ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –3 Гангын урсгал – Чойж Тулган харьцуулж тайлбарлав Удиртгал – 3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –3 Гангын урсгал – Чойж Тулган харьцуулж тайлбарлав Удиртгал – 3

ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –3 Гангын урсгал – Чойж Тулган харьцуулж тайлбарлав Удиртгал – 3

ᠠᠩᠭᠢᠯᠠᠯ:ᠲᠡᠦᠬᠡ ᠰᠣᠶᠣᠯ
2023-04-06

376

ᠤᠳᠤᠷᠢᠳᠬᠠᠯ ( ᠭᠤᠷᠪᠠ )


                          ( ᠭᠤᠷᠪᠠ ) 

   《ᠭᠠᠩᠭ᠎ᠠ ᠶ᠋ᠢᠨ ᠤᠷᠤᠰᠬᠠᠯ 》 ᠨᠢ ᠨᠢᠭᠤᠷ ᠬᠠᠭᠤᠳᠠᠰᠤ  ᠪᠠᠷ ᠨᠢᠮᠭᠡᠨ ᠪᠣᠯᠪᠠᠴᠤ ᠲᠡᠭᠦᠨ ᠳ᠋ᠦ᠍ ᠠᠭᠤᠯᠠᠭᠲᠠᠭᠰᠠᠨ ᠬᠦᠷᠢᠶ᠎ᠡ ᠬᠡᠪᠴᠢᠶ᠎ᠡ ᠪᠠ ᠠᠭᠤᠯᠭ᠎ᠠ᠂ ᠲᠡᠭᠦᠨ ᠦ᠌ ᠦᠨᠳᠦᠰᠦᠨ ᠴᠢᠭᠯᠡᠯ ᠪᠠ ᠲᠤᠰᠬᠠᠭᠰᠠᠨ ᠠᠰᠠᠭᠤᠳᠠᠯ᠂ ᠲᠡᠭᠦᠨ ᠦ᠌ ᠠᠰᠢᠭᠯᠠᠭᠰᠠᠨ ᠲᠡᠦᠬᠡᠨ ᠮᠠᠲ᠋ᠧᠷᠢᠶᠠᠯ ᠤ᠋ᠨ ᠢᠷᠡᠯᠲᠡ ᠪᠡᠷ ᠲᠡᠭᠦᠨ ᠦ᠌ ᠬᠣᠵᠢᠮ ᠤ᠋ᠨ ᠮᠣᠩᠭᠣᠯ ᠤ᠋ᠨ ᠲᠡᠦᠬᠡᠨ ᠪᠢᠴᠢᠯᠭᠡ ᠳ᠋ᠦ᠍ ᠦᠵᠡᠭᠦᠯᠦᠭᠰᠡᠨ ᠨᠥᠯᠥᠭᠡ ᠂ ᠵᠣᠬᠢᠶᠠᠭᠴᠢ ᠶ᠋ᠢᠨ ᠦᠵᠡᠯ ᠰᠠᠨᠠᠭ᠎ᠠ ᠵᠡᠷᠭᠡ ᠪᠣᠯ ᠠᠷᠪᠠᠨ ᠨᠠᠢ᠌ᠮᠠᠳᠤᠭᠠᠷ ᠵᠠᠭᠤᠨ ᠪᠠ ᠲᠡᠭᠦᠨᠴᠡ  ᠬᠣᠢᠰᠢ ᠮᠣᠩᠭᠣᠯ ᠤ᠋ᠨ ᠲᠡᠦᠬᠡ ᠪᠢᠴᠢᠯᠭᠡ  ᠶ᠋ᠢ ᠰᠤᠳᠤᠯᠤᠨ ᠰᠢᠨᠵᠢᠬᠦᠢ ᠳ᠋ᠦ᠍ ᠨᠢᠭᠡᠨ ᠢᠵᠢ ᠮᠠᠰᠢ ᠡᠷᠬᠢᠮ ᠦᠨᠡᠲᠦ ᠲᠡᠦᠬᠡᠨ ᠵᠣᠬᠢᠶᠠᠯ ᠪᠣᠯᠵᠤ ᠰᠤᠳᠤᠯᠤᠭᠴᠢ ᠨᠠᠷ ᠤ᠋ᠨ ᠡᠮᠦᠨ᠎ᠡ ᠳᠡᠯᠭᠡᠭᠳᠡᠬᠦ ᠪᠣᠯᠤᠨ᠎ᠠ ᠃
   《ᠭᠠᠩᠭ᠎ᠠ  ᠶ᠋ᠢᠨ ᠤᠷᠤᠰᠬᠠᠯ 》 ᠤ᠋ᠨ ᠶᠡᠷᠦᠩᠬᠡᠢ ᠴᠢᠭᠯᠡᠯ ᠨᠢ ᠮᠥᠨ ᠴᠦ᠍ ᠳᠤᠮᠳᠠ ᠵᠠᠭᠤᠨ ᠤ᠋ ᠦᠶ᠎ᠡ ᠶ᠋ᠢᠨ ᠮᠣᠩᠭᠣᠯ ᠤ᠋ᠨ ᠲᠡᠦᠬᠡᠨ ᠵᠣᠬᠢᠶᠠᠯ  ᠤᠳ  ᠲᠡᠢ ᠠᠳᠠᠯᠢ ᠪᠠᠷ ᠬᠠᠳ ᠤ᠋ᠨ ᠲᠡᠦᠬᠡ ᠪᠡᠷ ᠮᠣᠩᠭᠣᠯ ᠤ᠋ᠨ ᠲᠡᠦᠬᠡ ᠶ᠋ᠢᠨ ᠬᠡᠯᠬᠢᠶ᠎ᠡ ᠪᠣᠯᠭᠠᠵᠤ 《 ᠴᠢᠩᠭᠢᠰ ᠡᠵᠡᠨ ᠦ᠌ ᠠᠯᠲᠠᠨ ᠤᠷᠤᠭ ᠤ᠋ᠨ ᠲᠡᠦᠬᠡ 》 ᠶ᠋ᠢ ᠪᠢᠴᠢᠵᠡᠢ ᠃ ᠢᠩᠭᠢᠵᠦ ᠪᠢᠴᠢᠬᠦ ᠳ᠋ᠡᠭᠡᠨ ᠵᠣᠬᠢᠶᠠᠭᠴᠢ ᠶ᠋ᠢᠨ ᠪᠡᠶ᠎ᠡ ᠳᠤᠮᠳᠠᠳᠤ ᠵᠠᠭᠤᠨ ᠤ᠋ ᠮᠣᠩᠭᠣᠯ ᠤ᠋ᠨ ᠲᠡᠦᠬᠡᠨ ᠵᠣᠬᠢᠶᠠᠯ ᠂ ᠵᠢᠱ᠌ᠢᠶᠡᠯᠡᠪᠡᠯ ᠂ 《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌  ᠪᠢᠴᠢᠭᠰᠡᠨᠴᠢᠯᠡᠨ ᠮᠣᠩᠭᠣᠯ ᠬᠠᠳ ᠤ᠋ᠨ ᠦᠨᠳᠦᠰᠦᠨ ᠊ᠢ 《 ᠡᠨᠡᠳᠬᠡᠭ ᠲᠥᠪᠡᠳ  ᠤᠨ ᠬᠠᠳ ᠯᠤᠭ᠎ᠠ ᠴᠢᠬᠤᠯᠠ ᠪᠠᠷᠢᠯᠳᠤᠭᠤᠯᠬᠤ 》 ᠦᠵᠡᠯ ᠊ᠢ ᠦᠯᠦ ᠵᠥᠪᠰᠢᠶᠡᠷᠡᠨ  ᠬᠣᠪᠢᠨᠲᠠᠭᠠᠨ ᠨᠢᠭᠡ ᠵᠦᠢᠯ  ᠤᠨ ᠥᠪᠡᠷᠮᠢᠴᠡ ᠦᠵᠡᠯᠲᠡ ᠳᠤᠷᠠᠳᠴᠠᠢ ᠃ ᠵᠣᠬᠢᠶᠠᠭᠴᠢ ᠶ᠋ᠢᠨ ᠦᠵᠡᠬᠦ ᠪᠡᠷ ᠪᠣᠯ ᠂ ᠴᠢᠩᠭᠢᠰ ᠬᠠᠭᠠᠨ ᠤ᠋ ᠠᠯᠲᠠᠨ ᠤᠷᠤᠭ ᠪᠣᠯ  《 ᠲᠩᠷᠢ ᠳᠡᠭᠡᠷ᠎ᠡ ᠡᠴᠡ ᠵᠠᠶᠠᠭᠠᠭᠳᠠᠭᠰᠠᠨ 》 ᠠ᠋ᠴᠠ ᠪᠤᠰᠤ ᠬᠠᠷᠢᠨ ᠡᠨᠡᠳᠬᠡᠭ ᠲᠥᠪᠡᠳ  ᠤᠨ ᠬᠠᠳ ᠯᠤᠭ᠎ᠠ ᠪᠠᠷᠢᠯᠳᠤᠯᠭ᠎ᠠ ᠦᠭᠡᠢ  ᠶᠤᠮ ᠃ ᠵᠣᠬᠢᠶᠠᠭᠴᠢ ᠡᠨᠡ ᠦᠵᠡᠯᠲᠡ ᠪᠡᠨ ᠢᠯᠡᠳᠬᠡᠬᠦ ᠳ᠋ᠡᠭᠡᠨ ᠢᠯᠡ ᠰᠢᠭᠤᠳ ᠶᠠᠷᠢᠭᠰᠠᠨ ᠦᠭᠡᠢ ᠂ ᠬᠠᠷᠢᠨ ᠲᠣᠭᠣᠷᠢᠭᠤᠯᠵᠤ ᠲᠣᠭᠰᠢᠭᠤᠯᠬᠤ ᠠᠷᠭ᠎ᠠ ᠪᠠᠷ ᠲᠤᠰᠬᠠᠭᠰᠠᠨ ᠪᠠᠢᠵᠡᠢ᠃《 ᠭᠠᠩᠭ᠎ᠠ ᠶ᠋ᠢᠨ ᠤᠷᠤᠰᠬᠠᠯ 》 ᠳ᠋ᠤ᠌ 《 ᠨᠡᠭᠦᠬᠦ ᠮᠣᠩᠭᠣᠯ 》 ᠤ᠋ᠨ ᠤᠭ ᠦᠨᠳᠦᠰᠦᠨ ᠊ᠢ ᠶᠠᠷᠢᠬᠤ ᠳ᠋ᠠᠭᠠᠨ 《 ᠪᠣᠲᠠᠨᠴᠠᠷ ᠡᠵᠡᠨ ᠲᠩᠷᠢ ᠳᠡᠭᠡᠷ᠎ᠡ ᠡᠴᠡ ᠵᠠᠶᠠᠭᠠᠭᠳᠠᠭᠰᠠᠨ ᠤ᠋ ᠲᠤᠯᠠ ᠳᠣᠪᠣ ᠮᠡᠷᠭᠡᠨ ᠦ᠌ ᠤᠳᠤᠮ ᠊ᠢ ᠲᠠᠲᠠᠬᠤ ᠬᠡᠷᠡᠭ ᠦᠭᠡᠢ 》 ᠭᠡᠵᠡᠢ ᠃ ᠤᠴᠢᠷ ᠨᠢ  《ᠳᠣᠪᠣ ᠮᠡᠷᠭᠡᠨ ᠦ᠌ ᠤᠳᠤᠮ 》 ᠪᠣᠯ 《 ᠡᠨᠡᠳᠬᠡᠭ  ᠤᠨ  ᠬᠦᠷᠳᠦᠨ ᠣᠷᠴᠢᠭᠤᠯᠤᠭᠴᠢ ᠬᠠᠭᠠᠨ ᠤ᠋ ᠦᠷ᠎ᠡ ᠂ ᠲᠥᠪᠡᠳ  ᠤᠨ ᠬᠠᠳ ᠠ᠋ᠴᠠ ᠰᠠᠯᠤᠭᠰᠠᠨ ᠪᠣᠷᠵᠢᠭᠢᠳ ᠶᠠᠰᠤᠲᠠᠨ ᠤ᠋ ᠳᠣᠪᠣ ᠮᠡᠷᠭᠡᠨ  ᠬᠡᠮᠡᠭᠳᠡᠬᠦ 》ᠪᠣᠯᠤᠨ᠎ᠠ᠃ ᠭᠡᠲᠡᠯ᠎ᠡ ᠳᠣᠪᠣ ᠮᠡᠷᠭᠡᠨ ᠦ᠌ ᠬᠠᠲᠤᠨ ᠠᠯᠤᠨ ᠭᠤᠸ᠋᠎ᠠ ᠠ᠋ᠴᠠ  ᠲᠥᠷᠥᠭᠰᠡᠨ ᠪᠣᠲᠠᠨᠴᠠᠷ ᠪᠣᠯ ᠠᠯᠤᠨ ᠭᠤᠸ᠋᠎ᠠ ᠬᠠᠲᠤᠨ ᠊ᠢ  《  ᠨᠣᠢᠷᠰᠤᠬᠤ  ᠪᠦᠷᠢ ᠭᠡᠭᠡᠨ ᠭᠡᠷᠡᠯ ᠪᠡᠶ᠎ᠡ ᠳ᠋ᠦ᠍ᠷ ᠲᠤᠰᠤᠭᠰᠠᠨ ᠢ᠋ᠶ᠋ᠠᠷ ᠰᠢᠯᠲᠠᠭᠠᠯᠠᠵᠤ 》 ᠂ 《 ᠲᠩᠷᠢ ᠳᠡᠭᠡᠷ᠎ᠡ ᠡᠴᠡ ᠵᠠᠶᠠᠭᠠᠭᠳᠠᠭᠰᠠᠨ 》 ᠪᠣᠯᠤᠨ᠎ᠠ ᠃ ᠡᠨᠡ  ᠠᠨᠤ 《 ᠪᠣᠲᠠᠨᠴᠠᠷ  ᠤ᠋ᠨ ᠤᠳᠤᠮ 》 ᠪᠣᠯᠤᠨ᠎ᠠ ᠃ ᠵᠣᠬᠢᠶᠠᠭᠴᠢ ᠡᠨᠡ ᠮᠡᠲᠦ ᠪᠡᠷ ᠮᠣᠩᠭᠣᠯ  ᠤ᠋ᠨ ᠤᠭ ᠦᠨᠳᠦᠰᠦ ᠶ᠋ᠢ 《 ᠳᠣᠪᠣ ᠮᠡᠷᠭᠡᠨ ᠦ᠌ ᠤᠳᠤᠮ 》᠂ 《 ᠪᠣᠲᠠᠨᠴᠠᠷ ᠤ᠋ᠨ ᠤᠳᠤᠮ 》 ᠭᠡᠵᠦ ᠢᠯᠭᠠᠨ ᠰᠠᠯᠭᠠᠭᠰᠠᠨ ᠦᠨᠳᠦᠰᠦᠯᠡᠯ ᠪᠠ ᠲᠡᠭᠦᠨ  ᠯᠦ᠋ᠭᠡ  ᠬᠣᠯᠪᠣᠭᠳᠠᠨ ᠠᠭᠤᠯᠤᠭᠳᠠᠵᠤ  ᠪᠦᠬᠦᠢ ᠦᠵᠡᠯ ᠰᠠᠨᠠᠭ᠎ᠠ ᠶ᠋ᠢ ᠰᠢᠨᠵᠢᠵᠦ  ᠦᠵᠡᠪᠡᠯ ᠂ ᠵᠣᠬᠢᠶᠠᠭᠴᠢ ᠶ᠋ᠢᠨ ᠥᠭᠦᠯᠡᠬᠦ ᠪᠡᠷ ᠪᠣᠯ 《 ᠵᠠᠷᠢᠮ ᠰᠤᠳᠤᠷ 》 ᠲᠤ᠌ 《 ᠨᠢᠭᠡᠨᠲᠡ ᠬᠢᠶᠦᠳ ᠶᠠᠰᠤᠲᠠᠨ ᠤ᠋ ᠠᠯᠲᠠᠨ ᠤᠷᠤᠭ ᠊ᠢ ᠡᠨᠡᠳᠬᠡᠭ ᠲᠥᠪᠡᠳ  ᠤᠨ ᠬᠠᠳ ᠯᠤᠭ᠎ᠠ ᠴᠢᠬᠤᠯᠠ ᠪᠠᠷᠢᠯᠳᠤᠭᠤᠯᠤᠭᠰᠠᠨ 》 ᠪᠠ ᠲᠡᠷᠡᠴᠢᠯᠡᠨ 《ᠬᠠᠮᠤᠭ ᠊ᠢ ᠮᠡᠳᠡᠭᠴᠢ ᠲᠠᠪᠤᠳᠤᠭᠠᠷ ᠳᠠᠯᠠᠢ ᠯᠠᠮᠠ ᠲᠡᠷᠢᠭᠦᠲᠡᠨ ᠴᠦ᠍  ᠲᠡᠢᠨ ᠨᠣᠮᠯᠠᠵᠤᠬᠤᠢ 》᠂  ᠡᠢᠮᠦ  ᠡᠴᠡ 《ᠳᠣᠪᠣ ᠮᠡᠷᠭᠡᠨ ᠦ᠌ ᠤᠳᠤᠮ 》 ᠊ᠢ ᠲᠡᠷᠡ ᠠᠷᠭ᠎ᠠ ᠪᠤᠰᠤ ᠡᠨᠡᠳᠬᠡᠭ ᠲᠥᠪᠡᠳ  ᠤᠨ ᠬᠠᠳ ᠯᠤᠭ᠎ᠠ ᠦᠨᠳᠦᠰᠦ ᠲᠡᠢ ᠭᠡᠵᠡᠢ ᠃ ᠭᠡᠲᠡᠯ᠎ᠡ ᠵᠣᠬᠢᠶᠠᠭᠴᠢ ᠶ᠋ᠢᠨ ᠦᠨᠡᠨᠬᠦ ᠰᠠᠨᠠᠭ᠎ᠠ ᠪᠣᠯ ᠬᠠᠷᠢᠨ ᠡᠢᠮᠦ ᠪᠢᠰᠢ ᠶᠤᠮ ᠃ ᠲᠡᠭᠦᠨ ᠦ᠌ ᠵᠣᠬᠢᠶᠠᠯ ᠠ᠋ᠴᠠ ᠦᠵᠡᠪᠡᠯ ᠂ ᠭᠠᠭᠴᠠᠬᠦ 《 ᠵᠠᠷᠢᠮ ᠰᠤᠳᠤᠷ 》 ᠪᠠ ᠱᠠᠰᠢᠨ ᠤ᠋ ᠲᠦᠷᠦᠭᠦᠦ ᠪᠣᠯᠤᠭᠰᠠᠨ 《 ᠬᠠᠮᠤᠭ ᠊ᠢ ᠮᠡᠳᠡᠭᠴᠢ ᠳᠠᠯᠠᠢ ᠯᠠᠮᠠ ᠲᠡᠷᠢᠭᠦᠲᠡᠨ 》 ᠨᠠᠷ ᠲᠡᠢᠨ ᠬᠦ  ᠥᠭᠦᠯᠡᠭᠰᠡᠨ ᠲᠤᠯᠠ 《 ᠳᠣᠪᠣ ᠮᠡᠷᠭᠡᠨ ᠦ᠌ ᠤᠳᠤᠮ 》 ᠊ᠢ ᠠᠷᠭ᠎ᠠ ᠪᠤᠰᠤ ᠪᠠᠰᠠ  ᠲᠡᠢᠨ ᠭᠡᠵᠦ ᠳᠠᠭᠠᠯᠳᠤᠨ ᠥᠭᠦᠯᠡᠵᠡᠢ ᠃ ᠵᠣᠬᠢᠶᠠᠭᠴᠢ ᠶ᠋ᠢᠨ ᠴᠢᠨᠠᠭᠰᠢᠳᠠ  ᠬᠡᠯᠡᠭᠰᠡᠨ ᠡᠴᠡ ᠦᠵᠡᠪᠡᠯ ᠲᠡᠭᠦᠨ ᠦ᠌ ᠦᠵᠡᠯ ᠰᠠᠨᠠᠭ᠎ᠠ ᠴᠣᠬᠣᠮ ᠶᠠᠭᠤ ᠪᠣᠯᠬᠤ ᠨᠢ ᠨᠡᠩ ᠲᠣᠳᠣ ᠶᠤᠮ ᠃ ᠳᠠᠷᠤᠢ 《 ᠵᠠᠷᠢᠮ ᠰᠤᠳᠤᠷ 》 ᠪᠠ 《 ᠳᠠᠯᠠᠢ ᠯᠠᠮᠠ ᠲᠡᠷᠢᠭᠦᠲᠡᠨ  ᠲᠡᠢᠨ ᠨᠣᠮᠯᠠᠭᠰᠠᠨ 》 ᠴᠤ᠌  ᠬᠠᠷᠢᠨ  ᠶᠡᠬᠡ  ᠰᠢᠳᠡᠳᠦ  ᠯᠠᠭᠴᠢ ᠳᠣᠷᠵᠢ ᠶ᠋ᠢᠨ ᠳᠣᠮᠣᠭ 》 ᠲᠤ᠌ 《 ᠤᠰᠤᠨ ᠤ᠋ ᠡᠬᠢ ᠴᠠᠰᠤᠨ ᠠ᠋ᠴᠠ ᠪᠠᠭᠤᠭᠰᠠᠨ ᠂ ᠬᠥᠮᠦᠨ ᠦ᠌ ᠤᠳᠤᠮ ᠲᠩᠷᠢ ᠡᠴᠡ ᠰᠠᠯᠤᠭᠰᠠᠨ 》ᠭᠡᠵᠦ ᠨᠣᠮᠯᠠᠵᠤ   ᠪᠠᠢᠬᠤ ᠪᠠ ᠴᠢᠨᠠᠭᠰᠢᠯᠠᠪᠠᠯ 《  ᠲᠠᠢᠶᠦᠸᠠᠨ ᠤᠯᠤᠰ ᠤ᠋ᠨ ᠭᠣᠣᠯ ᠰᠤᠳᠤᠷ ᠊ᠢ ᠳᠠᠭᠠᠵᠤ ᠤᠭ ᠦᠶ᠎ᠡ ᠶ᠋ᠢ ᠲᠣᠪᠴᠢᠯᠠᠨ ᠳᠣᠭᠣᠯᠪᠠᠰᠤ 》᠂ ᠬᠠᠷᠢᠨ ᠴᠢᠩᠭᠢᠰ ᠬᠠᠭᠠᠨ ᠤ᠋ ᠠᠷᠪᠠᠳᠤᠭᠠᠷ ᠦᠶ᠎ᠡ ᠶ᠋ᠢᠨ ᠳᠡᠭᠡᠳᠦᠰ ᠪᠣᠯᠬᠤ ᠪᠣᠲᠠᠨᠴᠠᠷ 《 ᠲᠩᠷᠢ  ᠡᠴᠡ ᠵᠠᠶᠠᠭᠠᠭᠳᠠᠭᠰᠠᠨ   ᠪᠠᠢᠵᠡᠢ ᠃ ᠡᠨᠡ ᠪᠣᠯ ᠵᠣᠬᠢᠶᠠᠭᠴᠢ ᠶ᠋ᠢᠨ ᠦᠨᠡᠨᠬᠦ ᠪᠣᠳᠣᠯ ᠰᠠᠨᠠᠭ᠎ᠠ ᠮᠥᠨ ᠂ ᠳᠠᠷᠤᠢ ᠡᠨᠡᠳᠬᠡᠭ ᠲᠥᠪᠡᠳ ᠡᠴᠡ ᠪᠠᠷᠢᠯᠳᠤᠯᠭ᠎ᠠ ᠲᠠᠢ ᠭᠡᠰᠡᠨ ᠊ᠢ ᠬᠡᠢ ᠵᠥᠪᠰᠢᠶᠡᠷᠡᠵᠦ ᠳᠡᠭᠡᠳᠦ ᠲᠩᠷᠢ ᠡᠴᠡ ᠵᠠᠶᠠᠭᠠᠭᠳᠠᠭᠰᠠᠨ ᠭᠡᠬᠦ ᠶ᠋ᠢ ᠮᠠᠭᠠᠳ  ᠵᠥᠪᠰᠢᠶᠡᠷᠡᠭᠰᠡᠨ  ᠪᠠᠢᠵᠠᠢ ᠃
     ᠠᠷᠢᠬᠢᠴᠢᠨ ᠡᠪᠦᠭᠡᠨ ᠦ᠌ ᠰᠠᠨᠠᠭ᠎ᠠ ᠠᠷᠢᠬᠢᠨ ᠳ᠋ᠤᠷ ᠪᠤᠰᠤ ᠃ ᠭᠣᠮᠪᠣᠵᠠᠪ ᠤ᠋ᠨ ᠦᠨᠡᠨᠬᠦ ᠦᠵᠡᠯ ᠰᠠᠨᠠᠭ᠎ᠠ ᠪᠣᠯ ᠴᠢᠩᠭᠢᠰ ᠡᠵᠡᠨ ᠦ᠌ ᠠᠯᠲᠠᠨ ᠤᠷᠤᠭ ᠊ᠢ ᠡᠨᠡᠳᠬᠡᠭ ᠲᠥᠪᠡᠳ  ᠤᠨ ᠬᠠᠳ  ᠲᠠᠢ  ᠴᠢᠩᠭ᠎ᠠ ᠪᠠᠷᠢᠯᠳᠤᠭᠤᠯᠤᠭᠰᠠᠨ ᠊ᠢ ᠡᠰᠡ ᠵᠥᠪᠰᠢᠶᠡᠷᠡᠨ ᠂ 《 ᠬᠥᠮᠦᠨ ᠦ᠌ ᠤᠳᠤᠮ ᠲᠩᠷᠢ ᠡᠴᠡ ᠰᠠᠯᠤᠭᠰᠠᠨ 》 ᠭᠡᠳᠡᠭ ᠦᠵᠡᠯ ᠢ᠋ᠶ᠋ᠡᠷ ᠳᠠᠯᠠᠢ ᠯᠠᠮᠠ ᠲᠡᠷᠢᠭᠦᠲᠡᠨ ᠦ᠌ ᠨᠣᠮᠯᠠᠭᠰᠠᠨ ᠊ᠢ  ᠪᠤᠷᠤᠭᠤᠰᠢᠶᠠᠭᠰᠠᠨ ᠶᠤᠮ ᠃   ᠮᠣᠩᠭᠣᠯ  ᠤ᠋ᠨ ᠬᠠᠳ ᠤ᠋ᠨ ᠢᠵᠠᠭᠤᠷ ᠪᠣᠯ ᠡᠨᠡᠳᠬᠡᠭ ᠂ ᠲᠥᠪᠡᠳ  ᠦᠨ ᠭᠠᠷᠤᠯ ᠲᠠᠢ ᠭᠡᠳᠡᠭ ᠦᠵᠡᠯ ᠪᠣᠯ ᠲᠡᠦᠬᠡ ᠶ᠋ᠢᠨ ᠦᠨᠡᠨ ᠬᠡᠷᠡᠭ ᠲᠡᠢ  ᠨᠡᠢᠴᠡᠬᠦ ᠦᠭᠡᠢ ᠬᠡᠢ ᠦᠵᠡᠯ ᠮᠥᠨ 》 ① ᠂ ᠲᠡᠭᠷᠢ ᠡᠴᠡ ᠵᠠᠶᠠᠭᠠᠭᠰᠠᠨ ᠭᠡᠳᠡᠭ ᠦᠵᠡᠯ ᠪᠣᠯ ᠶᠠᠷᠢᠶᠠᠨ ᠦᠭᠡᠢ ᠮᠥᠨ ᠴᠦ᠍ ᠬᠡᠢ ᠦᠵᠡᠯ  ᠶᠤᠮ᠃ ᠡᠨᠳᠡ 《 ᠭᠠᠩᠭ᠎ᠠ ᠶ᠋ᠢᠨ ᠤᠷᠤᠰᠬᠠᠯ 》 ᠤ᠋ᠨ ᠵᠣᠬᠢᠶᠠᠭᠴᠢ ᠨᠢ ᠬᠡᠷᠡᠭ ᠳᠡᠭᠡᠷ᠎ᠡ ᠪᠡᠨ ᠬᠡᠢ ᠦᠵᠡᠯ ᠢ᠋ᠶ᠋ᠡᠷ ᠬᠡᠢ ᠦᠵᠡᠯ   ᠊ᠢ ᠪᠤᠷᠤᠭᠤᠰᠢᠶᠠᠭᠰᠠᠨ ᠲᠡᠳᠦᠢ ᠯᠡ  ᠶᠤᠮ ᠃ ᠭᠡᠲᠡᠯ᠎ᠡ ᠡᠭᠦᠨ ᠦ᠌ ᠳᠣᠲᠣᠷ᠎ᠠ ᠪᠢᠳᠡᠨ ᠦ᠌  ᠠᠩᠬᠠᠷᠤᠭᠤᠰᠢᠲᠠᠢ ᠵᠦᠢᠯ ᠭᠡᠪᠡᠯ ᠂ ᠠᠷᠪᠠᠨ  ᠨᠠᠢ᠌ᠮᠠᠳᠤᠭᠠᠷ ᠵᠠᠭᠤᠨ ᠤ᠋ ᠬᠣᠷᠢᠭᠠᠳ ᠣᠨ ᠤ᠋ ᠦᠶ᠎ᠡ ᠂ ᠳᠠᠷᠤᠢ 《ᠭᠠᠩᠭ᠎ᠠ ᠶ᠋ᠢᠨ ᠤᠷᠤᠰᠬᠠᠯ 》   ᠊ᠢ ᠪᠢᠴᠢᠬᠦ ᠲᠡᠷᠡ ᠶ᠋ᠢᠨ ᠲᠤᠬᠠᠢ ᠴᠠᠭ ᠦᠶ᠎ᠡ ᠳ᠋ᠦ᠍ ᠮᠣᠩᠭᠣᠯ ᠣᠷᠣᠨ ᠳ᠋ᠤ᠌ ᠪᠤᠷᠬᠠᠨ  ᠤ᠋ ᠱᠠᠰᠢᠨ ᠶᠡᠬᠡᠳᠡ ᠳᠡᠯᠭᠡᠷᠡᠵᠦ 《 ᠬᠠᠮᠤᠭ  ᠊ᠢ ᠮᠡᠳᠡᠭᠴᠢ ᠳᠠᠯᠠᠢ ᠯᠠᠮᠠ ᠶ᠋ᠢᠨ ᠨᠣᠮᠯᠠᠯ 》 ᠪᠣᠯ ᠪᠣᠭᠳᠠ ᠶ᠋ᠢᠨ ᠰᠤᠷᠭᠠᠯ ᠪᠣᠯᠵᠤ  ᠪᠠᠢᠭᠰᠠᠨ ᠴᠠᠭ ᠦᠶ᠎ᠡ ᠪᠢᠯᠡ᠃ ᠲᠤᠬᠠᠢ ᠶ᠋ᠢᠨ ᠦᠶ᠎ᠡ ᠳ᠋ᠦ᠍ ᠬᠡᠨ ᠬᠥᠮᠦᠨ ᠠᠶᠤᠮᠰᠢᠭ ᠦᠭᠡᠢ ᠡᠭᠦᠨ ᠊ᠢ ᠵᠥᠷᠢᠴᠡᠪᠡᠯ ᠶᠠᠮᠠᠷ ᠦᠷ᠎ᠡ ᠳ᠋ᠦ᠋ᠩ ᠳ᠋ᠦ᠍ ᠤᠴᠠᠷᠠᠬᠤ ᠭᠡᠰᠡᠨ ᠊ᠢ ᠲᠡᠦᠬᠡᠨ ᠣᠷᠴᠢᠨ ᠲᠣᠭᠣᠷᠢᠨ ᠠᠬᠤᠢ  ᠪᠠᠢᠳᠠᠯ  ᠊ᠢ ᠬᠦᠨᠳᠦᠳᠬᠡᠨ ᠦᠵᠡᠳᠡᠭ ᠮᠠᠷᠺᠰ ᠤ᠋ᠨ ᠦᠵᠡᠯ   ᠊ᠢ ᠰᠢᠲᠦᠳᠡᠭ ᠪᠢᠳᠡᠨᠡᠷ ᠰᠡᠳᠬᠢᠪᠡᠰᠦ ᠮᠡᠳᠡᠵᠦ ᠪᠣᠯᠤᠨ᠎ᠠ᠃  ᠡᠢᠮᠦ ᠶ᠋ᠢᠨ ᠲᠤᠯᠠ ᠂ ᠭᠣᠮᠪᠣᠵᠠᠪ ᠮᠣᠩᠭᠣᠯ ᠤ᠋ᠨ ᠬᠠᠳ   ᠊ᠢ 《ᠡᠨᠡᠳᠬᠡᠭ ᠲᠥᠪᠡᠳ ᠲᠡᠢ ᠪᠠᠷᠢᠯᠳᠤᠯᠭ᠎ᠠ ᠲᠠᠢ 》 ᠭᠡᠰᠡᠨ ᠦᠵᠡᠯ ᠰᠠᠨᠠᠭ᠎ᠠ ᠶ᠋ᠢ 《 ᠳᠡᠭᠡᠳᠦ ᠲᠡᠭᠷᠢ ᠡᠴᠡ ᠵᠠᠶᠠᠭᠠᠭᠳᠠᠭᠰᠠᠨ 》 ᠭᠡᠳᠡᠭ ᠦᠵᠡᠯ ᠢ᠋ᠶ᠋ᠡᠷ ᠵᠢᠮᠡᠯᠡᠨ ᠨᠢᠴᠤᠭᠠᠬᠤ ᠪᠠᠷ ᠣᠷᠣᠯᠳᠣᠭᠰᠠᠨ ᠶᠤᠮ᠃ 
    ᠡᠨᠡ ᠣᠷᠣᠯᠳᠣᠯᠭ᠎ᠠ ᠨᠢ  ᠬᠡᠳᠦᠢᠪᠡᠷ ᠳᠡᠭᠡᠷ᠎ᠡ ᠳᠤᠷᠠᠳᠤᠭᠰᠠᠨ ᠮᠡᠲᠦ ᠬᠡᠢ ᠦᠵᠡᠯ ᠢ᠋ᠶ᠋ᠡᠷ ᠬᠡᠢ ᠦᠵᠡᠯ ᠊ᠢ ᠨᠢᠴᠤᠭᠠᠬᠤ ᠭᠡᠰᠡᠨ ᠣᠷᠣᠯᠳᠣᠯᠭ᠎ᠠ ᠪᠣᠯᠪᠠᠴᠤ ᠂ ᠲᠤᠬᠠᠢ ᠶ᠋ᠢᠨ ᠦᠶ᠎ᠡ ᠶ᠋ᠢᠨ ᠮᠣᠩᠭᠣᠯ ᠤ᠋ᠨ ᠲᠡᠦᠬᠡ ᠪᠢᠴᠢᠯᠭᠡ ᠳ᠋ᠦ᠍ ᠨᠣᠶᠠᠯᠠᠬᠤ  ᠪᠠᠢᠷᠢ ᠡᠵᠡᠯᠡᠵᠦ  ᠪᠠᠢᠭᠰᠠᠨ ᠮᠣᠩᠭᠣᠯ ᠤ᠋ᠨ ᠬᠠᠳ ᠤ᠋ᠨ ᠢᠵᠠᠭᠤᠷ ᠪᠣᠯ 《 ᠡᠨᠡᠳᠬᠡᠭ ᠲᠥᠪᠡᠳ ᠡᠴᠡ ᠡᠭᠦᠰᠦᠭᠰᠡᠨ 》 ᠂ 《ᠡᠨᠡᠳᠬᠡᠭ ᠲᠥᠪᠡᠳ ᠲᠡᠢ ᠪᠠᠷᠢᠯᠳᠤᠯᠭ᠎ᠠ ᠲᠠᠢ 》 ᠭᠡᠰᠡᠨ ᠦᠵᠡᠯ ᠰᠠᠨᠠᠭ᠎ᠠ ᠶ᠋ᠢ ᠦᠭᠡᠢᠰᠭᠡᠨ ᠨᠢᠴᠤᠭᠠᠭᠰᠠᠨ ᠦᠵᠡᠯ ᠰᠠᠨᠠᠭ᠎ᠠ ᠪᠠ ᠴᠢᠭᠯᠡᠯ ᠪᠣᠯᠬᠤ ᠶᠤᠮ᠃


① ᠯᠢᠦ ᠶ᠋ᠢᠨ ᠰᠦᠸᠧ ᠄ 《 ᠠᠷᠪᠠᠨ ᠭᠤᠷᠪᠠ — ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠲᠡᠦᠬᠡ ᠪᠢᠴᠢᠯᠭᠡ 》᠃


     ᠭᠣᠮᠪᠣᠵᠠᠪ ᠤ᠋ᠨ ᠠᠮᠢᠳᠤᠷᠠᠵᠤ ᠪᠠᠢᠭᠰᠠᠨ ᠴᠠᠭ ᠦᠶ᠎ᠡ ᠪᠣᠯ ᠮᠣᠩᠭᠣᠯ ᠣᠷᠣᠨ ᠨᠢᠭᠡᠨᠲᠡ ᠮᠠᠨᠵᠤ ᠴᠢᠩ ᠳ᠋ᠦ᠍ ᠡᠵᠡᠯᠡᠭᠳᠡᠭᠰᠡᠨ《 ᠪᠠ ᠪᠦᠷᠢᠨ  ᠦ  ᠳᠠᠢᠴᠢᠩ ᠤᠯᠤᠰ 》 ᠪᠣᠯᠤᠭᠰᠠᠨ ᠴᠠᠭ ᠦᠶ᠎ᠡ  ᠶᠤᠮ᠃ ᠡᠨᠡ ᠦᠶ᠎ᠡ ᠂ ᠢᠯᠠᠩᠭᠤᠶ᠎ᠠ ᠭᠣᠮᠪᠣᠵᠠᠪ ᠤ᠋ᠨ ᠠᠮᠢᠳᠤᠷᠠᠯ ᠤ᠋ᠨ ᠵᠠᠮ ᠳ᠋ᠠᠬᠢ ᠡᠬᠢᠨ ᠦ᠌ ᠦᠶ᠎ᠡ ᠪᠣᠯ ᠮᠣᠩᠭᠣᠯ ᠣᠷᠣᠨ ᠳ᠋ᠤ᠌ ᠮᠠᠨᠵᠤ ᠶ᠋ᠢᠨ ᠨᠣᠶᠠᠷᠬᠠᠭᠴᠢᠳ   ᠊ᠢ  ᠡᠰᠡᠷᠭᠦᠴᠡᠭᠰᠡᠨ ᠲᠡᠮᠡᠴᠡᠯ ᠬᠠᠷᠠᠬᠠᠨ ᠬᠤᠷᠴᠠ ᠰᠢᠷᠦᠭᠦᠨ  ᠪᠠᠢᠭᠰᠠᠨ ᠴᠠᠭ ᠦᠶ᠎ᠡ  ᠶᠤᠮ᠃ 1688 ᠣᠨ ᠳ᠋ᠤ᠌  ᠣᠶᠢᠷᠠᠳ ᠤ᠋ᠨ ᠭᠠᠯᠳᠠᠨ ᠪᠣᠱᠣᠭᠲᠤ ᠮᠠᠨᠵᠤ ᠶ᠋ᠢ ᠡᠰᠡᠷᠭᠦᠴᠡᠨ ᠬᠠᠯᠬ᠎ᠠ ᠳ᠋ᠤ᠌ ᠴᠡᠷᠢᠭ ᠣᠷᠣᠭᠠᠳ1690 ᠣᠨ ᠪᠣᠯᠬᠤ ᠳ᠋ᠤ᠌ ᠭᠠᠯᠳᠠᠨ ᠪᠣᠱᠣᠭᠲᠤ ᠶ᠋ᠢᠨ ᠴᠡᠷᠢᠭ ᠭᠣᠮᠪᠣᠵᠠᠪ   ᠤᠨ ᠥᠯᠥᠭᠡᠢ ᠨᠤᠲᠤᠭ ᠦᠵᠦᠮᠦᠴᠢᠨ ᠳ᠋ᠦ᠍ ᠣᠷᠣᠵᠤ ᠢᠷᠡᠬᠦ ᠳ᠋ᠦ᠍ ᠭᠣᠮᠪᠣᠵᠠᠪ ᠤ᠋ᠨ ᠭᠡᠷ ᠡᠷᠦᠬᠡ  ᠶ᠋ᠢᠨ ᠬᠢᠨ ᠭᠠᠯᠳᠠᠨ ᠊ᠢ ᠰᠠᠮ ᠢ᠋ᠶ᠋ᠠᠷ ᠳᠡᠮᠵᠢᠵᠦ  ᠪᠠᠢᠭᠰᠠᠨ  ᠊ᠢ ᠪᠢᠳᠡ ᠲᠤᠰ ᠥᠭᠦᠯᠡᠯ  ᠤᠨ ᠡᠬᠢᠨ ᠳ᠋ᠦ᠍ ᠳᠤᠷᠠᠳᠤᠭᠰᠠᠨ  ᠪᠢᠯᠡ ᠃ ᠭᠡᠲᠡᠯ᠎ᠡ ᠡᠨᠡ ᠬᠡᠷᠡᠭ ᠬᠤᠪᠢᠰᠤᠯ ᠊ᠢ ᠦᠵᠡᠵᠦ ᠰᠣᠨᠣᠰᠤᠭᠰᠠᠨ ᠭᠣᠮᠪᠣᠵᠠᠪ ᠲᠡᠭᠦᠨ ᠦ᠌ 《 ᠭᠠᠩᠭ᠎ᠠ ᠶ᠋ᠢᠨ ᠤᠷᠤᠰᠬᠠᠯ 》   ᠳ᠋ᠠᠭᠠᠨ ᠮᠠᠨᠵᠤ ᠴᠢᠩ   ᠊ᠢ  ᠡᠰᠡᠷᠭᠦᠴᠡᠭᠰᠡᠨ  ᠭᠠᠯᠳᠠᠨ ᠪᠣᠱᠣᠭᠲᠤ ᠶ᠋ᠢ ᠣᠭᠲᠣ ᠳᠤᠷᠠᠳᠤᠭᠰᠠᠨ ᠦᠭᠡᠢ ᠨᠢ ᠲᠤᠩ ᠰᠣᠨᠢᠷᠬᠠᠯ ᠲᠠᠢ ᠶᠤᠮ᠃ ᠡᠭᠦᠪᠡᠷ ᠦᠯᠦ ᠪᠠᠷᠠᠮ ᠂ 《 ᠪᠠ ᠪᠦᠷᠢᠨ ᠦ᠌  ᠳᠠᠢᠴᠢᠩ ᠤᠯᠤᠰ 》1635 ᠣᠨ ᠳ᠋ᠤ᠌ ᠭᠣᠪᠢ ᠶ᠋ᠢᠨ ᠡᠮᠦᠨᠡᠬᠢ ᠮᠣᠩᠭᠣᠯ ᠤ᠋ᠨ ᠠᠷᠪᠠᠨ ᠵᠢᠷᠭᠤᠭᠠᠨ ᠠᠢᠮᠠᠭ  ᠤᠨ  ᠳᠥᠴᠢ ᠶᠢᠰᠦᠨ ᠹᠧᠣᠳᠠᠯᠴᠤᠳ   ᠊ᠢ ᠮᠦᠭᠳᠡᠨ ᠳ᠋ᠦ᠍ ᠴᠤᠭᠯᠠᠭᠤᠯᠤᠨ ᠮᠠᠨᠵᠤ ᠶ᠋ᠢᠨ ᠬᠠᠭᠠᠨ ᠬᠣᠩ  ᠲᠠᠢᠵᠢ ᠪᠡᠶ᠎ᠡ ᠪᠡᠨ ᠮᠣᠩᠭᠣᠯ ᠤ᠋ᠨ ᠪᠣᠭᠳᠠ ᠰᠡᠴᠡᠨ ᠬᠠᠭᠠᠨ ᠭᠡᠵᠦ  ᠡᠷᠭᠦᠮᠵᠢᠯᠡᠭᠦᠯᠦᠭᠰᠡᠨ ᠡᠨᠡ ᠶᠡᠬᠡ ᠤᠴᠢᠷ ᠴᠤ᠌ ᠭᠣᠮᠪᠣᠵᠠᠪ ᠤ᠋ᠨ ᠪᠢᠷ  ᠤᠨ ᠳᠣᠣᠷ᠎ᠠ ᠣᠷᠣᠭᠰᠠᠨ ᠦᠭᠡᠢ  ᠶᠤᠮ ᠃ ᠲᠡᠷᠡᠴᠢᠯᠡᠨ ᠮᠠᠨᠵᠤ ᠶ᠋ᠢᠨ ᠳᠠᠷᠤᠯᠠᠯ ᠊ᠢ ᠡᠰᠡᠷᠭᠦᠴᠡᠭᠰᠡᠨ ᠯᠢᠭᠳᠡᠨ ᠬᠠᠭᠠᠨ ᠤ᠋ ᠲᠤᠬᠠᠢ ᠳᠤᠷᠠᠳᠬᠤ ᠳ᠋ᠠᠭᠠᠨ 《 ᠲᠥᠷᠥ ᠪᠡᠨ ᠲᠡᠪᠴᠢᠵᠦ᠂ ᠰᠢᠷ᠎ᠠ ᠲᠠᠯ᠎ᠠ ᠨᠡᠷᠡᠲᠦ ᠭᠠᠵᠠᠷ ᠬᠠᠯᠢᠪᠠᠢ 》 ᠭᠡᠵᠦ ᠴᠤᠬᠤᠰ ᠳᠤᠷᠠᠳᠤᠭᠰᠠᠨ ᠠ᠋ᠴᠠ ᠪᠢᠰᠢ᠂ ᠬᠠᠷᠢᠨ ᠴᠢᠩ ᠤᠯᠤᠰ ᠤ᠋ᠨ ᠦᠶ᠎ᠡ ᠳ᠋ᠦ᠍ ᠪᠢᠴᠢᠭᠳᠡᠭᠰᠡᠨ ᠪᠤᠰᠤᠳ ᠮᠣᠩᠭᠣᠯ ᠲᠡᠦᠬᠡᠨ ᠵᠣᠬᠢᠶᠠᠯ ᠤ᠋ᠨ ᠠᠳᠠᠯᠢ ᠯᠢᠭᠳᠡᠨ ᠬᠠᠭᠠᠨ   ᠊ᠢ 《 ᠶᠣᠰᠣᠨ ᠦᠭᠡᠢ 》 《 ᠤᠷᠪᠠᠨ ᠲᠡᠷᠰᠯᠡᠵᠦ 》ᠭᠡᠬᠦ ᠮᠡᠲᠦᠴᠢᠯᠡᠨ ᠡᠨᠡ ᠲᠡᠷᠡ ᠭᠡᠵᠦ ᠡᠯᠳᠡᠪ ᠢ᠋ᠶ᠋ᠡᠷ ᠪᠤᠷᠤᠭᠤᠰᠢᠶᠠᠨ ᠵᠢᠮᠡᠯᠡᠭᠰᠡᠨ ᠦᠭᠡᠢ  ᠶᠤᠮ᠃ ᠳᠡᠭᠡᠷ᠎ᠡ ᠳᠤᠷᠠᠳᠤᠭᠰᠠᠨ ᠡᠳᠡᠭᠡᠷ ᠪᠣᠢ ᠪᠦᠬᠦᠢ ᠲᠡᠦᠬᠡᠨ ᠬᠡᠷᠡᠭ ᠶᠠᠪᠤᠳᠠᠯ ᠨᠢ ᠲᠤᠬᠠᠢ ᠶ᠋ᠢᠨ ᠦᠶ᠎ᠡ ᠳ᠋ᠦ᠍ ᠮᠠᠨᠵᠤ ᠴᠢᠩ  ᠤᠨ ᠵᠠᠰᠠᠭ ᠤ᠋ᠨ ᠭᠠᠵᠠᠷ ᠦᠢᠯᠡᠴᠢᠯᠡᠵᠦ  ᠪᠠᠶᠢᠭᠰᠠᠨ ᠭᠣᠮᠪᠣᠵᠠᠪ  ᠳ᠋ᠦ᠍ ᠠᠪᠴᠤ ᠬᠡᠯᠡᠪᠡᠯ ᠶᠠᠷᠢᠶᠠᠨ ᠦᠭᠡᠢ 《 ᠪᠠ ᠪᠦᠷᠢᠨ ᠦ᠌ ᠳᠠᠢᠴᠢᠩ ᠤᠯᠤᠰ 》 ᠤ᠋ᠨ ᠡᠮᠦᠨ᠎ᠡ ᠡᠴᠡ ᠮᠠᠨᠵᠤ ᠴᠢᠩ   ᠊ᠢ ᠡᠰᠡᠷᠭᠦᠴᠡᠭᠰᠡᠨ ᠲᠡᠮᠡᠴᠡᠯ ᠊ᠢ ᠪᠤᠷᠤᠭᠤᠰᠢᠶᠠᠨ ᠳᠣᠩᠭᠣᠳᠴᠤ ᠂ ᠮᠠᠨᠵᠤ ᠴᠢᠩ   ᠊ᠢ ᠳᠠᠭᠠᠭᠰᠠᠨ ᠮᠣᠩᠭᠣᠯ ᠤ᠋ᠨ ᠹᠧᠣᠳᠠᠯᠴᠤᠳ ᠊ᠢ ᠥᠨᠳᠥᠷ ᠦᠨᠡᠯᠡᠨ ᠡᠷᠭᠦᠨ ᠮᠠᠭᠲᠠᠪᠠᠯ ᠲᠠᠭᠠᠷᠠᠬᠤ ᠪᠠᠢᠭᠰᠠᠨ ᠶᠤᠮ᠃ ᠭᠡᠲᠡᠯ᠎ᠡ ᠭᠣᠮᠪᠣᠵᠠᠪ ᠢᠩᠭᠢᠵᠦ ᠪᠢᠴᠢᠭᠰᠡᠨ ᠦᠭᠡᠢ ᠮᠥᠷᠲᠡᠭᠡᠨ ᠮᠠᠨᠵᠤ ᠶ᠋ᠢᠨ ᠬᠠᠭᠠᠨ ᠨᠠᠷ  ᠊ᠢ ᠮᠠᠭᠲᠠᠬᠤ ᠶ᠋ᠢ ᠪᠠᠢᠲᠤᠭᠠᠢ ᠲᠡᠳᠡᠨ ᠦ᠌ ᠠᠯᠳᠠᠷ ᠨᠡᠷ᠎ᠡ  ᠶ᠋ᠢ ᠴᠦ᠍ ᠳᠤᠷᠠᠳᠤᠭᠰᠠᠨ ᠦᠭᠡᠢ  ᠶᠤᠮ ᠃

     ᠭᠣᠮᠪᠣᠵᠠᠪ  ᠤ᠋ᠨ ᠠᠮᠢᠳᠤᠷᠠᠯ  ᠤ᠋ᠨ ᠵᠠᠮ ᠳ᠋ᠠᠬᠢ ᠥᠩᠭᠡᠷᠡᠯᠲᠡ ᠪᠠ ᠤᠴᠠᠷᠠᠯ  ( ᠮᠣᠩᠭᠣᠯ ᠂ ᠮᠠᠨᠵᠤ ᠳ᠋ᠤ᠌ ᠳᠠᠭᠠᠭᠰᠠᠨ ᠃ ᠭᠠᠯᠳᠠᠨ ᠪᠣᠱᠣᠭᠲᠤ ᠶ᠋ᠢᠨ ᠲᠡᠮᠡᠴᠡᠯ ᠳ᠋ᠦ᠍ ᠲᠡᠭᠦᠨ ᠦ᠌ ᠭᠡᠷ ᠡᠷᠦᠬᠡ ᠬᠣᠯᠪᠣᠭᠳᠠᠭᠰᠠᠨ ᠃ ᠭᠣᠮᠪᠣᠵᠠᠪ ᠊ᠢ ᠲᠤᠰᠢᠶᠠᠯ ᠵᠠᠯᠭᠠᠮᠵᠢᠯᠠᠭᠤᠯᠤᠭᠰᠠᠨ ᠦᠭᠡᠢ ᠵᠡᠷᠭᠡ )  ᠃ ᠲᠡᠭᠦᠨ  ᠦ᠌ ᠲᠡᠦᠬᠡᠨ ᠵᠣᠬᠢᠶᠠᠯ ᠤ᠋ᠨ ᠤᠨᠳᠤᠰᠦᠨ ᠦᠵᠡᠯ ᠰᠠᠨᠠᠭ᠎ᠠ ( ᠴᠢᠩᠭᠢᠰ ᠬᠠᠭᠠᠨ ᠤ᠋ ᠠᠯᠲᠠᠨ ᠤᠷᠤᠭ  ᠭᠠᠩᠭ᠎ᠠ  ᠶ᠋ᠢᠨ ᠤᠷᠤᠰᠬᠠᠯ ᠮᠡᠲᠦ ᠥᠨᠢᠳᠡ ᠲᠠᠰᠤᠷᠠᠰᠢ ᠦᠭᠡᠢ ᠤᠷᠤᠰᠬᠤ )  ᠃ ᠮᠠᠨᠵᠤ ᠴᠢᠩ  ᠊ᠢ ᠡᠰᠡᠷᠭᠦᠴᠡᠭᠰᠡᠨ ᠲᠡᠮᠡᠴᠡᠯ ᠊ᠢ ᠡᠰᠡ  ᠳᠤᠷᠠᠳᠤᠭᠰᠠᠨ ( ᠭᠠᠯᠳᠠᠨ ᠤ᠋ ᠲᠡᠮᠡᠴᠡᠯ ) ᠵᠡᠷᠭᠡ ᠡᠴᠡ ᠪᠢᠳᠡ ᠭᠣᠮᠪᠣᠵᠠᠪ ᠤ᠋ᠨ ᠰᠡᠳᠬᠢᠯ  ᠤᠨ ᠭᠦᠨ ᠳ᠋ᠦ᠍ ᠨᠢᠭᠤᠭᠳᠠᠵᠤ  ᠪᠦᠬᠦᠢ ᠦᠵᠡᠯ ᠰᠠᠨᠠᠭ᠎ᠠ ᠶ᠋ᠢ ᠣᠯᠵᠤ ᠬᠠᠷᠠᠵᠤ ᠪᠣᠯᠬᠤ ᠶᠤᠮ   ᠃  ᠡᠨᠡ ᠦᠵᠡᠯ ᠰᠠᠨᠠᠭ᠎ᠠ ᠨᠢ ᠳᠠᠷᠤᠢ ᠮᠠᠨᠵᠤ ᠴᠢᠩ  ᠤᠨ ᠡᠵᠡᠨ ᠬᠠᠳ ᠪᠠ ᠲᠡᠳᠡᠨ  ᠦ᠌ ᠨᠣᠶᠠᠷᠬᠠᠯ ᠳ᠋ᠤ᠌ ᠳᠤᠷ᠎ᠠ ᠦᠭᠡᠢᠴᠡᠭ᠍ᠰᠡᠨ ᠦᠵᠡᠯ ᠰᠠᠨᠠᠭ᠎ᠠ ᠶᠤᠮ ᠃  ᠭᠣᠮᠪᠣᠵᠠᠪ  ᠬᠡᠳᠦᠢᠪᠡᠷ ᠲᠡᠭᠦᠨ ᠦ᠌ ᠵᠣᠬᠢᠶᠠᠯ ᠳ᠋ᠠᠭᠠᠨ ᠪᠦᠷ ᠯᠡ 《  ᠪᠠ  ᠪᠦᠷᠢᠨ ᠦ᠌ ᠳᠠᠶ᠋ᠢᠴᠢᠩ ᠶᠡᠬᠡ ᠤᠯᠤᠰ  》ᠭᠡᠵᠦ ᠪᠢᠴᠢᠵᠦ ᠪᠠᠢᠳᠠᠭ ᠪᠣᠯᠪᠠᠴᠤ ᠬᠠᠷᠢᠨ 《 ᠠᠯᠲᠠᠨ ᠳᠡᠯᠡᠬᠡᠢ ᠶ᠋ᠢ ᠡᠵᠡᠯᠡᠭᠰᠡᠨ ᠪᠣᠭᠳᠠ ᠴᠢᠩᠭᠢᠰ ᠬᠠᠭᠠᠨ ᠢᠯᠠᠲᠤᠭᠠᠢ 》 ᠭᠡᠰᠡᠨ ᠪᠣᠯ ᠲᠡᠭᠦᠨ ᠦ᠌ ᠮᠠᠨᠵᠤ ᠴᠢᠩ  ᠤᠨ ᠨᠣᠶᠠᠷᠬᠠᠭᠴᠢ ᠶ᠋ᠢ ᠡᠰᠡᠷᠭᠦᠴᠡᠭᠰᠡᠨ ᠴᠢᠩ ᠰᠡᠳᠬᠢᠯ  ᠤᠨ ᠳᠠᠭᠤᠨ ᠪᠣᠯᠤᠨ᠎ᠠ  ᠃  ᠡᠢᠮᠦ ᠡᠴᠡ 《 ᠭᠠᠩᠭ᠎ᠠ ᠶ᠋ᠢᠨ ᠤᠷᠤᠰᠬᠠᠯ  》 ᠤ᠋ᠨ ᠵᠣᠬᠢᠶᠠᠭᠴᠢ ᠨᠢ ᠮᠥᠨ ᠴᠦ᠍ ᠠᠷᠪᠠᠨ ᠳᠣᠯᠣᠳᠤᠭᠠᠷ ᠵᠠᠭᠤᠨ ᠤ᠋ ᠰᠡᠭᠦᠯᠴᠢ ᠦᠶ᠎ᠡ ᠪᠡᠷ ᠵᠣᠬᠢᠶᠠᠭᠰᠠᠨ ᠮᠣᠩᠭᠣᠯ ᠤ᠋ᠨ ᠵᠠᠷᠢᠮ ᠲᠡᠦᠬᠡᠨ ᠵᠣᠬᠢᠶᠠᠯ ᠲᠠᠢ ᠠᠳᠠᠯᠢ ᠪᠠᠷ 《 ᠦᠨᠡᠨ ᠳ᠋ᠡᠭᠡᠨ ᠮᠠᠨᠵᠤ ᠶ᠋ᠢᠨ ᠬᠠᠭᠠᠨ ᠪᠣᠯ ᠮᠣᠩᠭᠣᠯ ᠤ᠋ᠨ ᠬᠠᠭᠠᠨ ᠭᠡᠰᠡᠨ  ᠊ᠢ ᠵᠥᠪᠰᠢᠶᠡᠷᠡᠭᠰᠡᠨ  ᠦᠭᠡᠢ 》① ᠦᠵᠡᠯ ᠰᠠᠨᠠᠭ᠎ᠠ ᠶ᠋ᠢ ᠳᠠᠬᠢᠨ ᠢᠯᠡᠷᠡᠭᠦᠯᠦᠭᠰᠡᠨ  ᠶᠤᠮ  ᠃

— — — —

① ᠯᠢᠦ ᠶ᠋ᠢᠨ ᠰᠦᠸᠧ ᠄ 《 ᠠᠷᠪᠠᠨ ᠭᠤᠷᠪᠠ — ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠲᠡᠦᠬᠡ ᠪᠢᠴᠢᠯᠭᠡ 》 ᠂ ᠠᠷᠪᠠᠨ ᠳᠥᠷᠪᠡᠳᠦᠭᠡᠷ ᠨᠢᠭᠤᠷ ᠃


    ᠠᠷᠪᠠᠨ ᠨᠠᠢ᠍ᠮᠠᠳᠤᠭᠠᠷ ᠵᠠᠭᠤᠨ ᠤ᠋ ᠡᠬᠢᠨ ᠦ᠌ ᠬᠠᠭᠠᠰ ᠦᠶ᠎ᠡ ᠪᠡᠷ ᠮᠣᠩᠭᠣᠯᠴᠤᠳ ᠬᠠᠭᠠᠰ ᠵᠠᠭᠤᠨ ᠤ᠋  ᠳᠠᠢᠨ  ᠲᠠᠯᠬᠢᠭᠳᠠᠯ ᠊ᠢ ᠥᠩᠭᠡᠷᠡᠭᠡᠭᠡᠳ  ᠨᠢᠭᠡᠨᠲᠡ ᠮᠠᠨᠵᠤ ᠴᠢᠩ ᠤᠯᠤᠰ ᠤ᠋ᠨ  ᠪᠦᠷᠢᠨ ᠬᠠᠷᠢᠶᠠᠲᠤ  ᠪᠣᠯᠵᠤ ᠮᠠᠨᠵᠤ  ᠶ᠋ᠢᠨ ᠬᠠᠭᠠᠨ ᠨᠢᠭᠡᠨᠲᠡ ᠪᠦᠬᠦ  ᠮᠣᠩᠭᠣᠯ ᠤ᠋ᠨ  ᠬᠠᠭᠠᠨ ᠪᠣᠯᠵᠠᠢ ᠃   ᠡᠢᠮᠦᠷᠬᠦᠦ ᠣᠷᠴᠢᠨ ᠠᠬᠤᠢ ᠶᠢᠨ ᠲᠤᠬᠠᠢ ᠳ᠋ᠤᠷ ᠂ ᠲᠡᠷᠡᠴᠢᠯᠡᠨ ᠵᠣᠬᠢᠶᠠᠭᠴᠢ ᠶ᠋ᠢᠨ ᠦᠵᠡᠯ  ᠰᠠᠨᠠᠭ᠎ᠠ ᠳ᠋ᠤ᠌ ᠮᠠᠨᠵᠤ ᠶ᠋ᠢᠨ ᠬᠠᠭᠠᠨ ᠪᠣᠯ ᠮᠣᠩᠭᠣᠯ ᠤ᠋ᠨ ᠬᠠᠭᠠᠨ ᠭᠡᠰᠡᠨ ᠊ᠢ ᠡᠰᠡ ᠵᠥᠪᠰᠢᠶᠡᠷᠡᠬᠦ ᠦᠵᠡᠯ ᠰᠠᠨᠠᠭ᠎ᠠ ᠨᠢᠭᠤᠭᠳᠠᠵᠤ ᠪᠠᠢᠭᠰᠠᠨ ᠤ᠋ ᠤᠯᠠᠮ ᠠ᠋ᠴᠠ ᠂ ᠭᠣᠮᠪᠣᠵᠠᠪ ᠳᠠᠷᠤᠢ   ᠪᠢᠷ ᠬᠥᠳᠡᠯᠭᠡᠨ ᠂ ᠠᠷᠪᠠᠨ ᠳᠣᠯᠣᠳᠤᠭᠠᠷ ᠵᠠᠭᠤᠨ  ᠤ᠋ ᠳᠤᠮᠳᠠᠴᠢ ᠪᠣᠯᠲᠠᠯ᠎ᠠ ᠮᠣᠩᠭᠣᠯ ᠤ᠋ᠨ ᠲᠡᠦᠬᠡᠴᠢᠳ ᠴᠢᠩᠭᠢᠰ ᠬᠠᠭᠠᠨ ᠤ᠋ ᠠᠯᠲᠠᠨ ᠤᠷᠤᠭ ᠤ᠋ᠨ ᠲᠡᠦᠬᠡ ᠶ᠋ᠢ ᠳᠡᠰ ᠳᠠᠷᠠᠭᠠᠯᠠᠨ ᠲᠣᠭᠠᠴᠢᠵᠤ ᠢᠷᠡᠭᠰᠡᠨ ᠤᠳᠤᠮᠰᠢᠯ  ᠊ᠢ ᠳᠠᠬᠢᠨ ᠰᠡᠷᠭᠦᠭᠡᠵᠦ 《 ᠴᠢᠩᠭᠢᠰ ᠡᠵᠡᠨ ᠦ᠌ ᠠᠯᠲᠠᠨ ᠤᠷᠤᠭ  ᠤ᠋ᠨ ᠲᠡᠦᠬᠡ 》 ᠶ᠋ᠢ ᠳᠡᠰ ᠳᠠᠷᠠᠭᠠᠯᠠᠨ ᠲᠣᠭᠠᠴᠢᠵᠤ ᠂ ᠴᠢᠩᠭᠢᠰ ᠡᠵᠡᠨ  ᠦ᠌ ᠠᠯᠲᠠᠨ ᠤᠷᠤᠭ ᠪᠣᠯ ᠳᠡᠭᠡᠳᠦ ᠲᠡᠭᠷᠢ ᠡᠴᠡ ᠵᠠᠶᠠᠭᠠᠭᠳᠠᠭᠰᠠᠨ ᠪᠥᠭᠡᠳ ᠭᠠᠩᠭ᠎ᠠ ᠮᠥᠷᠡᠨ  ᠦ᠌ ᠤᠷᠤᠰᠬᠠᠯ ᠮᠡᠲᠦ ᠥᠨᠢ ᠡᠭᠦᠷᠢᠳᠡ ᠲᠠᠰᠤᠷᠠᠰᠢ ᠦᠭᠡᠢ ᠦᠷᠭᠦᠯᠵᠢᠯᠡᠵᠦ   ᠪᠠᠢᠨ᠎ᠠ  ᠭᠡᠰᠡᠨ  ᠊ᠢ ᠮᠣᠩᠭᠣᠯᠴᠤᠳ ᠲᠤ᠌  ᠮᠡᠳᠡᠭᠦᠯᠦᠨ ᠂ ᠲᠡᠳᠡᠨᠡᠷ ᠲᠦ᠍  《ᠠᠯᠲᠠᠨ ᠳᠡᠯᠡᠬᠡᠢ ᠶ᠋ᠢ ᠡᠵᠡᠯᠡᠭᠰᠡᠨ ᠰᠣᠳᠣ ᠪᠣᠭᠳᠠ ᠴᠢᠩᠭᠢᠰ ᠬᠠᠭᠠᠨ ᠢᠯᠠᠲᠤᠭᠠᠢ 》 ᠭᠡᠰᠡᠨ ᠢᠲᠡᠭᠡᠯ    ᠵᠣᠷᠢᠭ  ᠊ᠢ  ᠪᠣᠢ ᠪᠣᠯᠭᠠᠬᠤ ᠭᠡᠵᠡᠢ  ᠃  ᠡᠨᠡ ᠪᠣᠯ 《 ᠭᠠᠩᠭ᠎ᠠ ᠶ᠋ᠢᠨ ᠤᠷᠤᠰᠬᠠᠯ 》 ᠊ᠢ  ᠲᠤᠭᠤᠷᠪᠢᠨ  ᠪᠢᠴᠢᠭᠰᠡᠨ  ᠦ᠌ ᠭᠣᠣᠯ ᠵᠣᠷᠢᠯᠭ᠎ᠠ  ᠪᠣᠯᠵᠤ ᠲᠡᠭᠦᠨ ᠦ᠌ ᠦᠨᠳᠦᠰᠦᠨ ᠦᠵᠡᠯ ᠰᠠᠨᠠᠭ᠎ᠠ ᠪᠣᠯᠵᠤ ᠲᠣᠭᠲᠠᠵᠠᠢ  ᠃

    《 ᠭᠠᠩᠭ᠎ᠠ ᠶ᠋ᠢᠨ ᠤᠷᠤᠰᠬᠠᠯ 》 ᠳ᠋ᠤ᠌ 《 ᠴᠢᠩᠭᠢᠰ ᠡᠵᠡᠨ  ᠦ᠌ ᠠᠯᠲᠠᠨ ᠤᠷᠤᠭ  》 ᠊ᠢ ᠳᠡᠰ  ᠳᠠᠷᠠᠭᠠᠯᠠᠨ ᠲᠣᠭᠠᠴᠢᠬᠤ ᠳ᠋ᠠᠭᠠᠨ ᠮᠣᠩᠭᠣᠯ ᠤ᠋ᠨ ᠡᠯ᠎ᠡ ᠬᠠᠳ ᠤ᠋ᠨ ᠲᠥᠷᠥᠭᠰᠡᠨ ᠣᠨ ᠵᠢᠯ ᠪᠠ ᠬᠠᠭᠠᠨ ᠰᠠᠭᠤᠷᠢᠨ᠎ᠠ ᠰᠠᠭᠤᠭᠰᠠᠨ ᠴᠠᠭ ᠬᠤᠭᠤᠴᠠᠭ᠎ᠠ ᠂  ᠨᠠᠰᠤ ᠨᠥᠭᠴᠢᠭᠰᠡᠨ ᠣᠨ ᠵᠢᠯ  ᠊ᠢ ᠲᠡᠮᠳᠡᠭᠯᠡᠬᠦ  ᠳ᠋ᠡᠭᠡᠨ ᠮᠠᠰᠢ ᠨᠠᠷᠢᠨ ᠨᠢᠭᠲᠠ ᠪᠥᠭᠡᠳ ᠢᠲᠡᠭᠡᠮᠵᠢᠲᠦ ᠴᠢᠨᠠᠷ ᠢ᠋ᠶ᠋ᠠᠷ  ᠴᠢᠩᠭ᠎ᠠ  ᠶᠤᠮ ᠃  ᠡᠭᠦᠨ ᠳ᠋ᠦ᠍ ᠲᠡᠦᠬᠡᠨ ᠬᠡᠷᠡᠭ ᠶᠠᠪᠤᠳᠠᠯ  ᠤ᠋ᠨ ᠣᠨ ᠵᠢᠯ  ᠊ᠢ ᠲᠠᠭᠠᠷᠠᠭᠤᠯᠵᠤ ᠪᠣᠳᠣᠬᠤ  ᠳ᠋ᠠᠭᠠᠨ ᠮᠣᠩᠭᠣᠯ ᠂ ᠬᠢᠲᠠᠳ ᠂ ᠲᠥᠪᠡᠳ ᠲᠡᠦᠬᠡᠨ ᠰᠤᠷᠪᠤᠯᠵᠢ ᠪᠢᠴᠢᠭ  ᠤᠳ ᠊ᠢ ᠠᠰᠢᠭᠯᠠᠨ ᠂ ᠲᠡᠭᠦᠨ ᠳ᠋ᠦ᠍ᠷ   ᠪᠢᠴᠢᠭᠳᠡᠭᠰᠡᠨ ᠣᠨ ᠵᠢᠯ ᠊ᠢ ᠬᠠᠷᠢᠴᠠᠭᠤᠯᠵᠤ ᠰᠢᠨᠵᠢᠯᠡᠭᠡᠨ ᠬᠢᠰᠠᠨ ᠶᠤᠮ   ᠃  ᠵᠢᠱ᠌ᠢᠶᠡᠯᠡᠪᠡᠯ ᠂ ᠳᠡᠶᠡᠨ ᠬᠠᠭᠠᠨ ᠤ᠋ ᠲᠤᠬᠠᠢ ᠲᠡᠮᠳᠡᠭᠯᠡᠬᠦ ᠳ᠋ᠡᠭᠡᠨ ᠄

     ᠬᠥᠪᠡᠭᠦᠨ ᠪᠠᠶᠠᠨ ᠮᠥᠩᠬᠡ ᠪᠣᠯᠬᠤ ᠵᠢᠨᠦᠩ ᠮᠥᠨ ᠤᠰᠤᠨ ᠬᠣᠨᠢᠨ ᠵᠢᠯ ᠶᠡᠬᠡ  ᠣᠷᠣ ᠰᠠᠭᠤᠭᠠᠳ ᠳᠥᠷᠪᠡᠨ ᠣᠨ ᠳᠡᠭᠡᠷ᠎ᠡ ᠭᠠᠯ ᠨᠣᠬᠠᠢ ᠵᠢᠯ    ( 1466 ) ᠴᠧᠩ  ᠬᠤᠸᠠ ᠶ᠋ᠢᠨ ᠬᠣᠶᠠᠳᠤᠭᠠᠷ ᠣᠨ  ᠶᠦᠩᠰᠢᠶᠠᠪᠤ  ᠠᠢᠮᠠᠭ ᠲᠡᠷᠰᠯᠡᠨ  ᠲᠡᠳᠡᠨ ᠳ᠋ᠦ᠍ᠷ ᠬᠣᠷᠣᠭᠠᠲᠠᠪᠠᠢ ᠃ ᠨᠥᠭᠥᠭᠡ  ᠣᠨ  ᠭᠠᠬᠠᠢ ᠵᠢᠯ ( 1467 ) ᠲᠡᠭᠦᠨ ᠦ᠌ ᠥᠨᠥᠴᠢᠨ ᠬᠣᠴᠣᠷᠤᠭᠰᠠᠨ ᠬᠥᠪᠡᠭᠦᠨ  ᠪᠠᠲᠣᠮᠦ᠋ᠩᠬᠡ ᠰᠠᠢᠨ ᠳᠠᠶᠣᠨ ( ᠳᠡᠶᠡᠨ  ) ᠬᠠᠭᠠᠨ ᠲᠠᠢ ᠶᠤᠸᠠᠨ ᠲᠡᠮᠦᠷ ᠮᠣᠭᠠᠢ ᠵᠢᠯ ᠲᠡᠢ (1461 ) ᠂ ᠪᠡᠷᠭᠡᠨ ᠢᠨᠤ ᠮᠠᠨᠳᠤᠬᠠᠢ ᠬᠠᠲᠤᠨ ᠡᠷᠭᠦᠵᠦ ᠳᠣᠯᠣᠭᠠᠨ ᠨᠠᠰᠤᠨ ᠳ᠋ᠤᠷ ᠢᠨᠤ ᠶᠡᠬᠡ ᠣᠷᠣ ᠰᠠᠭᠤᠯᠭᠠᠭᠠᠳ ᠬᠡᠳᠡᠷ ᠲᠡᠷᠰᠯᠡᠭᠦᠦ  ᠣᠢᠷᠠᠳ ᠶᠦᠩᠰᠢᠶᠠᠪᠤ ᠶ᠋ᠢ  ᠳᠠᠢᠯᠠᠵᠤ ᠬᠡᠰᠬᠡᠨ ᠬᠡᠯᠡᠬᠦ ᠪᠦᠬᠦ ᠶᠡᠬᠡ ᠮᠣᠩᠭᠣᠯ ᠤᠯᠤᠰ ᠢ᠋ᠶ᠋ᠠᠨ ᠵᠣᠩᠬᠢᠯᠠᠨ ᠳᠦᠭᠦᠷᠭᠡᠵᠦ  ᠬᠠᠭᠤᠴᠢᠷᠠᠭᠰᠠᠨ ᠬᠠᠨ ᠲᠥᠷᠥ ᠪᠡᠨ ᠬᠠᠮᠤᠭ ᠠ᠋ᠴᠠ   ᠦᠪᠡᠳᠡᠭᠰᠢ ᠮᠠᠨᠳᠤᠭᠤᠯᠪᠠᠢ ᠃ ᠭᠤᠴᠢᠨ ᠨᠠᠶ᠋ᠢᠮᠨᠨ ᠣᠨ ᠪᠣᠯᠤᠭᠠᠳ ᠳᠥᠴᠢᠨ ᠳᠥᠷᠪᠡᠨ ᠨᠠᠰᠤᠨ ᠳ᠋ᠠᠭᠠᠨ ᠮᠣᠳᠣᠨ ᠬᠤᠯᠤᠭᠠᠨ᠎ᠠ ᠵᠢᠯ (1504 ) ᠬᠣᠩ ᡁᠢ ᠶ᠋ᠢᠨ ᠠᠷᠪᠠᠨ ᠳᠣᠯᠣᠳᠤᠭᠠᠷ ᠣᠨ ᠲᠩᠷᠢ ᠪᠣᠯᠪᠠᠢ ᠭᠡᠵᠡᠢ ᠃

     ᠳᠠᠶᠠᠨ ᠬᠠᠭᠠᠨ ᠤ᠋ ᠲᠤᠬᠠᠢ ᠡᠨᠡᠬᠦ ᠲᠡᠮᠳᠡᠭᠯᠡᠭᠰᠡᠨ ᠡᠴᠡ ᠦᠵᠡᠪᠡᠯ ᠳᠠᠶᠠᠨ ᠬᠠᠭᠠᠨ ᠪᠣᠯ1461 ᠣᠨ ᠳ᠋ᠤ᠌ ᠲᠥᠷᠥᠵᠦ1467 ᠣᠨ ᠳ᠋ᠤ᠌ ᠬᠠᠭᠠᠨ ᠣᠷᠣ ᠰᠠᠭᠤᠵᠤ1504 ᠣᠨ ᠳ᠋ᠤ᠌ ᠨᠠᠰᠤ  ᠨᠥᠭᠴᠢᠵᠡᠢ ᠃ ᠡᠨᠡ ᠮᠡᠳᠡᠭᠡ ᠪᠣᠯ ᠯᠣᠪᠰᠠᠩᠲᠠᠨᠵᠠᠨ ᠤ᠋ 《 ᠠᠯᠲᠠᠨ ᠲᠣᠪᠴᠢ 》 ᠪᠠ ᠰᠠᠭᠠᠩ ᠰᠡᠴᠡᠨ ᠦ᠌ 《 ᠡᠷᠳᠡᠨᠢ ᠶ᠋ᠢᠨ ᠲᠣᠪᠴᠢ 》 ᠶ᠋ᠢᠨ ᠲᠡᠮᠳᠡᠭᠯᠡᠯ ᠲᠡᠢ ᠪᠦᠷ ᠠᠳᠠᠯᠢ ᠦᠭᠡᠢ  ᠶᠤᠮ ᠃

     ᠭᠣᠮᠪᠣᠵᠠᠪ ᠪᠣᠯ ᠲᠡᠦᠬᠡᠴᠢ ᠬᠥᠮᠦᠨ ᠢ᠋ᠶ᠋ᠡᠷ ᠦᠯᠦ ᠪᠠᠷᠠᠮ ᠪᠠᠰᠠ ᠬᠡᠯᠡ ᠪᠢᠴᠢᠭ  ᠤᠨ ᠨᠡᠷᠡᠲᠦ ᠡᠷᠳᠡᠮᠲᠡᠨ ᠮᠥᠨ ᠲᠤᠯᠠ 《 ᠭᠠᠩᠭ᠎ᠠ ᠶ᠋ᠢᠨ ᠤᠷᠤᠰᠬᠠᠯ 》 ᠳ᠋ᠤ᠌ ᠮᠣᠩᠭᠣᠯ ᠤ᠋ᠨ ᠡᠷᠲᠡᠨ ᠦ᠌ ᠹᠧᠣᠳᠠᠯ ᠤ᠋ᠨ ᠨᠡᠷᠡᠢᠳᠦᠯ   ᠤᠨ ᠲᠤᠬᠠᠢ ᠥᠪᠡᠷᠮᠢᠴᠡ ᠣᠨᠴᠠᠯᠢᠭ ᠪᠦᠬᠦᠢ  ᠳᠠᠢᠯᠤᠯᠲᠠ  ᠬᠢᠵᠡᠢ ᠃ ᠵᠢᠱ᠌ᠢᠶᠡᠯᠡᠪᠡᠯ ᠄ 《 ᠵᠢᠨᠦᠩ  ᠬᠡᠮᠡᠭᠰᠡᠨ ᠪᠣᠯ ᠬᠢᠲᠠᠳ ᠤ᠋ᠨ ᠸᠠᠩ  ᠬᠡᠮᠡᠭᠰᠡᠨ ᠦᠭᠡ 》 ᠃ 《 ᠤᠩ ᠭᠡᠳᠡᠭ ᠪᠣᠯ ᠬᠢᠲᠠᠳ ᠤ᠋ᠨ ᠸᠠᠩ  ᠬᠡᠮᠡᠭᠰᠡᠨ ᠦᠭᠡ 》  ᠭᠡᠵᠡᠢ ᠃ ᠲᠡᠷᠡ ᠪᠠᠰᠠ 《ᠲᠠᠢᠵᠢ 》 ᠪᠣᠯᠤᠨ 《 ᠲᠠᠪᠤᠨᠠᠩ 》 ᠤ᠋ᠨ ᠲᠤᠬᠠᠢ ᠲᠠᠢᠯᠪᠤᠷᠢᠯᠠᠬᠤ  ᠳ᠋ᠠᠭᠠᠨ 《 ᠮᠣᠩᠭᠣᠯ ᠬᠠᠳ ᠤ᠋ᠨ ᠨᠤᠭᠤᠨ ᠦᠷ᠎ᠡ ᠶ᠋ᠢ  ᠲᠠᠢᠵᠢ ᠬᠡᠮᠡᠮᠦᠢ ᠂ ᠠᠪᠠᠬᠠᠢ  ᠥᠭᠭᠦᠭᠰᠡᠨ ᠬᠦᠷᠭᠡᠨ ᠲᠠᠪᠤᠨᠠᠩ ᠭᠡᠮᠡᠨ ᠳᠠᠭᠤᠳᠠᠵᠤᠬᠤᠢ 》 ᠭᠡᠵᠡᠢ ᠃

    《 ᠭᠠᠩᠭ᠎ᠠ ᠶ᠋ᠢᠨ ᠤᠷᠤᠰᠬᠠᠯ 》 ᠳ᠋ᠤ᠌ ᠬᠠᠮᠤᠷᠤᠭᠳᠠᠨ ᠣᠷᠣᠭᠰᠠᠨ ᠠᠭᠤᠯᠭ᠎ᠠ ᠠ᠋ᠴᠠ ᠦᠵᠡᠪᠡᠯ ᠂ ᠮᠣᠩᠭᠣᠯ ᠣᠷᠣᠨ ᠠ᠋ᠴᠠ ᠭᠠᠳᠠᠨ᠎ᠠ ᠮᠣᠩᠭᠣᠯ ᠬᠠᠭᠠᠨᠲᠤ ᠤᠯᠤᠰ ᠤ᠋ᠨ ᠬᠦᠷᠢᠶ᠎ᠡ ᠬᠡᠪᠴᠢᠶᠡᠨ ᠳ᠋ᠦ᠍ ᠪᠠᠭᠲᠠᠭᠰᠠᠨ ᠪᠠ ᠣᠯᠠᠨ ᠤᠯᠤᠰ  ᠤᠳ ᠡᠴᠡ ᠲᠤᠭᠮᠤᠭ ᠤᠯᠤᠰ ᠂ ᠴᠠᠭᠠᠨ ᠮᠠᠯᠠᠭᠠᠢ ᠲᠠᠢ  ᠬᠣᠢᠵᠢ ᠤᠯᠤᠰ ᠂ ᠤᠯᠠᠭᠠᠨ ᠮᠠᠯᠠᠭᠠᠢ ᠲᠠᠢ ᠣᠶᠣᠩᠭ᠎ᠠ ᠤᠯᠤᠰ ( ᠣᠷᠣᠰ ) ᠂ ᠷᠣᠮ ᠤᠯᠤᠰ ᠂ ᠡᠨᠡᠳᠬᠡᠭ ᠤᠯᠤᠰ ᠂ ᠵᠢᠶᠣᠤ ᡁᠢ ᠤᠯᠤᠰ (  ᠸᠢᠶᠧᠲᠨᠠᠮ) ᠂ ᠹᠦ ᠰᠠᠩ ( ᠶᠠᠫᠣᠨ ) ᠂ ᠪᠠ ᠪᠠᠢ ᠰᠢ  ᠹᠦ ᠤᠯᠤᠰ (  ᠨᠠᠢ᠍ᠮᠠᠨ ᠵᠠᠭᠤᠨ ᠪᠡᠷᠢ ᠲᠡᠢ ᠤᠯᠤᠰ ᠭᠡᠬᠦ ) ᠂ ᠰᠠᠷᠲᠠᠭᠤᠯ ᠤᠯᠤᠰ ᠂ ᠲᠡᠷᠡᠴᠢᠯᠡᠨ ᠥᠬᠢᠨ ᠤᠯᠤᠰ ᠂ ᠨᠣᠬᠠᠢ  ᠲᠣᠯᠣᠭᠠᠢᠲᠤ ᠤᠯᠤᠰ ᠭᠡᠬᠦ ᠮᠡᠲᠦ ᠮᠠᠰᠢ ᠣᠯᠠᠨ ᠤᠯᠤᠰ ᠣᠷᠣᠨ ᠊ᠢ ᠳᠤᠷᠠᠳᠴᠠᠢ ᠃ ᠡᠨᠡ ᠨᠢ ᠠᠷᠪᠠᠨ ᠨᠠᠢ᠍ᠮᠠᠳᠤᠭᠠᠷ ᠵᠠᠭᠤᠨ ᠠ᠋ᠴᠠ  ᠬᠣᠢᠰᠢᠬᠢ ᠮᠣᠩᠭᠣᠯ ᠤ᠋ᠨ ᠲᠡᠦᠬᠡᠴᠢᠳ  ᠤᠨ  ᠨᠢᠳᠦᠨ ᠬᠠᠷᠠᠴᠠ ᠶ᠋ᠢ ᠥᠷᠭᠡᠨ ᠳᠡᠯᠭᠡᠷ ᠪᠣᠯᠭᠠᠬᠤ ᠳ᠋ᠤ᠌ ᠵᠠᠮ ᠨᠡᠭᠡᠭᠡᠵᠦ  ᠥᠭᠭᠦᠭᠰᠡᠨ ᠪᠤᠶᠤ ᠃

    《 ᠭᠠᠩᠭ᠎ᠠ ᠶ᠋ᠢᠨ ᠤᠷᠤᠰᠬᠠᠯ 》 ᠳ᠋ᠤ᠌ ᠮᠣᠩᠭᠣᠯ ᠤ᠋ᠨ ᠬᠥᠭᠵᠢᠮ ᠦᠨ ᠲᠤᠬᠠᠢ ᠳᠤᠷᠠᠳᠤᠭᠰᠠᠨ ᠵᠦᠢᠯ ᠪᠣᠯ ᠡᠷᠲᠡᠨ ᠦ᠌ ᠮᠣᠩᠭᠣᠯ ᠲᠡᠦᠬᠡᠴᠢᠳ  ᠤᠨ ᠵᠣᠬᠢᠶᠠᠯ ᠪᠦᠲᠦᠭᠡᠯ ᠳ᠋ᠦ᠍ ᠳᠤᠷᠠᠳᠴᠤ  ᠥᠩᠭᠡᠷᠡᠭᠰᠡᠨ ᠦᠭᠡᠢ ᠵᠦᠢᠯ ᠪᠣᠯᠤᠨ᠎ᠠ ᠃

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )