠨ ᠪᠦᠷᠢᠨ ᠪᠣᠳᠢ ᠶ᠋ᠢᠨ ᠭᠠᠷᠴᠠᠭ 》 ᠭᠡᠳᠡᠭ ᠨᠣᠮ ᠳ᠋ᠤ᠌ ᠲᠡᠭᠦᠨ ᠦ᠌ ᠵᠣᠬᠢᠶᠠᠭᠰᠠᠨ ᠳᠥᠴᠢ ᠰᠢᠬᠠᠮ ᠵᠣᠬᠢᠶᠠᠯ ᠤ᠋ᠨ ᠨᠡᠷ᠎ᠡ ᠪᠠᠶ᠋ᠢᠲᠠᠭ᠃ ᠲᠡᠳᠡᠭᠡᠷ ᠨᠢ ᠭᠣᠣᠯᠳᠠᠭᠤ ᠬᠡᠯᠡᠨ ᠦ᠌ ᠰᠢᠨᠵᠢᠯᠡᠯ᠂ ᠤᠷᠠᠨ ᠵᠣᠬᠢᠶᠠᠯ ᠤ᠋ᠨ ᠪᠦᠲᠦᠭᠡᠯ ᠦ᠋ᠳ ᠪᠣᠯᠬᠤ ᠪᠥᠭᠡᠳ ᠤᠷᠠᠨ ᠵᠣᠬᠢᠶᠠᠯ᠂ ᠱᠡᠱᠲᠢᠷ᠂ ᠲᠠᠶ᠋ᠢᠯᠪᠤᠷᠢ᠂ ᠰᠤᠷᠭᠠᠯ᠂ ᠵᠠᠬᠢᠳᠠᠯ ᠵᠡᠷᠭᠡ ᠬᠡᠯᠪᠡᠷᠢ ᠪᠡᠷ ᠪᠦᠷᠢᠯᠳᠦᠭᠰᠡᠨ ᠪᠠᠢᠨ᠎ᠠ᠃
