ᠬᠦᠦ ᠳ᠋ᠡᠭᠡᠨ ᠪᠢᠴᠢᠭᠰᠡᠨ ᠵᠠᠬᠢᠳᠠᠯХүүдээ бичсэн захидал ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠦ ᠳ᠋ᠡᠭᠡᠨ ᠪᠢᠴᠢᠭᠰᠡᠨ ᠵᠠᠬᠢᠳᠠᠯХүүдээ бичсэн захидал

ᠬᠦᠦ ᠳ᠋ᠡᠭᠡᠨ ᠪᠢᠴᠢᠭᠰᠡᠨ ᠵᠠᠬᠢᠳᠠᠯХүүдээ бичсэн захидал

2023-04-07

893

ᠬᠦᠦ ᠳ᠋ᠡᠭᠡᠨ ᠪᠢᠴᠢᠭᠰᠡᠨ ᠵᠠᠬᠢᠳᠠᠯ

   ᠥᠴᠥᠭᠡᠳᠦᠷ ᠦᠳᠡ  ᠳ᠋ᠦ᠍ ᠡᠮᠧ ᠴᠢᠨᠢ ᠪᠤᠤᠵᠠ ᠪᠠᠷᠢᠴᠢᠬᠠᠭᠠᠳ 《 ᠰᠠᠢᠬᠠᠨ ᠬᠣᠭᠣᠯᠠ ᠬᠢᠭᠰᠡᠭᠡᠷ ᠯᠡ ᠬᠦᠦ ᠪᠡᠨ ᠰᠠᠨᠠᠭᠠᠳ ᠪᠠᠶ᠋ᠢᠬᠤ ᠶᠤᠮ 》 ᠭᠡᠯ᠎ᠡ ᠃
ᠥᠨᠥ ᠥᠷᠯᠥᠭᠡ ᠬᠠᠷ᠎ᠠ ᠡᠷᠲᠡ ᠪᠡᠷ 《ᠡᠴᠢᠭᠡ ᠲᠡᠢ ᠪᠡᠨ ᠠᠳᠠᠯᠢᠬᠠᠨ ᠵᠠᠯᠬᠠᠭᠤ ᠠᠮᠢᠲᠠᠨ ᠂ ᠥᠷᠯᠥᠭᠡᠨ ᠦ᠌ ᠲᠠᠮᠢᠷ ᠲᠤ᠌ ᠭᠦᠶᠦᠵᠦ ᠱᠠᠬᠠᠢ ᠪᠠᠨ
ᠨᠣᠷᠭᠠᠴᠢᠬᠠᠭᠠᠳ ᠂ ᠨᠣᠷᠤᠭᠰᠠᠨ ᠱᠠᠬᠠᠢ ᠪᠠᠨ ᠰᠣᠯᠢᠬᠤ ᠠ᠋ᠴᠠ ᠪᠠᠨ ᠵᠠᠯᠬᠠᠭᠤᠷᠠᠭᠠᠳ ᠱᠠᠯᠴᠢᠭᠢᠨᠠᠭᠤᠯᠤᠭᠠᠳ ᠭᠦᠶᠦᠵᠦ ᠪᠠᠶ᠋ᠢᠬ᠋᠎ᠠ ᠂᠂᠂᠂ 》 ᠭᠡᠵᠦ ᠶᠠᠷᠢᠭᠠᠳ ᠡᠬᠢᠯᠡᠴᠢᠬᠡᠯ᠎ᠡ ᠃ ᠡᠨᠡ ᠭᠠᠷᠠᠭ ᠴᠢᠮ᠎ᠠ ᠶ᠋ᠢ ᠣᠴᠢᠵᠤ ᠦᠵᠡᠭᠰᠡᠨ ᠦᠭᠡᠢ ᠰᠠᠨᠠᠴᠢᠬᠠᠭᠠᠳ ᠯᠠ ᠪᠠᠶ᠋ᠢᠬ᠋᠎ᠠ ᠤᠴᠢᠷ ᠠ᠋ !
ᠭᠠᠷᠠᠭ ᠤ᠋ᠨ ᠵᠢᠷᠭᠤᠭᠠᠨ ᠤ᠋ ᠦᠳᠡ ᠡᠴᠡ ᠡᠮᠦᠨ᠎ᠡ ᠡᠮᠧ ᠳ᠋ᠦ᠍ ᠪᠡᠨ ᠶᠠᠪᠤᠭᠤᠯᠤᠭᠰᠠᠨ ᠱᠠᠩᠳᠤ ᠶ᠋ᠢᠨ ᠭᠣᠣᠯ ᠤ᠋ᠨ ᠬᠥᠪᠡᠭᠡᠨ ᠳ᠋ᠦ᠍ ᠰᠠᠭᠤᠭᠠᠳ ᠵᠢᠷᠤᠭᠰᠠᠨ ᠵᠢᠷᠤᠭ᠂ ᠪᠢᠴᠢᠭᠰᠡᠨ ᠰᠡᠳᠬᠢᠭᠳᠡᠯ ᠊ᠢ ᠴᠢᠨᠢ ᠣᠯᠵᠤ ᠬᠠᠷᠠᠬᠤ ᠪᠠᠷ 《 ᠶᠠᠭᠠᠬᠢᠭᠰᠠᠨ ᠠᠭᠤᠤ ᠪᠠᠭᠰᠢ ᠪᠣᠢ ! 》 ᠭᠡᠵᠦ ᠮᠣᠩᠭᠣᠯ ᠬᠡᠯᠡᠨ ᠦ᠌ ᠪᠠᠭᠰᠢ ᠶ᠋ᠢ ᠴᠢᠨᠢ ᠪᠢᠰᠢᠷᠡᠨ ᠬᠦᠨᠳᠦᠳᠬᠡᠯ᠎ᠡ ᠃ ᠮᠢᠨᠦ ᠬᠦᠦ ᠶ᠋ᠢᠨ ᠪᠠᠭᠰᠢ ᠶᠡᠬᠡ ᠮᠤᠨᠳᠠᠭ ᠬᠥᠮᠦᠨ ᠶᠦ᠍ᠮ ᠠ᠋ ! 《 ᠰᠢᠩᠭᠡᠯᠢᠭ 》 ᠴᠦ᠍ ᠭᠡᠮᠡᠷ ᠰᠤᠷᠭᠠᠭᠤᠯᠢ ᠶ᠋ᠢᠨ ᠬᠦᠷᠢᠶᠡᠨ ᠡᠴᠡ ᠲᠠᠨᠠᠷ ᠊ᠢ ᠳᠠᠭᠠᠭᠤᠯᠤᠨ ᠠᠪᠴᠤ ᠭᠠᠷᠤᠭᠠᠳ ᠂ ᠲᠡᠨᠢᠭᠡᠷ ᠠᠭᠤᠳᠠᠮ ᠲᠠᠯ᠎ᠠ ᠶ᠋ᠢᠨ ᠳᠤᠮᠳᠠᠭᠤᠷ ᠮᠤᠷᠤᠯᠵᠠᠨ ᠤᠷᠤᠰᠬᠤ ᠭᠣᠣᠯ ᠤ᠋ᠨ ᠬᠥᠪᠡᠭᠡᠨ  ᠳ᠋ᠦ᠍ ᠢᠷᠠᠭᠤ ᠰᠠᠢᠬᠠᠨ ᠡᠬᠡ ᠬᠡᠯᠡ ᠪᠡᠷ ᠢ᠋ᠶ᠋ᠡᠨ ᠬᠢᠴᠢᠶᠡᠯᠯᠡᠵᠦ ᠪᠠᠶ᠋ᠢᠬᠤ ᠵᠠᠭᠤᠷ᠎ᠠ ᠪᠠᠭᠰᠢ ᠶ᠋ᠢᠨ ᠴᠢᠨᠢ ᠨᠢᠯᠪᠤᠰᠤ ᠡᠩᠭᠡᠷ ᠤᠷᠤᠭᠤ ᠪᠠᠨ ᠪᠢᠰᠢ ᠵᠢᠷᠦᠬᠡ ᠥᠭᠡᠳᠡ ᠨᠢ ᠲᠤᠰᠤᠯᠵᠤ ᠪᠠᠢᠭᠰᠠᠨ ᠊ᠢ ᠮᠢᠨᠦ ᠬᠦᠦ ᠲᠣᠮᠣ ᠪᠣᠯᠤᠭᠠᠳ ᠠᠶᠠᠨᠳᠠᠭᠠᠨ ᠤᠬᠠᠭᠠᠷᠠᠵᠤ ᠬᠠᠷᠠᠨ᠎ᠠ ᠃
ᠤᠯᠤᠰ ᠤ᠋ᠨ ᠰᠢᠯᠭᠠᠯᠲᠠᠨ ᠳ᠋ᠤ᠌ ᠣᠷᠣᠬᠤ ᠦᠭᠡᠢ ᠭᠡᠵᠦ ᠡᠬᠡ ᠬᠡᠯᠡ ᠪᠡᠨ ᠰᠤᠷᠬᠤ ᠦᠭᠡᠢ ᠪᠠᠶ᠋ᠢᠵᠤ ᠪᠣᠯᠬᠤ ᠦᠭᠡᠢ ᠰᠢᠦ ᠬᠦᠦ ᠮᠢᠨᠢ ! ᠭᠠᠷᠠᠭ ᠲᠤ᠌ ᠨᠢᠭᠡ ᠴᠠᠭ ᠴᠤ᠌ ᠪᠣᠯᠤᠭ ᠂ ᠬᠡᠯᠡ ᠪᠢᠴᠢᠭ ᠦ᠋ᠨ ᠬᠢᠴᠢᠶᠡᠯ ᠢ᠋ᠶ᠋ᠡᠨ ᠨᠠᠨᠳᠢᠩᠨᠠᠵᠤ ᠶᠠᠪᠤᠭᠠᠷᠠᠢ ! ᠬᠣᠪᠣᠷᠬᠠᠨ ᠲᠣᠬᠢᠶᠠᠯᠳᠤᠬᠤ ᠮᠥᠴᠡ ᠪᠦᠷᠢ ᠳ᠋ᠦ᠍ ᠪᠡᠨ 《 ᠬᠠᠮᠤᠭ ᠰᠡᠭᠦᠯᠴᠢ ᠶ᠋ᠢᠨ ᠬᠢᠴᠢᠶᠡᠯ 》 ᠭᠡᠵᠦ ᠰᠠᠨᠠᠵᠤ ᠶᠠᠪᠤᠬᠤ ᠶᠤᠮ ᠰᠢᠦ ᠬᠦᠦ ᠮᠢᠨᠢ ! 《 ᠤᠯᠤᠰ ᠤ᠋ᠨ ᠬᠡᠯᠡ 》 ᠶ᠋ᠢ ᠨᠢ ᠴᠦ᠍ ᠭᠡᠰᠡᠨ ᠰᠠᠢᠨ ᠰᠤᠷ ᠂ ᠪᠦᠷ ᠲᠡᠷᠡ ᠦᠨᠳᠦᠰᠦᠲᠡᠨ ᠦ᠌ ᠬᠢᠨᠢ ᠬᠡᠦᠬᠡᠳ ᠡᠴᠡ ᠨᠢ ᠢᠯᠡᠭᠦᠦ ᠰᠠᠢᠨ ᠰᠤᠷᠬᠤ ᠪᠠᠷ ᠬᠢᠴᠢᠶᠡ !
  ᠬᠣᠵᠢᠮ ᠮᠢᠨᠦ ᠬᠦᠦ ᠲᠣᠮᠣ ᠪᠣᠯᠤᠭᠠᠳ ᠠᠶ᠋ᠢᠯ ᠂ ᠡᠷᠦᠬᠡ ᠪᠤᠰᠬᠠᠬᠤ  ᠳ᠋ᠤ᠌ ᠠᠵᠠᠢ ᠡᠮᠧ ᠬᠣᠶᠠᠷ ᠨᠢ ᠪᠤᠰᠤᠳ ᠬᠡᠦᠬᠡᠳ ᠦ᠋ᠨ ᠠᠪᠤ ᠡᠵᠢ ᠰᠢᠭ ᠰᠠᠭᠤᠬᠤ ᠠ᠋ᠴᠠ ᠠᠰᠠᠷ ᠲᠡᠷᠭᠡ ᠂ ᠡᠲᠯᠡᠬᠦ ᠡᠳ᠋ ᠮᠥᠩᠭᠥ ᠦᠯᠡᠳᠡᠭᠡᠵᠦ ᠳᠡᠶ᠋ᠢᠯᠬᠦ ᠦᠭᠡᠢ ᠪᠠᠶ᠋ᠢᠵᠤ ᠮᠡᠳᠡᠨ᠎ᠡ ᠃ ᠲᠡᠭᠡᠬᠦ ᠳ᠋ᠡᠭᠡᠨ ᠠᠵᠠᠢ ᠡᠮᠧ ᠨᠢ ᠬᠣᠷᠭᠣ ᠳᠦᠭᠦᠷᠡᠩ ᠂ ᠥᠷᠥᠭᠡ ᠳᠦᠭᠦᠷᠡᠩ ᠨᠣᠮ ᠯᠠ ᠬᠦᠦ ᠳ᠋ᠡᠭᠡᠨ ᠣᠳᠣ ᠠ᠋ᠴᠠ ᠡᠬᠢᠯᠡᠨ ᠬᠤᠷᠢᠶᠠᠵᠤ ᠬᠠᠳᠠᠭᠠᠯᠠᠵᠤ ᠴᠢᠳᠠᠨ᠎ᠠ ᠭᠡᠳᠡᠭ ᠊ᠢ ᠪᠠᠷᠳᠠᠮ ᠠᠮᠠᠯᠠᠵᠤ ᠴᠢᠳᠠᠨ᠎ᠠ ᠠ᠋ !
  ᠦᠭᠡ ᠬᠡᠯᠡ ᠂ ᠦᠰᠦᠭ ᠪᠢᠴᠢᠭ ᠂ ᠵᠠᠩ ᠦᠢᠯᠡ ᠭᠡᠭᠴᠢ ᠨᠢᠭᠡ ᠦᠨᠳᠦᠰᠦᠲᠡᠨ ᠦ᠌ ᠠᠮᠢᠨ ᠰᠦᠨᠡᠰᠦ ᠪᠣᠯᠳᠠᠭ ᠪᠣᠯ ᠂ ᠬᠣᠵᠢᠮ ᠦᠶ᠎ᠡ ᠶ᠋ᠢᠨ ᠨᠠᠶ᠋ᠢᠵᠠ ᠨᠥᠬᠥᠳ ᠴᠢᠨᠢ ᠡᠳ᠋ ᠮᠥᠩᠭᠥ ᠪᠡᠷ ᠪᠠᠶᠠᠷᠬᠠᠵᠤ ᠶᠠᠪᠤᠳᠠᠭ ᠪᠣᠯ ᠮᠢᠨᠦ ᠬᠦᠦ 《 ᠮᠣᠩᠭᠣᠯ 》 ᠢ᠋ᠶ᠋ᠠᠷ ᠢ᠋ᠶ᠋ᠠᠨ ᠪᠠᠷᠳᠠᠮᠨᠠᠵᠤ ᠂ ᠪᠠᠶᠠᠷᠬᠠᠵᠤ ᠶᠠᠪᠤᠬᠤ ᠶ᠋ᠢ ᠠᠵᠠᠢ ᠡᠮᠧ ᠬᠣᠶᠠᠷ ᠨᠢ ᠢᠲᠡᠭᠡᠵᠦ ᠪᠠᠶ᠋ᠢᠨ᠎ᠠ ᠃

   ᠠᠵᠠᠢ ᠨᠢ 2023 ᠣᠨ ᠤ᠋ 《 4 ᠰᠠᠷ᠎ᠠ ᠶ᠋ᠢᠨ 4 ᠡᠳᠦᠷ 》
   ᠠᠮᠢᠯᠠᠭᠤᠯᠤᠭᠴᠢ ᠄ ᠭᠠᠸᠠ
   ᠬᠢᠨᠠᠭᠴᠢ ᠄ ᠰᠡᠬᠡᠭᠡᠷᠡᠯ᠂ ᠬᠥᠬᠡ ᠮᠣᠩᠭᠣᠯ᠂ ᠣᠤᠠᠬᠠᠨᠰᠤ᠎ᠡ