ᠠᠯᠢᠮ᠎ᠠ ᠶ᠋ᠢᠨ ᠮᠣᠲᠣ - ᠣᠶᠤᠨ Алимын мод    - Оюун ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠢᠮ᠎ᠠ ᠶ᠋ᠢᠨ ᠮᠣᠲᠣ - ᠣᠶᠤᠨ Алимын мод    - Оюун

ᠠᠯᠢᠮ᠎ᠠ ᠶ᠋ᠢᠨ ᠮᠣᠲᠣ - ᠣᠶᠤᠨ Алимын мод    - Оюун

ᠠᠯᠢᠮ᠎ᠠ ᠶ᠋ᠢᠨ ᠮᠣᠲᠣ

                               
                     ᠣᠶᠤᠨ     

    ᠲᠡᠨᠢᠭᠡᠷ ᠠᠭᠤᠳᠠᠮ ᠲᠠᠯ᠎ᠠ ᠳ᠋ᠤ᠌ ᠴᠣᠷ ᠤ᠋ᠨ ᠭᠠᠭᠴᠠ ᠠᠯᠢᠮ᠎ᠠ ᠶ᠋ᠢᠨ ᠮᠣᠳᠣ ᠠᠮᠢᠳᠤᠷᠠᠵᠤ ᠪᠠᠶ᠋ᠢᠵᠠᠢ ᠃ 
    ᠨᠢᠭᠡᠨ ᠡᠳᠦᠷ ᠰᠠᠮᠵᠠ ᠮᠣᠳᠣᠨ ᠤ᠋ ᠬᠠᠵᠠᠭᠤ ᠪᠠᠷ ᠥᠩᠭᠡᠷᠡᠬᠦ ᠳ᠋ᠦ᠍ ᠪᠡᠨ ᠠᠯᠢᠮ᠎ᠠ ᠶ᠋ᠢᠨ ᠮᠣᠳᠣ ᠶ᠋ᠢ ᠬᠠᠷᠠᠭᠠᠳ ᠄  
   《 ᠲᠠ ᠡᠳᠦᠷᠵᠢᠨ ᠡᠨᠳᠡ ᠭᠠᠭᠴᠠᠭᠠᠷ ᠠᠮᠢᠳᠤᠷᠠᠭᠠᠳ ᠤᠶ᠋ᠢᠤᠠᠬᠤ ᠦᠭᠡᠢ ‍ᠦᠦ ? ᠪᠢ ᠴᠢᠮ᠎ᠠ ᠳ᠋ᠤ᠌ ᠨᠠᠶ᠋ᠢᠵᠠ ᠲᠠᠨᠢᠯᠴᠠᠭᠤᠯᠵᠤ  ᠥᠭᠭᠦᠶ᠎ᠡ 》 ᠭᠡᠵᠡᠢ ᠃ ᠠᠯᠢᠮ᠎ᠠ ᠶ᠋ᠢᠨ ᠮᠣᠳᠣ ᠰᠠᠯᠠᠭ᠎ᠠ ᠨᠠᠮᠠᠭ᠎ᠠ ᠪᠠᠨ ᠰᠠᠵᠢᠯᠠᠭᠰᠠᠭᠠᠷ ᠄ 《 ᠪᠢ ᠭᠠᠭᠴᠠᠭᠠᠷᠳᠠᠬᠤ ᠦᠭᠡᠢ ᠂ ᠨᠠᠳᠠ ᠵᠥᠩᠳᠡᠭᠡᠨ ᠨᠠᠶ᠋ᠢᠵᠠ ᠲᠠᠢ ᠰᠢᠦ ᠂ ᠢᠲᠡᠭᠡᠬᠦ ᠦᠭᠡᠢ ᠪᠣᠯ ᠬᠠᠷᠠ ᠯᠠ ᠳᠠ ! 》 ᠭᠡᠯ᠎ᠡ ᠃ 
    ᠨᠡᠭᠡᠷᠡᠨ ᠮᠣᠳᠣᠨ ᠳᠣᠣᠷ᠎ᠠ ᠠ᠋ᠴᠠ ᠵᠠᠷᠠᠭ᠎ᠠ ᠭᠠᠷᠴᠤ ᠢᠷᠡᠯ᠎ᠡ ᠃ ᠤᠳᠠᠯ ᠦᠭᠡᠢ ᠰᠠᠯᠠᠭ᠎ᠠ ᠨᠠᠮᠠᠭᠠᠨ ᠤ᠋ ᠬᠢᠨᠢ ᠳᠤᠮᠳᠠ ᠠ᠋ᠴᠠ ᠬᠡᠳᠦᠨ ᠬᠡᠷᠡᠮᠦ ᠦᠰᠦᠷᠴᠦ ᠬᠠᠷᠠᠶ᠋ᠢᠬᠰᠠᠭᠠᠷ ᠭᠠᠷᠴᠤ ᠢᠷᠡᠪᠡ ᠃
   《 ᠵᠢᠷ ᠂ ᠵᠢᠷ ᠂ ᠵᠢᠷ 》 ᠭᠡᠬᠦ ᠳᠠᠭᠤᠨ ᠢ᠋ᠶ᠋ᠠᠷ ᠰᠠᠮᠵᠠ ᠳᠡᠭᠡᠭᠰᠢ ᠬᠠᠷᠠᠪᠠᠯ ᠣᠯᠠᠨ ᠣᠯᠠᠨ ᠪᠣᠯᠵᠣᠮᠣᠷ ᠮᠣᠳᠣᠨ ᠤ᠋ ᠰᠠᠯᠠᠭᠠᠨ ᠳᠡᠭᠡᠷ᠎ᠡ ᠵᠢᠷᠭᠢᠵᠦ ᠪᠠᠶ᠋ᠢᠯ᠎ᠠ ᠃ ᠠᠯᠢᠮ᠎ᠠ ᠶ᠋ᠢᠨ ᠮᠣᠳᠣ ᠄ 
   《  ᠡᠳᠡ ᠪᠦᠷ ᠮᠢᠨᠦ ᠨᠠᠶ᠋ᠢᠵᠠ ᠰᠢᠦ ! ᠲᠠ ᠪᠢᠳᠡᠨ ᠲᠡᠢ ᠨᠠᠶ᠋ᠢᠵᠠᠯᠠᠬᠤ ᠦᠭᠡᠢ ‍ᠦᠦ ? 》 ᠭᠡᠯ᠎ᠡ ᠃  
   《 ᠤᠤᠯ ᠨᠢ ᠡᠶ᠋ᠢᠮᠦ ᠪᠠᠶ᠋ᠢᠬᠰᠠᠨ ‍ᠤᠤ ᠳᠠ ᠂ ᠲᠠ ᠴᠢᠨᠢ ᠬᠠᠷᠢᠨ ᠠᠵᠠ ᠵᠢᠷᠭᠠᠯᠲᠠᠢ ᠮᠣᠳᠣ ᠪᠠᠶ᠋ᠢᠬᠰᠠᠨ  ᠠᠵᠢ  ! 》 ᠭᠡᠵᠦ ᠰᠠᠮᠵᠠ ᠰᠡᠳᠬᠢᠯ ᠬᠠᠨᠤᠮᠵᠢᠲᠠᠢ ᠢᠨᠢᠶᠡᠵᠡᠢ ᠃   

        ᠬᠡᠯᠡ ᠪᠢᠴᠢᠭ ᠦ᠋ᠨ ᠬᠣᠶᠠᠳᠤᠭᠠᠷ ᠣᠨ   ( ᠳᠡᠭᠡᠳᠦ )  
             ( 2012 ᠣᠨ ᠤ᠋ 5 ᠰᠠᠷ᠎ᠠ ᠳ᠋ᠤ᠌ ᠠᠩᠬᠠᠳᠤᠭᠠᠷ ᠬᠡᠪ ) ᠡᠴᠡ ᠬᠠᠭᠤᠯᠪᠠ ᠃  

       ᠦᠰᠦᠭ ᠠᠮᠢᠯᠠᠭᠤᠯᠤᠭᠴᠢ ᠄   ᠮᠢᠩᠭᠠᠳ ᠂ ᠴᠢᠮᠡᠭ  
           ᠬᠢᠨᠠᠭᠴᠢ  ᠄  ᠲᠦᠮᠡᠳ · ᠠᠵᠠᠲᠦ