ᠠᠪᠤ ᠪᠠᠨ ᠰᠠᠨᠠᠨ᠎ᠠ- ᠮᠡᠷᠭᠡᠨᠪᠠᠭᠠᠲᠤᠷАаваа санана-мэргэнбаатар
ᠠᠪᠤ ᠪᠠᠨ ᠰᠠᠨᠠᠨ᠎ᠠ
ᠦᠭᠡ ᠄ ᠴᠢ · ᠰᠤᠪᠤᠳ
ᠠᠶ᠎ᠠ ᠄ ᠡᠷᠬᠢᠮᠪᠠᠶᠠᠷ
ᠳᠠᠭᠤᠴᠢᠨ ᠄ ᠮᠡᠷᠭᠡᠨᠪᠠᠭᠠᠲᠤᠷ
ᠪᠤᠳᠠᠩᠲᠤ ᠠᠭᠤᠯᠠᠰ ᠊ᠢ ᠪᠠᠷᠠᠭᠠᠯᠠᠬᠤ ᠪᠠᠷ
ᠪᠣᠳᠣᠯ ᠵᠢᠷᠦᠬᠡ
ᠮᠢᠨᠢ ᠳᠡᠩᠰᠡᠯᠡᠭᠡᠳ ᠪᠠᠢᠨ᠎ᠠ
ᠪᠤᠷᠬᠠᠨ ᠠᠪᠤ ᠶ᠋ᠢ ᠪᠡᠨ ᠪᠣᠳᠣᠬᠤ ᠪᠠᠷ ᠢ᠋ᠶ᠋ᠠᠨ
ᠪᠣᠷᠣᠬᠠᠨ ᠭᠡᠷ ᠮᠢᠨᠢ ᠬᠠᠩᠭᠠᠶ᠋ᠢᠷᠠᠭᠠᠳ ᠪᠠᠢᠨ᠎ᠠ
ᠠᠮᠢᠨ ᠨᠤᠲᠤᠭ ᠮᠢᠨᠢ ᠡᠵᠡᠭᠦᠶ᠋ᠢᠷᠡᠭᠡᠳ
ᠠᠳᠤᠭᠤᠨ ᠰᠦᠷᠦᠭ ᠮᠢᠨᠢ ᠰᠠᠯᠬᠢᠳᠠᠭᠠᠳ ᠪᠠᠢᠨ᠎ᠠ
ᠠᠴᠢᠯᠠᠯᠲᠤ ᠠᠪᠤ ᠶ᠋ᠢ ᠪᠡᠨ ᠰᠠᠨᠠᠬᠤ ᠪᠠᠷ ᠢ᠋ᠶ᠋ᠠᠨ
ᠠᠶᠤᠤᠯᠢᠬᠠᠢ ᠴᠡᠭᠡᠵᠢ
ᠮᠢᠨᠢ ᠭᠠᠩᠰᠠᠷᠠᠭᠠᠳ ᠪᠠᠢᠨ᠎ᠠ
ᠬᠠᠩᠰᠢᠨ ᠤ᠋ ᠡᠳᠦᠷ ᠢᠷᠡᠬᠦ ᠪᠡᠷ ᠨᠢ
ᠬᠠᠷᠠᠵᠠᠨ ᠤ᠋ ᠤᠰᠤᠨ
ᠨᠢ ᠮᠡᠯᠮᠡᠷᠡᠭᠡᠳ ᠪᠠᠢᠨ᠎ᠠ
ᠬᠠᠶ᠋ᠢᠷᠠᠲᠠᠢ ᠠᠪᠤ ᠶ᠋ᠢ ᠪᠡᠨ ᠳᠤᠷᠠᠰᠬᠤ ᠪᠠᠷ ᠢ᠋ᠶ᠋ᠠᠨ
ᠬᠠᠶ᠋ᠢᠯᠭᠠᠨ ᠰᠡᠳᠬᠢᠯ ᠮᠢᠨᠢ
ᠥᠨᠥᠴᠢᠷᠡᠭᠡᠳ ᠪᠠᠢᠨ᠎ᠠ
