ᠣᠷᠱᠤᠨ ᠭᠣᠣᠯ – ᠳᠣᠨᠳᠣᠪ ᠂ ᠳᠦᠭᠦᠷ ᠨᠠᠷ ᠵᠣᠬᠢᠶᠠᠪᠠ Уршин гол – Дондов ᠂ Дүгүр нар зохиов
ᠡᠮᠦᠨᠡᠬᠢ ᠦᠭᠡ
ᠡᠬᠡ ᠤᠯᠤᠰ ᠤ᠋ᠨ ᠳᠥᠴᠢᠨ ᠵᠢᠯ ᠦ᠋ᠨ ᠣᠢ ᠶ᠋ᠢᠨ ᠪᠠᠶᠠᠷ ᠊ᠢ ᠤᠭᠲᠤᠬᠤ ᠲᠠᠰᠢᠷᠠᠮ ᠢ᠋ᠶ᠋ᠠᠷ 《 ᠣᠷᠱᠤᠨ ᠭᠣᠣᠯ 》 ᠬᠡᠮᠡᠬᠦ ᠳᠠᠭᠤᠤ ᠶ᠋ᠢᠨ ᠲᠡᠭᠦᠪᠦᠷᠢ ᠡᠷᠬᠢᠮ ᠤᠩᠰᠢᠭᠴᠢᠳ ᠲᠠ ᠪᠦᠬᠦᠨ ᠲᠡᠢ ᠵᠣᠯᠭᠠᠬᠤ ᠪᠣᠯᠤᠯ᠎ᠠ ᠃
ᠳᠠᠶᠠᠩ ᠳᠡᠯᠡᠬᠡᠢ ᠳ᠋ᠦ᠍ ᠠᠯᠳᠠᠷᠲᠠᠢ ᠪᠠᠶᠠᠨ ᠪᠠᠷᠭᠤ ᠶ᠋ᠢᠨ ᠨᠤᠲᠤᠭ — ᠳᠠᠷᠬᠠᠨ ᠮᠣᠩᠭᠣᠯ ᠣᠷᠣᠨ ᠤ᠋ ᠪᠠᠨ ᠳᠠᠭᠤᠤ ᠶ᠋ᠢᠨ ᠰᠠᠩ ᠂ ᠳᠠᠭᠤᠴᠢᠳ ᠤ᠋ᠨ ᠥᠯᠥᠭᠡᠢ ᠰᠠᠨ ᠃ ᠳᠠᠭᠤᠤ ᠪᠠᠶ᠋ᠢᠪᠠᠯ ᠳᠠᠭᠤᠴᠢᠨ ᠲᠥᠷᠥᠵᠦ ᠂ ᠳᠠᠭᠤᠴᠢᠨ ᠪᠠᠶ᠋ᠢᠪᠠᠯ ᠳᠠᠭᠤᠤ ᠭᠠᠷᠳᠠᠭ ᠤᠴᠢᠷᠲᠠᠢ ᠃ ᠨᠡᠷ᠎ᠡ ᠲᠥᠷᠥ ᠲᠡᠢ ᠠᠷᠠᠳ ᠤ᠋ᠨ ᠳᠠᠭᠤᠴᠢ ᠲᠠᠪᠠᠬᠠᠢ ᠂ ᠰᠧᠰᠦ᠋ᠷᠦᠩ ᠂ ᠶᠦᠮᠵᠡᠳ ᠨᠠᠷ ᠠ᠋ᠴᠠ ᠡᠬᠢᠯᠡᠭᠡᠳ ᠠᠯᠳᠠᠷᠲᠤ ᠳᠠᠭᠤᠴᠢᠨ ᠪᠤᠶᠠᠨᠲᠡᠯᠭᠡᠷ ᠂ ᠪᠠᠳᠮ᠎ᠠ ᠂ ᠨᠠᠴᠤᠭᠳᠣᠷᠵᠢ ᠨᠠᠷ ᠴᠣᠯᠭᠣᠷᠠᠨ ᠭᠠᠷᠤᠭᠰᠠᠨ ᠊ᠢ ᠡᠨᠳᠡ ᠳᠤᠷᠠᠳᠤᠯᠲᠠᠢ ᠪᠢᠯᠡ ᠃ ᠠᠯᠳᠠᠷᠲᠤ ᠬᠥᠭᠵᠢᠮ ᠦ᠋ᠨ ᠵᠣᠬᠢᠶᠠᠯᠴᠢ ᠂ ᠰᠢᠯᠢᠳᠡᠭ ᠤᠳᠤᠷᠢᠳᠤᠭᠠᠴᠢ ᠳᠣᠨᠳᠣᠪ ᠂ ᠠᠷᠠᠳ ᠤ᠋ᠨ ᠤᠷᠠᠯᠢᠭᠴᠢ ᠂ ᠨᠡᠷᠡᠲᠦ ᠠᠶᠠᠯᠭᠤᠴᠢᠨ ᠳᠦ · ᠲᠥᠬᠥᠷ ᠬᠣᠶᠠᠷ ᠨᠥᠬᠥᠷ ᠮᠠᠨᠢ ᠮᠠᠨ ᠠ᠋ᠴᠠ ᠡᠭᠦᠷᠢᠳᠡ ᠰᠠᠯᠤᠨ ᠣᠳᠤᠭᠰᠠᠨ ᠪᠣᠯᠪᠠᠴᠤ ᠦᠨᠡᠲᠦ ᠨᠠᠨᠳᠢᠨ ᠢᠷᠠᠭᠤ ᠪᠦᠲᠦᠭᠡᠯ ᠨᠢ ᠰᠣᠶᠣᠯ ᠤᠷᠠᠯᠢᠭ ᠤ᠋ᠨ ᠰᠣᠳᠣᠨ ᠦᠢᠯᠡᠰ ᠲᠦ᠍ ᠨᠡᠮᠡᠷᠢ ᠬᠠᠨᠳᠢᠪ ᠪᠣᠯᠤᠭᠰᠠᠨ ᠶᠤᠮ ᠃ ᠳᠠᠭᠤᠤ ᠶ᠋ᠢᠨ ᠠᠶ᠎ᠠ ᠳ᠋ᠤ᠌ ᠢᠳᠡᠷ ᠨᠠᠰᠤ ᠪᠠᠨ ᠰᠣᠷᠢᠵᠤ ᠶᠠᠪᠤᠭ᠎ᠠ ᠷᠠᠪᠲᠡᠨ ᠂ ᠸᠠᠴᠢᠷᠵᠠᠪ ᠂ ᠰᠠᠢᠨᠴᠣᠭᠲᠣ ᠨᠠᠷ ᠤ᠋ᠨ ᠭᠣᠴᠣ ᠰᠠᠶᠢᠬᠠᠨ ᠳᠠᠭᠤᠤ ᠨᠤᠭᠤᠳ ᠣᠯᠠᠨ᠎ᠠ ᠭᠦᠨ ᠲᠠᠭᠠᠰᠢᠶᠠᠭᠳᠠᠵᠤ ᠭᠠᠯ ᠵᠠᠯᠠᠭᠤ ᠵᠣᠬᠢᠶᠠᠭᠴᠢᠳ ᠤ᠋ᠨ ᠡᠩᠨᠡᠭᠡ ᠴᠦ᠍ ᠢᠳᠡᠷᠡᠭᠦᠨ ᠢ᠋ᠶ᠋ᠡᠷ ᠦᠰᠦᠨ ᠪᠣᠶ᠋ᠢᠵᠢᠵᠤ ᠪᠠᠶ᠋ᠢᠨ᠎ᠠ ᠃
《 ᠣᠷᠱᠤᠨ ᠭᠣᠣᠯ 》 ᠬᠡᠮᠡᠬᠦ ᠳᠠᠭᠤᠤ ᠶ᠋ᠢᠨ ᠲᠡᠭᠦᠪᠦᠷᠢ ᠪᠣᠯ ᠬᠥᠯᠥᠨ ᠪᠤᠶ᠋ᠢᠷ ᠠᠶ᠋ᠢᠮᠠᠭ ᠤ᠋ᠨ ᠰᠢᠨ᠎ᠡ ᠪᠠᠷᠭᠤ ᠵᠡᠭᠦᠨ ᠬᠤᠰᠢᠭᠤᠨ ᠤ᠋ ᠤᠷᠠᠯᠢᠭᠴᠢᠳ ᠤ᠋ᠨ ᠣᠢ ᠪᠢᠯᠢᠭ ᠢ᠋ᠶ᠋ᠡᠷ ᠵᠣᠬᠢᠶᠠᠨ ᠪᠦᠲᠦᠭᠡᠭᠳᠡᠭᠰᠡᠨ ᠶᠦ᠍ᠮ ᠃ ᠲᠤᠰ ᠲᠡᠭᠦᠪᠦᠷᠢ ᠳ᠋ᠦ᠍ ᠣᠷᠣᠭᠤᠯᠤᠭᠰᠠᠨ ᠵᠠᠭᠤᠨ ᠬᠣᠷᠢ ᠭᠠᠷᠤᠢ ᠳᠠᠭᠤᠤ ᠨᠤᠭᠤᠳ ᠨᠢ ᠨᠠᠮ ᠂ ᠨᠡᠶ᠋ᠢᠭᠡᠮ ᠵᠢᠷᠤᠮ ᠢ᠋ᠶ᠋ᠠᠨ ᠮᠠᠭᠲᠠᠨ ᠳᠠᠭᠤᠯᠠᠵᠤ ᠂ ᠦᠵᠡᠮᠵᠢᠲᠦ ᠰᠠᠢᠬᠠᠨ ᠠᠭᠤᠯᠠ ᠤᠰᠤ ᠂ ᠥᠨᠢᠷ ᠪᠠᠶᠠᠯᠢᠭ ᠠᠵᠤ ᠠᠮᠢᠳᠤᠷᠠᠯ ᠢ᠋ᠶ᠋ᠠᠨ ᠪᠠᠬᠠᠳᠤᠨ ᠬᠠᠶ᠋ᠢᠷᠠᠯᠠᠬᠤ ᠰᠡᠳᠬᠢᠯᠭᠡ ᠪᠡᠷ ᠪᠢᠯᠬᠠᠨ ᠭᠠᠵᠠᠷ ᠣᠷᠣᠨ ᠤ᠋ ᠥᠩᠭᠡ ᠪᠣᠳᠣᠭ ᠂ ᠦᠨᠦᠷ ᠠᠮᠲᠠ ᠪᠦᠬᠦᠢ ᠥᠪᠡᠷᠮᠢᠴᠡ ᠣᠨᠴᠠᠯᠢᠭ ᠢ᠋ᠶ᠋ᠠᠨ ᠬᠠᠳᠠᠭᠠᠯᠠᠵᠤ 《 ᠪᠣᠶ᠋ᠢᠷ ᠬᠥᠯᠥᠨ 》 ᠂ 《 ᠬᠥᠯᠥᠨ ᠨᠠᠭᠤᠷ ᠤ᠋ᠨ ᠬᠥᠪᠡᠭᠡ ᠮᠢᠨᠦ ᠲᠥᠷᠥᠭᠰᠡᠨ ᠨᠤᠲᠤᠭ 》 ᠂ 《 ᠮᠥᠷᠥᠭᠡᠳᠦᠯ 》 ᠂ 《 ᠪᠣᠭᠳᠠ ᠠᠭᠤᠯᠠ ᠶ᠋ᠢᠨ ᠪᠠᠷ᠎ᠠ 》 ᠂ 《 ᠨᠠᠮᠤᠷ ᠰᠠᠢᠬᠠᠨ 》 ᠵᠡᠷᠭᠡ ᠳᠠᠭᠤᠤ ᠨᠤᠭᠤᠳ ᠱᠠᠩᠨᠠᠯ ᠬᠦᠷᠲᠡᠭᠰᠡᠨ ᠪᠠᠶ᠋ᠢᠨ᠎ᠠ ᠃
ᠪᠠᠷᠭᠤ ᠶ᠋ᠢᠨ ᠲᠠᠯ᠎ᠠ ᠳ᠋ᠤ᠌ ᠣᠷᠱᠤᠨ ᠭᠣᠣᠯ ᠬᠠᠯᠭᠢᠯᠠᠨ ᠤᠷᠤᠰᠤᠨ᠎ᠠ
ᠪᠠᠶᠠᠨ ᠳᠡᠨᠵᠢᠨ ᠳ᠋ᠦ᠍ᠨᠢ ᠤᠶᠠᠩᠭ᠎ᠠ ᠳᠠᠭᠤᠤ ᠬᠠᠩᠭᠢᠨᠠᠨ ᠴᠤᠤᠷᠢᠶᠠᠲᠤᠨ᠎ᠠ ᠃
ᠬᠠᠮᠤᠭ ᠤ᠋ᠨ ᠰᠡᠭᠦᠯ ᠳ᠋ᠦ᠍ 《 ᠣᠷᠱᠤᠨ ᠭᠣᠣᠯ 》 ᠳᠠᠭᠤᠤ ᠶ᠋ᠢᠨ ᠲᠡᠭᠦᠪᠦᠷᠢ ᠬᠡᠪᠯᠡᠭᠳᠡᠬᠦ ᠳ᠋ᠦ᠍ ᠬᠠᠯᠠᠭᠤᠨ ᠳᠡᠮᠵᠢᠯᠭᠡ ᠦᠵᠡᠭᠦᠯᠦᠭᠰᠡᠨ ᠨᠥᠬᠥᠳ ᠪᠣᠯᠤᠨ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶᠠᠨ ᠳ᠋ᠤ᠌ ᠬᠦᠨᠳᠦ ᠲᠠᠯᠠᠷᠬᠠᠯ ᠢ᠋ᠶ᠋ᠠᠨ ᠳᠡᠪᠰᠢᠭᠦᠯᠦᠶ᠎ᠡ ᠃
ᠭᠣᠮᠪᠤᠰᠡᠲᠡᠨ ᠂ ᠰᠦᠰᠦᠯᠲᠤᠩᠬ᠋ᠠ ᠠᠮᠤᠭᠤᠯᠠᠩ ᠪᠠᠯᠭᠠᠰᠤᠨ ᠳ᠋ᠤ᠌
1989 ᠂5 ᠂10
ᠦᠰᠦᠭ ᠠᠮᠢᠯᠠᠭᠤᠯᠤᠭᠰᠠᠨ ᠨᠢ᠄ ᠪᠠᠶᠠᠷᠴᠡᠴᠡᠭ
