ᠦᠨᠡᠭᠡ ᠰᠠᠮᠵᠠ ᠬᠣᠶᠠᠷ Үнэг самж хоёр
ᠦᠨᠡᠭᠡ ᠰᠠᠮᠵᠠ ᠬᠣᠶᠠᠷ
ᠭᠣᠣᠯ ᠦ᠋ᠨ ᠳᠤᠮᠳᠠᠬᠢ ᠪᠣᠯᠲᠣᠭ ᠳᠡᠭᠡᠷ᠎ᠡ ᠨᠢᠭᠡ ᠲᠤᠭᠤᠷ ᠦ᠋ᠨ ᠮᠣᠲᠣ ᠤᠷᠭᠤᠭᠰᠠᠨ ᠪᠠᠶ᠋ᠢᠯ᠎ᠠ ᠃
ᠦᠨᠡᠭᠡ ᠲᠤᠭᠤᠷ ᠊ᠢ ᠨᠢ ᠢᠲᠡᠶᠡ ᠭᠡᠵᠦ ᠶᠡᠬᠡᠲᠡ ᠰᠠᠨᠠᠭᠰᠠᠨ ᠪᠣᠯᠪᠠᠴᠤ ᠭᠣᠣᠯ ᠊ᠢ ᠭᠡᠲᠦᠯᠵᠦ ᠴᠢᠲᠠᠭᠰᠠᠨ ᠦᠭᠡᠢ ᠃ ᠰᠠᠮᠵᠠ ᠪᠠᠰᠠ ᠲᠤᠭᠤᠷ ᠊ᠢ ᠢᠲᠡᠶᠡ ᠭᠡᠵᠦ ᠶᠡᠬᠡᠲᠡ ᠭᠣᠷᠢᠯᠠᠭᠰᠠᠨ ᠪᠣᠯᠪᠠᠴᠤ ᠭᠣᠣᠯ ᠊ᠢ ᠭᠡᠲᠦᠯᠵᠦ ᠴᠢᠲᠠᠭᠰᠠᠨ ᠦᠭᠡᠢ ᠃ ᠨᠢᠭᠡᠨ ᠡᠲᠦᠷ ᠦᠨᠡᠭᠡ ᠰᠠᠮᠵᠠ ᠬᠣᠶᠠᠷ ᠬᠣᠷᠰᠢᠵᠤ ᠪᠠᠶ᠋ᠢᠭᠠᠳ ᠨᠢᠭᠡ ᠤᠷᠲᠤ ᠮᠣᠲᠣ ᠳᠠᠮᠨᠠᠵᠤ ᠠᠪᠴᠢᠷᠠᠭᠠᠳ ᠭᠣᠣᠯ ᠦ᠋ᠨ ᠡᠷᠬᠢ ᠬᠢᠭᠡᠳ ᠪᠣᠯᠲᠣᠭ ᠦ᠋ᠨ ᠬᠣᠭᠣᠷᠣᠨᠲᠣ ᠭᠦᠦᠷ (1) ᠲᠠᠯᠪᠢᠵᠠᠢ ᠃ ᠭᠦᠦᠷ ᠨᠢ ᠨᠠᠷᠢᠬᠠᠨ ᠪᠣᠯᠬᠣᠷ ᠲᠡᠲᠡ ᠬᠣᠶᠠᠭᠤᠯᠠ ᠨᠢᠭᠡ ᠨᠢᠭᠡ ᠪᠡᠷ ᠭᠠᠷᠬᠤ ᠠ᠋ᠴᠠ ᠥᠭᠡᠷ᠎ᠡ ᠠᠷᠬ᠋᠎ᠠ ᠦᠭᠡᠢ ᠪᠠᠶ᠋ᠢᠯ᠎ᠠ ᠃
《 ᠠᠬ᠎ᠠ ᠨᠢ ᠵᠣᠷᠢᠬᠲᠠᠢ ᠪᠠᠷ ᠶ᠋ᠢᠠᠨ ᠤᠷᠢᠳ ᠶ᠋ᠢᠠᠷ ᠭᠠᠷᠤᠶ᠎ᠠ ! 》 ᠭᠡᠳ ᠦᠨᠡᠭᠡ ᠤᠷᠢᠳ ᠶ᠋ᠢᠠᠷ ᠭᠠᠷᠪᠠ ᠃ ᠲᠤᠭᠤᠷ ᠊ᠢ ᠭᠠᠭᠴᠠᠭᠠᠷ ᠢᠲᠡᠬᠦ ᠰᠠᠨᠠᠬ᠋᠎ᠠ ᠲᠠᠢ ᠪᠠᠶ᠋ᠢᠬᠰᠠᠨ ᠦᠨᠡᠭᠡ ᠭᠦᠦᠷ ᠭᠡᠲᠦᠯᠦᠮᠡᠭᠴᠡ ᠪᠡᠨ ᠭᠦᠦᠷ ᠦ᠋ᠨ ᠨᠥᠭᠦᠭᠡ ᠦᠵᠦᠭᠦᠷ ᠊ᠢ ᠭᠣᠣᠯ ᠳ᠋ᠤ᠌ ᠲᠦᠯᠬᠢᠵᠦ ᠣᠷᠣᠭᠤᠯᠪᠠ ᠃
ᠲᠡᠭᠡᠭᠡᠳ ᠦᠨᠡᠭᠡ ᠢᠨᠢᠶᠡᠵᠦ ᠄ 《 ᠵᠠ ᠂ ᠰᠠᠮᠵᠠ ᠭᠤᠸᠠᠢ ! ᠲᠠ ᠠᠮᠠᠨ ᠬᠦᠨᠡᠰᠦ ᠮᠠᠭᠤᠲᠠᠢ ᠶᠤᠮ ᠪᠠᠶ᠋ᠢᠨ᠎ᠠ ᠳ᠋ᠠ ! 》 ᠭᠡᠪᠡ ᠃ ᠰᠠᠮᠵᠠ ᠬᠠᠷᠢᠭᠤ ᠳ᠋ᠤ᠌ ᠨᠢ ᠄ 《 ᠮᠢᠨᠦ ᠠᠮᠠᠨ ᠬᠦᠨᠡᠰᠦ ᠮᠠᠭᠤ ᠨᠢ ᠴᠤ᠌ ᠶᠠᠭᠠᠬᠢᠬᠤ ᠪᠤᠢ ? ᠴᠢ ᠬᠠᠷᠢᠨ ᠥᠨᠢ ᠡᠭᠦᠷᠢᠲᠡ ᠭᠠᠷᠴᠤ ᠢᠷᠡᠵᠦ ᠴᠢᠲᠠᠬᠤ ᠦᠭᠡᠢ ᠪᠣᠯᠤᠭᠰᠠᠨ ᠨᠢ ᠬᠠᠷᠠᠮᠰᠠᠯᠲᠠᠢ ᠳ᠋ᠠ ! 》 ᠭᠡᠵᠡᠢ ᠃
(1) ᠭᠦᠦᠷ — ᠭᠣᠣᠯ ᠭᠣᠷᠣᠬ᠎ᠠ ᠳ᠋ᠤ᠌ ᠲᠠᠯᠪᠢᠬᠰᠠᠨ ᠶᠠᠪᠠᠭᠠᠨ ᠬᠥᠭᠥᠷᠭᠡ
ᠬᠡᠯᠡ ᠪᠢᠴᠢᠭ ᠦ᠋ᠨ ᠬᠣᠶᠠᠲᠤᠭᠠᠷ ᠣᠨ ( ᠳᠡᠭᠡᠳᠦ )
( 2012 ᠣᠨ ᠪ 5 ᠰᠠᠷ᠎ᠠ ᠳ᠋ᠤ᠌ ᠠᠩᠬᠠᠲᠤᠭᠠᠷ ᠬᠡᠪ ) ᠡᠴᠡ ᠬᠠᠭᠤᠯᠪᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠲᠦᠮᠡᠳ · ᠠᠵᠠᠲᠦ
