ᠲᠡᠮᠡᠭᠡ ᠡᠷᠢᠭᠰᠡᠨ ᠨᠢ Тэмээ эрсэн нь
ᠲᠡᠮᠡᠭᠡ ᠡᠷᠢᠭᠰᠡᠨ ᠨᠢ
ᠡᠷᠲᠡ ᠤᠷᠢᠳᠤ ᠴᠠᠭ ᠲᠤ᠌ ᠨᠢᠭᠡᠨ ᠡᠪᠦᠭᠡᠨ ᠠᠶᠠᠨ ᠬᠥᠭᠡᠭᠡᠵᠦ ᠪᠠᠶ᠋ᠢᠭᠠᠳ ᠲᠡᠮᠡᠭᠡ ᠪᠡᠨ ᠠᠯᠳᠠᠭᠰᠠᠨ ᠭᠡᠨ᠎ᠡ ᠃ ᠲᠡᠷᠡ ᠡᠪᠦᠭᠡᠨ ᠲᠡᠮᠡᠭᠡ ᠪᠡᠨ ᠡᠷᠢᠵᠦ ᠶᠠᠪᠤᠭᠰᠠᠭᠠᠷ ᠠᠳᠤᠭᠤᠴᠢᠨ ᠵᠠᠯᠠᠭᠤ ᠲᠠᠢ ᠠᠭᠤᠯᠵᠠᠵᠠᠢ ᠃
ᠡᠪᠦᠭᠡᠨ ᠂ ᠠᠳᠤᠭᠤᠴᠢᠨ ᠵᠠᠯᠠᠭᠤ ᠠ᠋ᠴᠠ ᠄ 《 ᠪᠢ ᠴᠠᠭᠠᠨ ᠲᠡᠮᠡᠭᠡ ᠪᠡᠨ ᠠᠯᠳᠠᠴᠢᠬᠠᠯ᠎ᠠ ᠃ ᠰᠤᠷᠠᠭ ᠳᠤᠭᠤᠯᠪᠠ ᠤᠤ ? 》 ᠭᠡᠵᠦ ᠠᠰᠠᠭᠤᠪᠠ ᠃
ᠲᠡᠷᠡ ᠵᠠᠯᠠᠭᠤ ᠄ 《 ᠵᠥᠪᠲᠡᠢ ᠨᠢᠳᠦ ᠨᠢ ᠰᠣᠬᠣᠷ ᠂ ᠪᠤᠷᠤᠭᠤᠲᠠᠢ ᠬᠥᠯ ᠨᠢ ᠳᠣᠭᠣᠯᠠᠩ ᠂ ᠡᠭᠦᠳᠡᠨ ᠰᠢᠲᠦ ᠨᠢ ᠣᠩᠭᠣᠷᠬᠠᠢ ᠲᠡᠮᠡᠭᠡ ᠪᠠᠶ᠋ᠢᠬ᠋᠎ᠠ ᠪᠢᠵᠡ ? 》 ᠭᠡᠪᠡ ᠃
ᠡᠪᠦᠭᠡᠨ ᠄ 《 ᠲᠡᠶ᠋ᠢᠮᠦ ᠲᠡᠶ᠋ᠢᠮᠦ ᠂ ᠶᠠᠭ ᠲᠠᠭᠠᠷᠠᠵᠤ ᠪᠠᠶ᠋ᠢᠨ᠎ᠠ ᠃ ᠬᠠᠮᠢᠭ᠎ᠠ ᠪᠠᠶ᠋ᠢᠨ᠎ᠠ ᠪᠣᠢ ? 》 ᠭᠡᠵᠦ ᠪᠠᠶᠠᠷᠯᠠᠨ ᠠᠰᠠᠭᠤᠪᠠ ᠃ ᠠᠳᠤᠭᠤᠴᠢᠨ ᠵᠠᠯᠠᠭᠤ ᠂ ᠡᠪᠦᠭᠡᠨ ᠦ᠌ ᠠᠰᠠᠭᠤᠭᠰᠠᠨ ᠊ᠢ ᠬᠠᠷᠢᠭᠤᠯᠤᠭᠰᠠᠨ ᠦᠭᠡᠢ ᠪᠡᠷ ᠄《 ᠨᠢᠭᠡ ᠲᠠᠯ᠎ᠠ ᠳ᠋ᠤ᠌ ᠨᠢ ᠪᠠᠯ ᠠᠴᠢᠵᠤ ᠨᠥᠬᠥᠭᠡ ᠲᠠᠯ᠎ᠠ ᠳ᠋ᠤ᠌ ᠨᠢ ᠪᠤᠭᠤᠳᠠᠢ ᠠᠴᠢᠭᠰᠠᠨ ᠪᠢᠵᠡ ᠳᠡ ? 》 ᠭᠡᠯᠡ ᠃
ᠡᠪᠦᠭᠡᠨ ᠲᠡᠮᠡᠭᠡ ᠪᠡᠨ ᠡᠷᠲᠡᠬᠡᠨ ᠣᠯᠬᠤ ᠶ᠋ᠢ ᠪᠣᠳᠣᠵᠤ ᠄ 《 ᠲᠡᠷᠡ ᠲᠡᠮᠡᠭᠡ ᠬᠠᠮᠢᠭ᠎ᠠ ᠪᠠᠶ᠋ᠢᠨ᠎ᠠ ᠪᠣᠢ ? ᠲᠦᠷᠭᠡᠨ ᠬᠡᠯᠡᠭᠡᠳ ᠠᠯᠢ ! ᠳᠡᠭᠦᠦ ᠮᠢᠨᠢ ! 》 ᠭᠡᠵᠦ ᠭᠤᠶᠤᠪᠠ ᠃
ᠭᠡᠲᠡᠯ᠎ᠡ ᠠᠳᠤᠭᠤᠴᠢᠨ ᠵᠠᠯᠠᠭᠤ ᠄ 《 ᠪᠢ ᠲᠠᠨ ᠤ᠋ ᠲᠡᠮᠡᠭᠡ ᠶ᠋ᠢ ᠣᠯᠵᠤ ᠦᠵᠡᠭᠰᠡᠨ ᠦᠭᠡᠢ ᠰᠢᠦ 》 ᠭᠡᠪᠡ ᠃
ᠡᠷᠢᠯᠴᠢᠨ ᠡᠪᠦᠭᠡᠨ ᠶᠡᠬᠡᠳᠡ ᠭᠠᠶ᠋ᠢᠬᠠᠵᠤ ᠄ 《 ᠲᠠ ᠲᠡᠮᠡᠭᠡ ᠶ᠋ᠢ ᠣᠯᠵᠤ ᠦᠵᠡᠭᠰᠡᠨ ᠦᠭᠡᠢ ᠪᠠᠶ᠋ᠢᠭᠠᠳ ᠲᠡᠭᠦᠨ ᠦ᠌ ᠰᠢᠨᠵᠢ ᠲᠡᠮᠳᠡᠭ ᠊ᠢ ᠶᠠᠭᠠᠬᠢᠵᠤ ᠡᠶ᠋ᠢᠮᠦ ᠲᠣᠳᠣᠷᠬᠠᠢ ᠮᠡᠳᠡᠭᠰᠡᠨ ᠪᠣᠢ ? 》 ᠭᠡᠵᠦ ᠠᠰᠠᠭᠤᠪᠠ ᠃
ᠡᠭᠦᠨ ᠳ᠋ᠦ᠍ ᠠᠳᠤᠭᠤᠴᠢᠨ ᠵᠠᠯᠠᠭᠤ ᠄ 《 ᠲᠡᠷᠡ ᠲᠡᠮᠡᠭᠡᠨ ᠦ᠌ ᠵᠥᠪᠲᠡᠢ ᠨᠢᠳᠦ ᠨᠢ ᠰᠣᠬᠣᠷ ᠭᠡᠳᠡᠭ ᠊ᠢ ᠵᠠᠮ ᠤ᠋ᠨ ᠪᠠᠷᠠᠭᠤᠨ ᠲᠠᠯ᠎ᠠ ᠶ᠋ᠢᠨ ᠡᠪᠡᠰᠦ ᠶ᠋ᠢ ᠯᠡ ᠢᠳᠡᠭᠡᠳ ᠶᠠᠪᠤᠭᠰᠠᠨ ᠢ᠋ᠶ᠋ᠠᠷ ᠮᠡᠳᠡᠭᠰᠡᠨ ᠶᠤᠮ ᠃ ᠡᠪᠡᠰᠦ ᠢᠳᠡᠭᠰᠡᠨ ᠣᠷᠣᠮ ᠊ᠢ ᠨᠢ ᠦᠵᠡᠬᠦ ᠳ᠋ᠦ᠍ ᠬᠣᠶᠠᠷ ᠰᠢᠲᠦᠨ ᠦ᠌ ᠬᠡᠮᠵᠢᠶ᠎ᠡ ᠪᠡᠷ ᠡᠪᠡᠰᠦ ᠣᠷᠬᠢᠭᠳᠠᠨ ᠬᠣᠴᠣᠷᠤᠭᠰᠠᠨ ᠠ᠋ᠴᠠ ᠡᠭᠦᠳᠡᠨ ᠰᠢᠳᠦ ᠨᠢ ᠣᠩᠭᠣᠷᠬᠠᠢ ᠭᠡᠵᠦ ᠮᠡᠳᠡᠭᠰᠡᠨ ᠃ ᠪᠤᠷᠤᠭᠤᠲᠠᠢ ᠬᠥᠯ ᠦ᠋ᠨ ᠭᠢᠰᠬᠢᠴᠡ ᠨᠢ ᠵᠥᠪᠲᠡᠢ ᠲᠠᠯ᠎ᠠ ᠠ᠋ᠴᠠ ᠪᠠᠨ ᠬᠥᠩᠭᠡᠨ ᠪᠠᠶ᠋ᠢᠬᠰᠠᠨ ᠲᠤᠯᠠ ᠪᠤᠷᠤᠭᠤᠲᠠᠢ ᠬᠥᠯ ᠨᠢ ᠳᠣᠭᠣᠯᠠᠩ ᠭᠡᠵᠦ ᠳᠠᠭᠠᠪᠠ ᠃ ᠪᠤᠭᠤᠳᠠᠢ ᠂ ᠪᠠᠯ ᠠᠴᠢᠭᠰᠠᠨ ᠊ᠢ ᠨᠡᠩ ᠠᠮᠠᠷᠬᠠᠨ ᠮᠡᠳᠡᠭᠰᠡᠨ ᠃ ᠵᠠᠮ ᠤ᠋ᠨ ᠨᠢᠭᠡ ᠬᠠᠵᠠᠭᠤ ᠪᠠᠷ ᠭᠣᠭᠣᠵᠢᠭᠰᠠᠨ ᠪᠤᠭᠤᠳᠠᠢ ᠳᠡᠭᠡᠷ᠎ᠡ ᠪᠢᠯᠵᠤᠤᠬᠠᠢ ᠴᠤᠭᠯᠠᠷᠠᠵᠤ ᠨᠥᠬᠥᠭᠡ ᠬᠠᠵᠠᠭᠤ ᠪᠠᠷ ᠳᠤᠰᠤᠯᠠᠭᠰᠠᠨ ᠪᠠᠯ ᠳᠡᠭᠡᠷ᠎ᠡ ᠢᠯᠠᠭ᠎ᠠ ᠬᠤᠷᠠᠵᠤ ᠪᠠᠶ᠋ᠢᠬᠰᠠᠨ ᠶᠤᠮ 》 ᠭᠡᠪᠡ ᠃
ᠡᠷᠢᠯᠴᠢᠨ ᠡᠪᠦᠭᠡᠨ ᠂ ᠠᠳᠤᠭᠤᠴᠢᠨ ᠵᠠᠯᠠᠭᠤ ᠶ᠋ᠢᠨ ᠭᠢᠷᠠᠬᠠᠢ ᠨᠢᠳᠦ ᠂ ᠠᠵᠢᠭᠴᠢ ᠣᠪᠣᠷ ᠊ᠢ ᠶᠡᠬᠡᠳᠡ ᠱᠠᠭᠰᠢᠨ ᠮᠠᠭᠲᠠᠵᠠᠢ ᠃ ᠴᠢᠩᠭᠢᠭᠡᠳ ᠠᠳᠤᠭᠤᠴᠢᠨ ᠵᠠᠯᠠᠭᠤ ᠂ ᠡᠪᠦᠭᠡᠨ ᠳ᠋ᠦ᠍ ᠬᠠᠪᠰᠤᠷᠤᠨ ᠡᠷᠢᠬᠦ ᠪᠡᠷ ᠪᠣᠯᠪᠠ ᠃ ᠬᠣᠶᠠᠭᠤᠯᠠ ᠲᠡᠮᠡᠭᠡᠨ ᠦ᠌ ᠬᠣᠶ᠋ᠢᠨ᠎ᠠ ᠠ᠋ᠴᠠ ᠶᠠᠪᠤᠭᠠᠳ ᠤᠳᠠᠯ ᠦᠭᠡᠢ ᠣᠯᠤᠭᠰᠠᠨ ᠭᠡᠨ᠎ᠡ ᠃
ᠬᠡᠯᠡ ᠪᠢᠴᠢᠭ ᠦ᠋ᠨ ᠬᠣᠶᠠᠳᠤᠭᠠᠷ ᠣᠨ ( ᠳᠣᠣᠷᠠᠲᠤ )
( 2012 ᠣᠨ ᠤ᠋ 11 ᠰᠠᠷ᠎ᠠ ᠳ᠋ᠤ᠌ ᠠᠩᠬᠠᠳᠤᠭᠠᠷ ᠬᠡᠪ ) ᠡᠴᠡ ᠬᠠᠭᠤᠯᠪᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠲᠦᠮᠡᠳ · ᠠᠵᠠᠲᠦ
