ᠪᠠᠭᠠᠪᠠᠭᠠᠢ Баавгай
ᠪᠠᠭᠠᠪᠠᠭᠠᠢ
ᠪᠠᠭᠠᠪᠠᠭᠠᠢ ᠪᠠᠮᠪᠤᠷᠰᠢ ᠪᠠᠨ ᠳᠠᠭᠤᠳᠠᠭᠠᠳ ᠄
《 ᠮᠢᠨᠦ ᠪᠣᠷᠣ ᠪᠠᠮᠪᠤᠷᠰᠢ ᠨᠠᠭᠠᠲᠤ ᠰᠠᠮᠤᠷ ᠦ᠋ᠨ ᠮᠣᠲᠣ ᠪᠠᠨ ᠠᠯᠠᠭᠠᠲᠠ ᠳ᠋ᠠ 》 ᠭᠡᠪᠡ ᠃ ᠪᠠᠮᠪᠤᠷᠰᠢ ᠄ 《 ᠫᠠᠳ ᠂ ᠫᠠᠳ 》 ᠠᠯᠠᠭᠠᠲᠠᠯᠠ ᠃ ᠰᠠᠪᠠᠷ ᠨᠢ ᠡᠪᠡᠳᠦᠭᠰᠡᠨ ᠡᠴᠡ ᠪᠢᠰᠢ ᠂ ᠰᠠᠮᠤᠷ ᠣᠭᠲᠣ ᠤᠨᠠᠭᠰᠠᠨ ᠦᠭᠡᠢ ᠃
《 ᠠᠪᠤ ᠠ᠋ ᠂ ᠠᠪᠤ ᠠ᠋ ᠂ ᠪᠢ ᠠᠯᠠᠭᠠᠲᠠᠮᠠᠷ ᠦᠭᠡᠢ ᠪᠠᠶ᠋ᠢᠨ᠎ᠠ ᠃ ᠲᠠ ᠪᠠᠶ᠋ᠢᠬᠤ ᠳ᠋ᠤ᠌ ᠪᠢ ᠵᠠᠪᠠᠯ ᠮᠣᠲᠣ ᠠᠯᠠᠭᠠᠲᠠᠵᠤ ᠰᠤᠷᠤᠭᠠᠳ ᠶᠠᠭᠠᠬᠢᠬᠤ ᠪᠤᠢ ? 》 ᠭᠡᠯᠡ ᠃
《 ᠮᠢᠨᠦ ᠬᠦᠦ ᠠᠪᠤ ᠶ᠋ᠢ ᠪᠡᠨ ᠬᠠᠷ᠎ᠠ ᠳ᠋ᠠ ᠂ ᠰᠠᠶ᠋ᠢᠨ ᠬᠠᠷᠠᠵᠤ ᠠᠪ 》 ᠭᠡᠳ ᠪᠠᠭᠠᠪᠠᠭᠠᠢ ᠮᠣᠲᠣ ᠶ᠋ᠢ ᠠᠯᠠᠭᠠᠲᠠᠯᠠ ᠃ ᠣᠢ ᠳᠦᠭᠦᠷᠡᠩ 《 ᠫᠠᠳ ᠂ ᠫᠠᠳ 》 ᠭᠡᠰᠡᠨ ᠴᠢᠮᠡᠭᠡ ᠴᠤᠤᠷᠢᠶᠠᠲᠤᠨ ᠤᠲᠠᠯ ᠦᠭᠡᠢ 《 ᠫᠣᠳ ᠫᠣᠳ 》 ᠭᠡᠭᠰᠡᠭᠡᠷ ᠰᠠᠮᠤᠷ ᠦ᠋ᠨ ᠪᠣᠷᠭᠣᠴᠠᠢ ᠪᠣᠷᠣᠬ᠋᠎ᠠ ᠮᠡᠲᠦ ᠱᠠᠭᠢᠨ ᠤᠨᠠᠯ᠎ᠠ ᠃
《 ᠵᠠ ᠂ ᠮᠢᠨᠦ ᠬᠦᠦ ᠰᠠᠶ᠋ᠢᠨ ᠬᠠᠷᠠᠵᠤ ᠲᠣᠭᠲᠠᠭᠠᠵᠤ ᠠᠪᠤᠭᠰᠠᠨ ᠪᠢᠵᠡ ᠃ ᠰᠠᠮᠤᠷ ᠠ᠋ᠴᠠ ᠢᠲᠡᠭᠡᠳ ᠦᠵᠡ ᠳ᠋ᠡ 》 ᠭᠡᠬᠦ ᠳ᠋ᠤ᠌ ᠪᠠᠮᠪᠤᠷᠰᠢ ᠠᠮᠲᠠᠷᠬᠠᠨ ᠢᠲᠡᠬᠦ ᠲᠡᠷᠡ ᠠᠭᠱᠠᠨ ᠳ᠋ᠤ᠌ ᠲᠡᠲᠡᠨ ᠪ ᠳᠡᠷᠭᠡᠳᠡ ᠣᠢ ᠶ᠋ᠢᠨ ᠣᠯᠠᠨ ᠠᠮᠢᠲᠠᠨ ᠴᠤᠭᠯᠠᠵᠠᠢ ᠃
ᠪᠠᠭᠠᠪᠠᠭᠠᠢ ᠮᠦᠰᠢᠶᠡᠵᠦ ᠂ ᠲᠠᠤᠯᠠᠢ ᠂ ᠢᠨᠵᠠᠬ᠋ᠠ ᠂ ᠵᠠᠷᠠᠬ᠋ᠠ ᠵᠡᠷᠭᠡ ᠪᠦᠬᠦ ᠠᠮᠢᠲᠠᠳ ᠊ᠢ ᠰᠠᠮᠤᠷ ᠶ᠋ᠢᠠᠷ ᠶ᠋ᠢᠠᠨ ᠳᠠᠶ᠋ᠢᠯᠠᠯᠠ ᠃
ᠡᠬᠡ ᠳᠡᠯᠡᠬᠡᠢ ᠶ᠋ᠢᠨ ᠡᠨᠡᠬᠡᠨ ᠵᠠᠢ ᠳ᠋ᠠᠬᠢ ᠡᠪ ᠳᠦᠨᠵᠡᠨ ᠲᠡᠢ ᠣᠢ ᠳ᠋ᠤ᠌ ᠠᠩ ᠠᠮᠢᠲᠠᠨ ᠪᠡᠶ᠎ᠡ ᠪᠡᠶ᠎ᠡ ᠳ᠋ᠤ᠌ ᠪᠡᠨ ᠡᠶ᠋ᠢᠨ ᠬᠦ ᠨᠠᠶ᠋ᠢᠷᠲᠠᠢ ᠡᠯᠢᠭᠡᠰᠡᠭ ᠠᠮᠢᠲᠤᠷᠠᠲᠠᠭ ᠠᠵᠢ᠃
《 ᠵᠠᠯᠬᠠᠭᠤᠷᠠᠨ ᠰᠠᠭᠤᠬᠤ ᠦᠭᠡᠢ ᠡ ᠪᠢ
ᠵᠣᠷᠢᠬᠲᠤ ᠪᠠᠭᠠᠪᠠᠭᠠᠢ ᠠᠪᠤ ᠰᠢᠭ᠋ ᠶ᠋ᠢᠠᠨ
ᠵᠤᠨ ᠣᠯᠠᠨ ᠳ᠋ᠤ᠌ ᠲᠤᠰᠠᠯᠠᠬᠤ ᠴᠢᠲᠠᠯ ᠲᠠᠢ
ᠵᠠᠩ ᠰᠠᠶ᠋ᠢᠲᠠᠢ ᠪᠠᠭᠠᠪᠠᠭᠠᠢ ᠪᠣᠯᠤᠨ᠎ᠠ 》 ᠭᠡᠵᠦ ᠳᠠᠭᠤᠯᠠᠭᠰᠠᠭᠠᠷ ᠪᠠᠮᠪᠤᠷᠰᠢ ᠬᠦᠦ ᠠᠪᠤ ᠤᠷᠤᠭᠤ ᠪᠠᠨ ᠭᠦᠶᠦᠯ᠎ᠡ ᠃
ᠬᠡᠯᠡ ᠪᠢᠴᠢᠭ᠌ ᠦ᠋ᠨ ᠬᠣᠶᠠᠲᠤᠭᠠᠷ ᠣᠨ ( ᠳᠣᠣᠷᠠᠳᠤ )
( 2012 ᠣᠨ ᠪ 11 ᠰᠠᠷ᠎ᠠ ᠳ᠋ᠤ᠌ ᠠᠩᠬᠠᠲᠤᠭᠠᠷ ᠬᠡᠪ ) ᠡᠴᠡ ᠬᠠᠭᠤᠯᠪᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠲᠦᠮᠡᠳ · ᠠᠵᠠᠲᠦ
