ᠪᠣᠭᠳᠠ ᠠᠭᠤᠯᠠ ᠶ᠋ᠢᠨ ᠪᠠᠷ᠎ᠠ - ᠦᠭᠡ ᠄ ᠴ · ᠮᠥᠩᠬᠡᠰᠦ᠋ᠷᠦᠩ ᠂ ᠠᠶ᠎ᠠ ᠄ ᠳᠣᠨᠳᠣᠪ Богд уулын бараа - Үг ᠄ Ч · Мөнхсүрэн ᠂ Ая ᠄ Дондов
ᠪᠣᠭᠳᠠ ᠠᠭᠤᠯᠠ ᠶ᠋ᠢᠨ ᠪᠠᠷ᠎ᠠ
ᠦᠭᠡ ᠄ ᠴ · ᠮᠥᠩᠬᠡᠰᠦ᠋ᠷᠦᠩ
ᠠᠶ᠎ᠠ ᠄ ᠳᠣᠨᠳᠣᠪ
ᠪᠠᠶ᠋ᠢᠮᠠ ᠬᠣᠯᠠ ᠠ᠋ᠴᠠ ᠬᠥᠬᠡᠷᠡᠭᠴᠢ
ᠪᠣᠭᠲᠠ ᠯᠠ ᠠᠭᠤᠯᠠ ᠶ᠋ᠢᠨ ᠪᠠᠷ᠎ᠠ ᠪᠠᠶ᠋ᠢᠨ᠎ᠠ ᠂
ᠪᠣᠲᠣᠯᠭᠠᠨ ᠠ᠋ᠴᠠ ᠳᠡᠩᠳᠡ ᠭᠠᠷᠲᠠᠭ ᠦᠭᠡᠢ
ᠮᠢᠨᠦ ᠯᠡ ᠲᠥᠷᠥᠯᠬᠢ ᠨᠤᠲᠤᠭ ᠳ᠋ᠠ ᠃
ᠠ ᠠ ᠂ ᠬᠦ᠋ ᠬᠦ᠋ ᠂
ᠠ ᠠ ᠂ ᠠ ᠬᠠ ᠂ ᠬᠦ᠋ ᠬᠦ᠋
ᠮᠢᠨᠦ ᠯᠡ ᠲᠥᠷᠥᠯᠬᠢ ᠨᠤᠲᠤᠭ ᠳ᠋ᠠ ᠃
ᠴᠡᠩᠬᠡᠷ ᠮᠠᠨᠠᠨ ᠰᠤᠭᠤᠨᠠᠭᠯᠠᠭᠴᠢ
ᠴᠡᠯᠭᠡᠷ ᠮᠡᠨᠡᠩ ᠦ᠋ᠨ ᠲᠠᠯ᠎ᠠ ᠪᠠᠶ᠋ᠢᠨ᠎ᠠ ᠂
ᠰᠡᠤᠠᠬᠢᠯ ᠡᠴᠡ ᠶᠡᠷᠦᠲᠡ ᠰᠠᠯᠲᠠᠭ ᠦᠭᠡᠢ
ᠮᠢᠨᠦ ᠯᠡ ᠬᠠᠶ᠋ᠢᠷᠠᠲᠠᠢ ᠨᠤᠲᠤᠭ ᠳ᠋ᠠ ᠃
ᠳᠠᠭᠢᠯᠲᠠ
ᠮᠥᠩᠭᠥᠨ ᠳᠣᠯᠭᠢᠶ᠎ᠠ ᠬᠠᠶᠠᠯᠠᠭᠰᠠᠨ
ᠪᠣᠶ᠋ᠢᠷ ᠯᠠ ᠬᠥᠯᠥᠨ ᠬᠣᠶᠠᠷ ᠮᠢᠨᠢ ᠂
ᠮᠥᠩᠬᠡᠲᠡ ᠰᠠᠨᠠᠭᠠᠨ ᠠ᠋ᠴᠠ ᠭᠠᠷᠲᠠᠭ ᠦᠭᠡᠢ
ᠮᠢᠨᠦ ᠯᠡ ᠡᠩᠬᠦᠷᠡᠢ ᠨᠤᠲᠤᠭ ᠃
ᠳᠠᠭᠢᠯᠲᠠ
ᠵᠢᠷᠦᠬᠡᠨ ᠳ᠋ᠤ᠌ ᠥᠨᠢᠲᠡ ᠤᠶᠠᠬ᠋ᠠ ᠲᠠᠢ
ᠪᠠᠷᠭᠤ ᠶ᠋ᠢᠨ ᠰᠠᠶ᠋ᠢᠬᠠᠨ ᠣᠷᠣᠨ ᠮᠢᠨᠢ ᠂
ᠵᠡᠭᠦᠲᠦᠨ ᠡᠴᠡ ᠶᠡᠷᠦᠲᠡ ᠰᠠᠯᠲᠠᠭ ᠦᠭᠡᠢ
ᠮᠢᠨᠦ ᠯᠡ ᠬᠥᠭᠡᠷᠦᠬᠦᠢ ᠨᠤᠲᠤᠭ ᠳ᠋ᠠ ᠃
ᠳᠠᠭᠢᠯᠲᠠ
ᠢᠷᠡᠯᠲᠡ ᠄
《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠲᠣᠨᠲᠤᠪ ᠂ ᠲᠦᠭᠦᠷ ᠨᠠᠷ ᠵᠣᠬᠢᠶᠠᠪᠠ
ᠷᠠᠪᠲᠠᠨ ᠠᠶ᠎ᠠ ᠶ᠋ᠢ ᠬᠢᠨᠠᠪᠠ
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠪᠡ
ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
1989 ᠣᠨ ᠪ8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠪᠡ
1989 ᠣᠨ ᠪ9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 04 06

