ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –9 Монгол оньсгын түүвэр –Хоёрдугаар бүлэг–9 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –9 Монгол оньсгын түүвэр –Хоёрдугаар бүлэг–9

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –9 Монгол оньсгын түүвэр –Хоёрдугаар бүлэг–9

ᠠᠩᠭᠢᠯᠠᠯ:ᠣᠨᠢᠰᠤᠭ᠎ᠠ
2023-04-07

935

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠦᠵᠦᠭ ᠪᠢᠷ ᠪᠢᠴᠢᠭ ᠦᠨ ᠵᠦᠢᠯ


 ᠮᠡᠳᠡᠳᠡᠭ ᠲᠦ ᠮᠡᠷᠭᠡᠨ ᠴᠣᠬᠣᠷ
 ᠮᠡᠳᠡᠳᠡᠭ ᠦᠭᠡᠢ  ᠳ᠋ᠤ᠌ ᠡᠷᠢᠶᠡᠨ ᠴᠣᠬᠣᠷ
      (  ᠪᠢᠴᠢᠭ )

 ᠳᠠᠬ᠋᠎ᠠ ᠶ᠋ᠢᠨ ᠰᠡᠭᠦᠯ ᠶ᠋ᠢᠡᠷ
 ᠳᠠᠯᠪᠠᠬ᠋᠎ᠠ ᠬᠢᠵᠦ
 ᠪᠦᠷᠭᠦᠳ ᠦ᠋ᠨ ᠰᠡᠭᠦᠯ ᠶ᠋ᠢᠡᠷ 
 ᠲᠡᠮᠲᠡᠭ ᠲᠠᠯᠪᠢᠵᠤ
 ᠴᠣᠮᠴᠣᠭᠣᠷ ᠴᠠᠭᠠᠨ ᠡᠪᠦᠭᠡᠨ
 ᠴᠥᠭᠡᠨ ᠬᠣᠨᠢᠳ  ᠶ᠋ᠢᠠᠨ ᠪᠥᠭᠡᠴᠡᠶ᠋ᠢᠯᠡᠵᠦ ᠰᠠᠭᠤᠨ᠎ᠠ
       (  ᠪᠢᠴᠢᠭ )
 
 ᠲᠠᠨᠢᠬᠤ ᠦᠭᠡᠢ ᠬᠥᠮᠦᠨ ᠦᠵᠡᠪᠡᠯ
 ᠲᠠᠯ᠎ᠠ ᠳ᠋ᠤ᠌ ᠭᠦᠶᠦᠯᠳᠦᠭᠰᠡᠨ ᠰᠢᠷᠭᠤᠯᠵᠢ ᠰᠢᠭ᠋
 ᠲᠠᠨᠢᠬᠤ ᠬᠥᠮᠦᠨ ᠦᠵᠡᠪᠡᠯ
 ᠲᠠᠨ᠎ᠠ ᠰᠤᠪᠤᠳ ᠦ᠋ᠨ ᠬᠡᠯᠬᠢᠶ᠎ᠡ ᠰᠢᠭ᠌
        (  ᠪᠢᠴᠢᠭ )
 
 ᠴᠠᠮᠴᠠ ᠪᠢᠰᠢ ᠪᠠᠶ᠋ᠢᠲᠠᠯ᠎ᠠ ᠣᠶᠣᠲᠠᠯ ᠲᠠᠢ
 ᠬᠥᠮᠦᠨ ᠪᠢᠰᠢ ᠪᠠᠶ᠋ᠢᠲᠠᠯ᠎ᠠ ᠶᠠᠷᠢᠶ᠎ᠠ ᠲᠡᠢ
             (  ᠪᠢᠴᠢᠭ )

 ᠬᠥᠮᠦᠨ ᠪᠢᠰᠢ ᠪᠠᠶ᠋ᠢᠲᠠᠯ᠎ᠠ ᠬᠡᠯᠡ ᠲᠡᠢ
 ᠬᠡᠦᠲᠡᠢ ᠪᠢᠰᠢ ᠪᠠᠶ᠋ᠢᠲᠠᠯ᠎ᠠ ᠣᠶᠣᠲᠠᠯ ᠲᠠᠢ
         (  ᠪᠢᠴᠢᠭ )
 
 ᠣᠯᠠᠨ  ᠳ᠋ᠤ᠌ ᠠᠰᠢᠬᠲᠠᠢ ᠬᠡ
 ᠣᠶᠤᠨ ᠊ᠢ  ᠨᠡᠭᠡᠭᠡᠭᠳᠡᠭᠦᠯᠳᠡᠭ ᠬᠡ
 ᠲᠦᠮᠡᠨ  ᠳ᠋ᠤ᠌ ᠠᠰᠢᠬᠲᠠᠢ ᠬᠡ
 ᠲᠥᠷᠥ ᠶ᠋ᠢ ᠮᠠᠨᠲᠤᠭᠤᠯᠲᠠᠭ ᠬᠡ
                (  ᠪᠢᠴᠢᠭ )
                 
 ᠴᠠᠭᠠᠨ ᠲᠠᠯ᠎ᠠ  ᠳ᠋ᠤ᠌
 ᠬᠠᠷ᠎ᠠ ᠦᠷ᠎ᠡ ᠲᠠᠷᠢᠨ᠎ᠠ
 ᠬᠠᠷ᠎ᠠ ᠦᠷ᠎ᠡ ᠎ᠡᠴᠡ
 ᠬᠠᠮᠤᠭ ᠤᠬᠠᠭᠠᠨ ᠭᠠᠷᠤᠨ᠎ᠠ
           (  ᠪᠢᠴᠢᠭ )

 ᠬᠡᠯᠡ ᠦᠭᠡᠢ ᠪᠣᠯᠪᠠᠴᠤ
 ᠬᠡᠷᠡᠭ ᠪᠦᠲᠦᠭᠡᠬᠦ ᠨᠢ
 ᠬᠡᠨ ᠎ᠡᠴᠡ  ᠴᠤ᠌ ᠢᠯᠡᠭᠦᠦ
          (  ᠪᠢᠴᠢᠭ )

 ᠬᠣᠲᠠ ᠨᠢ ᠴᠠᠭᠠᠨ
 ᠬᠣᠨᠢ ᠨᠢ ᠬᠠᠷ᠎ᠠ
          ( ᠪᠢᠴᠢᠭ )

 ᠳᠤᠯᠠᠭᠠᠨ ᠭᠠᠵᠠᠷ ᠲᠥᠷᠥᠭᠰᠡᠨ
 ᠳᠣᠬᠢᠶ᠎ᠠ ᠨᠡᠷᠡᠲᠦ ᠪᠣᠯᠵᠣᠮᠣᠷ
 ᠪᠠᠯᠳᠠᠷ ᠬᠠᠷ᠎ᠠ ᠮᠥᠷᠡᠨ ᠳ᠋ᠤ᠌
 ᠪᠡᠶ᠎ᠡ ᠎ ᠎ᠶᠤᠭᠡᠨ ᠣᠬᠢᠶᠠᠭᠠᠳ
 ᠴᠠᠯᠠᠭᠠᠢ ᠰᠠᠷᠠᠭᠤᠯ ᠲᠠᠯ᠎ᠠ  ᠳ᠋ᠤ᠌
 ᠴᠠᠳᠲᠠᠯ᠎ᠠ ᠢᠳᠡᠰᠢᠯᠡᠵᠦ
 ᠮᠥᠩᠭᠥᠨ ᠴᠠᠭᠠᠨ ᠠᠭᠤᠯᠠᠨ  ᠳ᠋ᠤ᠌
 ᠮᠥᠷ ᠭᠠᠷᠭᠠᠨ ᠤᠳᠪᠠ
         (  ᠪᠢᠴᠢᠭ ᠪᠢᠴᠢᠬᠦ )

 ᠶᠣᠯᠣ ᠨᠡᠷᠡᠳᠡᠢ ᠰᠢᠪᠠᠭᠤ
 ᠶᠣᠨᠳᠣᠨ ᠭᠣᠣᠯ ᠠ᠋ᠴᠠ ᠤᠰᠤ  ᠤᠤᠭᠤᠭᠠᠳ
 ᠴᠠᠰᠤ ᠴᠠᠭᠠᠨ ᠠᠭᠤᠯᠠᠨ  ᠳ᠋ᠤ᠌
 ᠴᠢᠷᠭ᠎ᠠ ᠭᠠᠷᠭᠠᠨ ᠶᠠᠪᠤᠨ᠎ᠠ
          (  ᠪᠢᠴᠢᠭ ᠪᠢᠴᠢᠬᠦ )

 ᠰᠢᠷ᠎ᠠ ᠮᠣᠳᠣ
 ᠬᠠᠷ᠎ᠠ ᠵᠠᠮ ᠲᠠᠲᠠᠭᠤᠯᠤᠨ᠎ᠠ
          (  ᠪᠢᠴᠢᠭ ᠪᠢᠴᠢᠬᠦ )

 ᠴᠠᠰᠤᠲᠤ ᠴᠠᠭᠠᠨ ᠠᠭᠤᠯᠠ ‍ᠶ᠋ᠢ
 ᠴᠣᠬᠣᠷᠯᠠᠭᠤᠯᠤᠭᠰᠠᠭᠠᠷ ᠳᠠᠪᠠᠨ᠎ᠠ
          (  ᠪᠢᠴᠢᠭ ᠪᠢᠴᠢᠬᠦ )

 ᠮᠠᠨᠵᠤ ‍ᠶ᠋ᠢᠨ ᠬᠠᠭᠠᠨ ‍ᠤ  ᠲᠡᠨᠲᠡ ᠎ᠡᠴᠡ
 ᠮᠠᠨ ‍ᠤ ᠡᠨᠳᠡ ᠎ᠨᠢᠭᠡ ᠬᠦᠮᠦᠨ ᠢᠷᠡᠯ᠎ᠡ
 ᠮᠠᠯᠠᠭᠠᠢ ‍ᠶ᠋ᠢ ᠨᠢ ᠠᠪᠤᠭᠠᠳ ᠦᠵᠡᠭᠰᠡᠨ  ᠳ᠋ᠤ᠌
 ᠲᠣᠯᠣᠭᠠᠢ ᠨᠢ ᠱᠠᠯ ᠨᠣᠶ᠋ᠢᠲᠠᠨ 
 ᠬᠡᠯᠡᠬᠦ ‍ᠶ᠋ᠢᠨ ᠬᠢᠨᠢ ᠬᠤᠷᠴᠠ ᠭᠡᠵᠢ ᠡ
 ᠬᠡᠯᠪᠡᠷᠢᠬᠦ ᠶ᠋ᠢᠨ ᠬᠢᠨᠢ ᠰᠠᠶ᠋ᠢᠬᠠᠨ ᠭᠡᠵᠢ ᠠ᠋
            (  ᠤᠰᠤᠨ ᠪᠢᠷ )

 ᠪᠡᠭᠡᠵᠢᠩ ‍ᠦᠨ ᠲᠠᠬᠢᠶ᠎ᠠ
 ᠡᠨᠳᠡ ᠢᠷᠡᠵᠦ ᠤᠰᠤ ᠤᠤᠭᠤᠨ᠎ᠠ
           ( ᠪᠣᠯᠣᠳ ᠪᠢᠷ )

 ᠨᠠᠶ᠋ᠢᠭᠤᠰ ᠨᠠᠶ᠋ᠢᠭᠤᠰ ᠰᠢᠪᠠᠭᠤ
 ᠨᠠᠢ᠍ᠮᠠᠨ ᠮᠥᠷᠡᠨ ‍ᠦ ᠤᠰᠤ ‍ᠶ᠋ᠢ ᠤᠤᠭᠤᠵᠤ
 ᠴᠠᠰᠤ ᠴᠠᠭᠠᠨ ᠠᠭᠤᠯᠠᠨ  ᠳ᠋ᠤ᠌
 ᠮᠥᠷ ᠭᠠᠷᠭᠠᠨ ᠤᠳᠪᠠ
         ( ᠦᠰᠦᠨ ᠪᠢᠷ )

 ᠪᠤᠳᠠᠭ᠎ᠠ ᠢᠳᠡᠬᠦ ᠬᠣᠭᠣᠯᠠᠢ ᠦᠭᠡᠢ ᠪᠠᠶ᠋ᠢᠭᠠᠳ
 ᠤᠰᠤ ᠤᠤᠭᠤᠬᠤ ᠭᠡᠳᠡᠰᠦ ᠎ᠲᠡᠢ
 ᠪᠠᠭᠰᠢ ᠪᠣᠯᠬᠤ ᠡᠷᠳᠡᠮ ᠦᠭᠡᠢ ᠪᠠᠶ᠋ᠢᠭᠠᠳ
 ᠪᠢᠴᠢᠭᠡᠴᠢ ᠪᠣᠯᠬᠤ ᠬᠤᠪᠢ ᠎ᠲᠠᠢ
         ( ᠪᠢᠷ )

 ᠴᠠᠩᠭᠠᠬᠤ ᠠᠩᠭᠠᠬᠤ ᠵᠠᠩ ᠎ᠲᠠᠢ
 ᠴᠠᠭᠠᠨ ᠭᠠᠵᠠᠷ ᠶᠠᠪᠤᠳᠠᠯ ᠎ᠲᠠᠢ
        ( ᠪᠢᠷ )

 ᠭᠤᠷᠪᠠᠨ ᠨᠥᠬᠦᠷ ‍ᠢᠶ᠋ᠡᠷ ᠳᠦᠰᠢᠭᠦᠯᠳᠡᠭ
 ᠭᠤᠸ᠋᠎ᠠ ᠨᠠᠷᠢᠬᠠᠨ ᠪᠡᠶ᠎ᠡ ᠎ᠲᠡᠢ
 ᠤᠯᠤᠰ ‍ᠤᠨ  ᠬᠡᠷᠡᠭ ‍ᠢ ᠲᠣᠪᠴᠢᠯᠠᠳᠠᠭ
 ᠤᠷᠠᠨ ᠰᠠᠶ᠋ᠢᠬᠠᠨ ᠬᠣᠰᠢᠭᠤ ᠎ᠲᠠᠢ
         ( ᠪᠢᠷ )

 ᠲᠣᠭᠣᠳᠠᠭ ‍ᠤᠨ ᠲᠣᠷᠭᠠᠨ ᠰᠡᠭᠦᠯ
 ᠲᠣᠭᠣᠰ ‍ᠤᠨ ᠮᠡᠷᠭᠡᠨ ᠰᠡᠭᠦᠯ
         (  ᠦᠵᠦᠭ )

 ᠭᠦᠨ ᠬᠤᠳᠳᠤᠭ ‍ᠤᠨ ᠤᠰᠤ ᠬᠠᠷ᠎ᠠ
 ᠭᠦᠷᠪᠡᠯ ᠮᠣᠭᠠᠢ ‍ᠶ᠋ᠢᠨ ᠬᠡᠯᠡ ᠬᠠᠷ᠎ᠠ
 ᠭᠦᠶᠦᠭᠡᠳ ᠭᠠᠷᠤᠭᠰᠠᠨ ᠮᠥᠷ ᠨᠢ ᠬᠠᠷ᠎ᠠ
          ( ᠪᠡᠬᠡ  ᠦᠵᠦᠭ )

 ᠳᠣᠲᠣᠷ᠎ᠠ ᠭᠠᠵᠠᠷ ᠠ᠋ᠴᠠ ᠢᠷᠡᠭᠰᠡᠨ
 ᠲᠣᠭᠰᠢᠭᠤᠷ ᠬᠠᠷ᠎ᠠ ᠰᠢᠪᠠᠭᠤ
 ᠬᠠᠪᠲᠠᠭᠠᠢ ᠬᠦᠬᠡ ᠬᠠᠳᠠᠨ ‍ ᠳ᠋ᠤ᠌
 ᠬᠠᠮᠠᠷ ᠠᠮᠠ ᠎ᠪᠠᠨ ᠪᠢᠯᠡᠭᠦᠳᠡᠨ᠎ᠡ
        ( ᠦᠰᠦᠨ ᠪᠢᠷ  ᠵᠢᠭᠤᠷᠠᠭᠤᠯ )

 ᠵᠠᠯᠠᠭᠤ ᠳ᠋ᠠᠭᠠᠨ ᠴᠠᠭᠠᠨ ᠦᠰᠦ ᠎ᠲᠡᠢ
 ᠦᠳᠡᠯᠡᠪᠡᠯ ᠬᠠᠷᠢᠨ ᠬᠠᠷ᠎ᠠ ᠦᠰᠦ ᠎ᠲᠡᠢ
 ᠤᠴᠢᠷ ᠎ᠲᠠᠢ ᠪᠣᠯ ᠮᠠᠯᠠᠭ᠎ᠠ ᠎ᠪᠠᠨ ᠠᠪᠤᠨ᠎ᠠ
 ᠤᠴᠢᠷ ᠦᠭᠡᠢ ᠪᠣᠯ ᠮᠠᠯᠠᠭ᠎ᠠ ᠎ᠪᠠᠨ ᠡᠮᠦᠰᠦᠨ᠎ᠡ
               ( ᠦᠰᠦᠨ  ᠪᠢᠷ )

 ᠦᠮᠤ ᠽᠠᠨᠳᠠᠨ ᠴᠣᠭᠴᠠ ᠎ᠲᠠᠢ
 ᠥᠩᠭᠡᠲᠦ ᠤᠰᠤᠨ ᠤᠮᠳᠠ ᠎ᠲᠠᠢ
 ᠤᠷᠠᠯᠠᠨ ᠬᠡᠯᠡᠬᠦ ᠨᠢ ᠭᠠᠶ᠋ᠢᠬᠠᠮ᠎ᠠ ᠮᠡᠷᠭᠡᠨ
 ᠤᠴᠠᠷᠯᠠᠨ ᠵᠢᠷᠭᠠᠬᠤ ᠨᠢ ᠭᠠᠭᠴᠠᠬᠠᠨ ᠥᠷᠥᠭᠡ
              ( ᠦᠰᠦᠨ ᠪᠢᠷ )

 ᠠᠵᠢᠯᠯᠠᠬᠤ ᠳ᠋ᠠᠭᠠᠨ ᠮᠠᠯᠠᠭᠠᠢ ᠎ᠪᠠᠨ ᠬᠠᠶᠠᠵᠤ
 ᠠᠮᠠᠷᠠᠬᠤ ᠳ᠋ᠠᠭᠠᠨ ᠮᠠᠯᠠᠭᠠᠢ ᠎ᠪᠠᠨ  ᠡᠮᠦᠰᠦᠨ᠎ᠡ
             ( ᠦᠰᠦᠨ ᠪᠢᠷ )

 ᠬᠣᠲᠠ ᠨᠢ ᠴᠠᠭᠠᠨ
 ᠬᠣᠨᠢ ᠨᠢ ᠬᠠᠷ᠎ᠠ
 ᠡᠵᠡᠨ ᠨᠢ ᠳᠠᠭᠤᠴᠢ
          (  ᠪᠢᠴᠢᠭ ᠤᠩᠰᠢᠬᠤ )

 ᠭᠤᠸ᠋᠎ᠠ ᠨᠠᠷᠢᠨ ᠮᠤᠳᠤᠨ ᠪᠡᠶ᠎ᠡ ᠎ᠲᠡᠢ
 ᠭᠢᠯᠲᠦᠭᠡᠨᠡᠭᠰᠡᠨ ᠰᠠᠶ᠋ᠢᠬᠠᠨ ᠲᠣᠭᠣᠯᠭᠠᠨ ᠴᠣᠭᠴᠠ ᠎ᠲᠠᠢ
 ᠴᠠᠭᠠᠨ ᠭᠠᠵᠠᠷ ‍ᠢ ᠬᠠᠷᠠᠯᠠᠭᠤᠯᠳᠠᠭ
 ᠴᠢᠳᠠᠮᠠᠭᠠᠢ ᠮᠡᠷᠭᠡᠨ ᠤᠬᠠᠭᠠᠨ ᠎ᠲᠠᠢ
             ( ᠬᠠᠷᠠᠨᠳᠠ )

 ᠬᠠᠪ ᠬᠠᠷ᠎ᠠ ᠥᠩᠭᠡᠲᠡᠢ
 ᠬᠠᠪᠲᠠᠭᠠᠢ ᠳᠥᠷᠪᠡᠯᠵᠢᠨ ᠪᠡᠶ᠎ᠡ ᠎ᠲᠡᠢ
 ᠬᠠᠮᠤᠭ ᠣᠯᠠᠨ ‍ᠤ ᠰᠤᠷᠤᠯᠭ᠎ᠠ  ᠳ᠋ᠤ᠌
 ᠬᠠᠪᠤᠲᠠᠢ ᠲᠤᠰᠠᠯᠠᠮᠵᠢ ᠪᠣᠯᠳᠠᠭ
             ( ᠬᠠᠷ᠎ᠠ ᠰᠠᠮᠪᠠᠷ᠎ᠠ )

 ᠨᠢᠭᠤᠷ ᠨᠢ ᠴᠠᠭᠠᠨ
 ᠨᠤᠲᠤᠭ ᠨᠢ ᠬᠠᠷ᠎ᠠ
              ( ᠰᠠᠮᠪᠠᠷ᠎ᠠ ‍ᠶ᠋ᠢᠨ ᠴᠤᠬᠤᠢ )

 ᠬᠥᠯ ᠦᠭᠡᠢ ᠪᠠᠶ᠋ᠢᠭᠠᠳ ᠶᠠᠪᠤᠵᠤ ᠴᠢᠳᠠᠨ᠎ᠠ
 ᠠᠮᠠ ᠦᠭᠡᠢ ᠪᠠᠶ᠋ᠢᠭᠠᠳ ᠶᠠᠷᠢᠵᠤ ᠴᠢᠳᠠᠨ᠎ᠠ
 ᠬᠦᠮᠦᠨ ‍ᠦ ᠰᠡᠳᠬᠢᠯ ‍ᠢ ᠢᠯᠡᠷᠡᠭᠦᠯᠵᠦ
 ᠬᠣᠯᠠ ᠣᠶ᠋ᠢᠷ᠎ᠠ ‍ᠶ᠋ᠢᠨ ᠤᠴᠢᠷ ‍ᠢ ᠮᠡᠳᠡᠭᠦᠯᠦᠨ᠎ᠡ
              ( ᠵᠠᠬᠢᠳᠠᠯ )

 ᠳᠠᠯᠠᠪᠴᠢ ᠦᠭᠡᠢ ᠪᠠᠶ᠋ᠢᠭᠠᠳ ᠨᠢᠰᠦᠨ᠎ᠡ
 ᠬᠡᠯᠡ ᠦᠭᠡᠢ ᠪᠠᠶ᠋ᠢᠭᠠᠳ ᠶᠠᠷᠢᠨ᠎ᠠ
            ( ᠵᠠᠬᠢᠳᠠᠯ )

 ᠲᠥᠷᠬᠥᠮ ᠳ᠋ᠤ᠌ ᠰᠠᠭᠤᠬᠤ ᠳ᠋ᠠᠭᠠᠨ ᠴᠠᠭᠠᠨ ᠬᠡᠦᠬᠡᠨ
 ᠬᠠᠷᠢ ᠳ᠋ᠤ᠌ ᠮᠣᠷᠲᠠᠬᠤ  ᠳ᠋ᠠᠭᠠᠨ ᠡᠷᠢᠶᠡᠨ ᠬᠡᠦᠬᠡᠨ
 ᠬᠣᠯᠠ ᠣᠶ᠋ᠢᠷ᠎ᠠ ᠳ᠋ᠤ᠌ ᠶᠠᠪᠤᠭᠠᠴᠢ ᠬᠡᠦᠬᠡᠨ
 ᠮᠣᠷᠲᠠᠭᠠᠳ ᠶᠠᠪᠤᠪᠠᠯ ᠢᠷᠡᠳᠡᠭ ᠦᠭᠡᠢ ᠬᠡᠦᠬᠡᠨ
       ( ᠵᠠᠬᠢᠲᠠᠯ ᠦ᠋ᠨ ᠳᠤᠭᠲᠤᠢ )

 ᠪᠡᠶ᠎ᠡ ᠪᠡᠷ ᠪᠢᠰᠢ ᠰᠡᠭᠦᠲᠡᠷ ᠶ᠋ᠢᠡᠷ 
 ᠪᠠᠶᠠᠷ ᠶ᠋ᠢᠠᠷ ᠪᠢᠰᠢ ᠪᠠᠶ᠋ᠢᠲᠠᠯ ᠶ᠋ᠢᠠᠷ
      ( ᠵᠢᠷᠤᠭ )

 ᠠᠷᠪᠠᠨ ᠬᠣᠶᠠᠷ ᠥᠷᠲᠡᠭᠡ ᠲᠡᠢ
 ᠥᠷᠲᠡᠭᠡ ᠪᠦᠷᠢ ᠬᠡᠮᠵᠢᠶ᠎ᠡ ᠲᠡᠢ
 ᠠᠯᠪᠠᠨ ᠪ ᠬᠣᠶᠠᠷ ᠡᠯᠴᠢ ᠲᠡᠢ
 ᠡᠯᠴᠢ ᠪᠦᠷᠢ ᠲᠤᠰᠢᠶᠠᠯ ᠲᠠᠢ
      ( ᠴᠠᠭ )

 ᠬᠡᠮᠵᠢᠶᠡᠯᠡᠰᠢ ᠦᠭᠡᠢ  ᠦᠨᠡᠲᠦ ᠡᠷᠲᠡᠨᠢ
 ᠬᠡᠨ ᠳ᠋ᠤ᠌ ᠴᠦ᠍  ᠬᠡᠷᠡᠭ ᠲᠡᠢ ᠪᠤᠮᠠᠨ ᠡᠷᠲᠡᠨᠢ  
          ( ᠡᠷᠲᠡᠮ ᠴᠢᠲᠠᠪᠤᠷᠢ )

 ᠵᠠᠮ ᠪᠠᠶ᠋ᠢᠲᠠᠯ᠎ᠠ ᠪᠠᠨ ᠠᠶᠠᠨ ᠬᠢᠵᠦ ᠪᠣᠯᠬᠤ ᠦᠭᠡᠢ
 ᠮᠥᠷᠡᠨ ᠪᠠᠶ᠋ᠢᠲᠠᠯ᠎ᠠ ᠣᠩᠭᠣᠴᠠ ᠶᠠᠪᠤᠵᠤ ᠪᠣᠯᠬᠤ ᠦᠭᠡᠢ
 ᠠᠭᠤᠯᠠᠨ ᠳ᠋ᠤᠨᠢ ᠠᠤᠠᠬᠤ ᠰᠢᠷᠣᠢ ᠦᠭᠡᠢ
 ᠲᠠᠯ᠎ᠠ ᠳ᠋ᠤᠨᠢ ᠲᠠᠪᠤᠨ ᠲᠠᠷᠢᠶ᠎ᠠ ᠦᠭᠡᠢ
      ( ᠭᠠᠵᠠᠷ ᠦ᠋ᠨ ᠵᠢᠷᠤᠭ )

 ᠠᠭᠤᠯᠠ ᠪᠠᠶ᠋ᠢᠲᠠᠯ᠎ᠠ ᠡᠪᠡᠰᠦ ᠤᠷᠭᠤᠬᠤ ᠦᠭᠡᠢ
 ᠤᠰᠤ ᠪᠠᠶ᠋ᠢᠲᠠᠯ᠎ᠠ ᠭᠣᠣᠯ ᠤᠷᠤᠰᠬᠤ ᠦᠭᠡᠢ
 ᠵᠤᠨ ᠡᠪᠦᠯ ᠴᠡᠴᠡᠭ ᠨᠢ  ᠬᠡᠪ ᠶ᠋ᠢᠡᠷ
 ᠵᠢᠭᠦᠷᠲᠡᠨ ᠠᠷᠢᠶᠠᠲᠠᠨ ᠨᠢ ᠶᠠᠭᠤᠨ ᠠ᠋ᠴᠠ ᠦᠷᠭᠦᠬᠦ ᠦᠭᠡᠢ
     ( ᠵᠢᠷᠤᠭ )

 ᠣᠶ᠋ᠢᠷ᠎ᠠ ᠠ᠋ᠴᠠ ᠦᠵᠡᠪᠡᠯ ᠤᠰᠤ ᠨᠢ ᠳᠠᠭᠤ ᠦᠭᠡᠢ
 ᠬᠣᠯᠠ ᠠ᠋ᠴᠠ ᠦᠵᠡᠪᠡᠯ ᠠᠭᠤᠯᠠ ᠨᠢ ᠥᠩᠭᠡᠲᠡᠢ
 ᠡᠪᠦᠯ ᠪᠣᠯᠪᠠᠴᠤ ᠴᠡᠴᠡᠭ ᠨᠢ ᠵᠤᠯᠭᠠᠷᠠᠬᠤ ᠦᠭᠡᠢ
 ᠬᠥᠮᠦᠨ ᠢᠷᠡᠪᠡᠴᠦ ᠰᠢᠪᠠᠭᠤ ᠨᠢ ᠰᠣᠴᠢᠬᠤ ᠦᠭᠡᠢ
         ( ᠵᠢᠷᠤᠭ )

 ᠡᠷᠲᠡᠮ ᠰᠣᠶᠣᠯ ᠊ᠢ ᠨᠡᠪᠲᠡᠷᠡᠭᠦᠯᠬᠦ
 ᠡᠩ ᠦᠭᠡᠢ ᠲᠣᠲᠣ ᠬᠡᠯᠡ ᠲᠡᠢ
 ᠲᠦᠮᠡᠨ ᠦᠶ᠎ᠡ ᠶ᠋ᠢ ᠭᠡᠶ᠋ᠢᠭᠦᠯᠬᠦ
 ᠲᠦᠭᠡᠮᠡᠯ ᠭᠡᠭᠡᠨ ᠪᠡᠶ᠎ᠡ ᠲᠡᠢ
 ᠳᠡᠯᠡᠬᠡᠢ ᠳ᠋ᠠᠬᠢᠨ᠎ᠠ ᠡᠷᠭᠦᠭᠳᠡᠬᠦ
 ᠲᠡᠭᠦᠰ ᠶᠡᠬᠡ ᠢᠲᠡᠲᠡᠢ
         ( ᠨᠣᠮ )

 ᠪᠠᠢ ᠪᠠᠢ ᠴᠠᠭᠠᠨ
 ᠪᠠᠶ᠋ᠢᠲᠠᠯ ᠦᠭᠡᠢ ᠴᠠᠭᠠᠨ
 ᠵᠦᠢ ᠵᠦᠢ ᠴᠠᠭᠠᠨ
 ᠵᠦᠢᠲᠡᠯ ᠦᠭᠡᠢ ᠴᠠᠭᠠᠨ
       ( ᠴᠠᠭᠠᠰᠤ )

    ᠦᠰᠦᠭ ᠠᠮᠢᠯᠠᠭᠤᠯᠤᠭᠰᠠᠨ  ᠨᠢ᠄    ᠠᠯᠲᠠᠨᠲᠤᠶᠠᠭ᠎ᠠ ᠂ ᠳ᠋ᠦ᠋ᠩ ᠹᠧᠩ ᠂ ᠮᠢᠩᠭᠠᠳ · ᠴᠢᠮᠡᠭ 
      ᠬᠢᠨᠠᠭᠴᠢ ᠄  ᠬᠠᠷᠠᠨᠤᠳ · ᠲᠤᠶᠠᠭ᠎ᠠ ᠂ ᠮᠢᠩᠭᠠᠳ · ᠴᠢᠮᠡᠭ