ᠡᠮᠡᠭᠲᠡᠢᠴᠦᠳ ᠲᠤ ᠡᠷᠭᠦᠬᠦ ᠤᠶᠠᠩᠭ᠎ᠠ - ᠷᠠᠳᠨᠠᠪᠠᠽᠠᠷ Эмэгтэйчүүдэд өргөх уянга - Раднаабазар
ᠡᠮᠡᠭᠲᠡᠢᠴᠦᠳ ᠲᠤ ᠡᠷᠭᠦᠬᠦ ᠤᠶᠠᠩᠭ᠎ᠠ
ᠷᠠᠳᠨᠠᠪᠠᠽᠠᠷ
ᠡᠮᠡᠭᠲᠡᠢᠴᠦᠳ ᠪᠤᠯ
ᠲᠡᠭᠷᠢ ᠶ᠋ᠢᠨ ᠬᠠᠭᠠᠰ ᠲᠠᠯ᠎ᠠ
ᠲᠥᠷᠥ ᠶ᠋ᠢᠨ ᠬᠠᠭᠠᠰ ᠲᠤᠯᠭᠠᠭᠤᠷᠢ
ᠲᠡᠯᠡᠬᠡᠢ ᠶ᠋ᠢᠨ ᠬᠠᠭᠠᠰ ᠪᠡᠶ᠎ᠡ
ᠲᠥᠮᠡᠨ ᠪ ᠬᠠᠰ ᠲᠠᠮᠠᠬ᠋᠎ᠠ ᠃
ᠲᠤᠶᠠᠭᠠᠷᠠᠬ ᠨᠠᠷᠠᠨ ᠠᠲᠠᠯᠢ ᠰᠠᠴᠤᠷᠠᠵᠥ ᠶᠠᠪᠤᠨ᠎ᠠ
ᠲᠤᠨᠤᠮᠠᠯ ᠰᠠᠷᠠᠨ ᠠᠲᠠᠯᠢ ᠲᠤᠯᠠᠶ᠋ᠢᠵᠥ ᠶᠠᠪᠤᠨ᠎ᠠ
ᠲᠤᠯᠤᠩ ᠤᠲᠤᠨ ᠠᠲᠠᠯᠢ ᠬᠡᠷᠡᠯᠲᠤᠵᠥ ᠶᠠᠪᠤᠨ᠎ᠠ
ᠲᠤᠩᠭᠠᠯᠠᠭ ᠲᠤᠯᠢ ᠠᠲᠠᠯᠢ ᠬᠡᠶ᠋ᠢᠬᠡᠵᠥ ᠶᠠᠪᠤᠨ᠎ᠠ ᠃
ᠥᠩᠬᠡᠲᠥ ᠰᠤᠯᠤᠩᠬ᠋ᠠ ᠠᠲᠠᠯᠢ ᠦᠵᠡᠭᠳᠡᠨ᠎ᠡ
ᠥᠵᠡᠮᠵᠢᠲᠥ ᠵᠢᠷᠤᠬ ᠠᠲᠠᠯᠢ ᠬᠠᠷᠠᠬᠲᠠᠨᠠ
ᠥᠨᠥᠷᠲᠥ ᠴᠡᠴᠡᠭ ᠠᠲᠠᠯᠢ ᠲᠠᠭᠠᠯᠠᠬᠲᠠᠨᠠ
ᠥᠨᠡᠲᠥ ᠠᠯᠲᠠ ᠠᠲᠠᠯᠢ ᠬᠠᠶ᠋ᠢᠷᠠᠯᠠᠬᠲᠠᠨᠠ ᠃
ᠤᠷᠴᠢᠯᠠᠩ ᠲᠡᠯᠡᠬᠡᠢ ᠶ᠋ᠢᠨ
ᠥᠷᠥᠬᠡᠰᠤᠨ ᠨᠢᠳᠤ ᠪᠤᠯ ᠡᠮᠡᠭᠲᠡᠢᠴᠦᠳ
ᠥᠷᠥᠬᠡᠰᠤᠨ ᠴᠢᠬᠢ ᠪᠤᠯ ᠡᠮᠡᠭᠲᠡᠢᠴᠦᠳ
ᠥᠷᠥᠬᠡᠰᠤᠨ ᠭᠠᠷ ᠪᠤᠯ ᠡᠮᠡᠭᠲᠡᠢᠴᠦᠳ
ᠥᠷᠥᠬᠡᠰᠤᠨ ᠬᠥᠯ ᠪᠣᠯ ᠡᠮᠡᠭᠲᠡᠢᠴᠦᠳ
ᠤᠯᠤᠰ ᠣᠷᠣᠨ ᠪ
ᠡᠷᠦᠬᠡ ᠬᠡᠷ ᠦ᠋ᠨ ᠬᠡᠬᠡᠨ ᠴᠣᠩᠬᠣ
ᠡᠷᠬᠡ ᠬᠢᠷᠢ ᠶ᠋ᠢᠨ ᠲᠡᠩᠴᠡᠭᠦᠦ ᠴᠤᠬᠴᠠ
ᠨᠢᠬᠡᠲᠥᠯ ᠬᠠᠮᠲᠤᠷᠠᠯ ᠦ᠋ᠨ ᠨᠢᠭᠡ ᠮᠥᠷᠤ
ᠨᠢᠬᠲᠠᠷᠠᠯ ᠪᠦᠯᠬᠦᠮᠲᠡᠯ ᠦ᠋ᠨ ᠬᠠᠭᠠᠰ ᠬᠦᠴᠦᠨ ᠃
ᠤᠢ ᠪᠢᠯᠢᠭ᠌ ᠲᠤ
ᠥᠬᠡᠲᠡ ᠠᠮᠠᠰᠠᠷ ᠲᠠᠢ ᠰᠠᠪᠠ ᠪᠤᠯ
ᠡᠮᠡᠭᠲᠡᠢᠴᠦᠳ ᠪᠠᠶ᠋ᠢᠬ᠋᠎ᠠ ᠶᠤᠮ
ᠥᠬᠡᠬᠥ ᠲᠣᠰᠣ ᠲᠠᠢ ᠯᠣᠩᠬᠣ ᠪᠤᠯ
ᠡᠮᠡᠭᠲᠡᠢᠴᠦᠳ ᠪᠠᠶ᠋ᠢᠬ᠋᠎ᠠ ᠶᠤᠮ
ᠥᠷ᠎ᠡ ᠶ᠋ᠢᠨ ᠪᠦᠪᠡᠢ ᠮᠠᠨᠴᠤᠢ ᠪᠤᠯ
ᠡᠮᠡᠭᠲᠡᠢᠴᠦᠳ ᠪᠠᠶ᠋ᠢᠬ᠋᠎ᠠ ᠶᠤᠮ
ᠥᠨᠲᠥᠰᠥ ᠶ᠋ᠢᠨ ᠠᠮᠢᠯᠠᠯᠲᠥ ᠬᠥᠷᠥᠰᠥ ᠪᠤᠯ
ᠡᠮᠡᠭᠲᠡᠢᠴᠦᠳ ᠪᠠᠶ᠋ᠢᠬ᠋᠎ᠠ ᠶᠤᠮ ᠃
ᠤᠩᠭᠠᠷᠢᠯ ᠶ᠋ᠢᠠᠷ ᠡᠬᠥᠷ ᠪᠠᠷᠢᠬᠤ
ᠤᠷᠠᠨ ᠰᠢᠪᠠᠤᠬᠠᠢ
ᠤᠷᠭᠤᠮᠠᠯ ᠡᠴᠡ ᠪᠠᠯ ᠴᠤᠭᠯᠠᠭᠤᠯᠠᠬᠤ
ᠠᠵᠢᠯᠰᠠᠭ ᠵᠥᠬᠡᠢ
ᠣᠨᠲᠣᠷᠣᠯ ᠦ᠋ᠨ ᠪᠠᠲᠤ ᠪᠠᠷᠢᠯᠲᠤᠯᠬ᠋ᠠ ᠲᠠᠢ
ᠠᠮᠠᠷᠠᠭ ᠰᠢᠪᠠᠭᠤ
ᠤᠯᠠᠷᠢᠯ ᠦ᠋ᠨ ᠨᠤᠭᠤᠭᠠᠨ ᠲᠡᠯᠡᠬᠡᠢ
ᠠᠷᠤᠤᠬᠠᠨ ᠵᠤᠨ ᠃
ᠠᠬᠠᠰᠬᠢᠨ ᠪᠤᠰᠬᠤ ᠠᠭᠤᠷ ᠠᠭᠠᠰᠢ ᠶ᠋ᠢᠨ
ᠢᠤᠨᠬᠠᠯ ᠪᠣᠯ ᠡᠮᠡᠭᠲᠡᠢᠴᠦᠳ
ᠠᠰᠬ᠎ᠠ ᠬᠠᠲᠠᠨ ᠠ᠋ᠴᠠ ᠠᠬᠲᠠ ᠶ᠋ᠢ ᠲᠠᠲᠠᠬᠤ
ᠵᠢᠯᠣᠭᠣ ᠪᠣᠯ ᠡᠮᠡᠭᠲᠡᠢᠴᠦᠳ
ᠠᠯᠲᠠᠵᠤ ᠬᠥᠭᠯᠡᠭᠰᠡᠨ ᠠᠷᠠᠯᠲᠤ ᠲᠡᠷᠭᠡ ᠶ᠋ᠢᠨ
ᠬᠤᠲᠠᠷᠬ᠋ᠠ ᠪᠤᠯ ᠡᠮᠡᠭᠲᠡᠢᠴᠦᠳ
ᠠᠨᠲᠤᠭᠤ ᠲᠠᠪᠬᠢᠬᠰᠠᠨ ᠮᠠᠰᠢᠨ ᠲᠡᠷᠭᠡᠨ ᠪ
ᠲᠤᠷᠮᠤᠰᠯᠠᠭᠤᠷ ᠪᠣᠯ ᠡᠮᠡᠭᠲᠡᠢᠴᠦᠳ
ᠦᠨᠦᠷ ᠠᠮᠲᠠᠲᠤ ᠬᠤᠭᠤᠯᠠ ᠪᠤᠲᠠᠬ᠋᠎ᠠ ᠪᠣᠯ
ᠳᠠᠷᠤᠢ ᠡᠮᠡᠭᠲᠡᠢᠴᠦᠳ ᠪᠠᠶ᠋ᠢᠬ᠋᠎ᠠ ᠶᠤᠮ
ᠤᠴᠢᠯᠠᠵᠥ ᠤᠨᠲᠤᠷᠬᠤ ᠭᠠᠯ ᠤᠰᠤ ᠪᠣᠯ
ᠳᠠᠷᠤᠢ ᠡᠮᠡᠭᠲᠡᠢᠴᠦᠳ ᠪᠠᠶ᠋ᠢᠬ᠋᠎ᠠ ᠶᠤᠮ
ᠥᠩᠭᠡ ᠦᠵᠡᠰᠬᠦᠯᠡᠩ ᠡᠮᠦᠰᠬᠡᠯ ᠵᠠᠰᠠᠯ ᠪᠤᠯ
ᠳᠠᠷᠤᠢ ᠡᠮᠡᠭᠲᠡᠢᠴᠦᠳ ᠪᠠᠶ᠋ᠢᠬ᠋᠎ᠠ ᠶᠤᠮ
ᠤᠶᠠᠩᠭᠠᠲᠤ ᠢᠷᠠᠭᠤ ᠲᠠᠭᠤᠤ ᠪᠦᠵᠢᠭ ᠪᠤᠯ
ᠳᠠᠷᠤᠢ ᠡᠮᠡᠭᠲᠡᠢᠴᠦᠳ ᠪᠠᠶ᠋ᠢᠬ᠋᠎ᠠ ᠶᠤᠮ ᠃
ᠬᠡᠷ ᠪᠦᠯᠢ ᠶ᠋ᠢᠨ ᠬᠠᠯᠠᠭᠤᠨ ᠳᠤᠯᠠᠭᠠᠨ
ᠬᠠᠶ᠋ᠢᠷ᠎ᠠ ᠪᠤᠯ ᠡᠮᠡᠭᠲᠡᠢᠴᠦᠳ
ᠬᠡᠷ ᠭᠠᠲᠠᠨ᠎ᠠ ᠶ᠋ᠢᠨ ᠬᠠᠷᠢᠯᠴᠠᠬ᠋᠎ᠠ ᠶᠠᠪᠤᠯᠴᠠᠬ᠋ᠠ
ᠬᠠᠷᠢᠴᠠᠬ᠋ᠠ ᠪᠣᠯ ᠡᠮᠡᠭᠲᠡᠢᠴᠦᠳ
ᠬᠥᠮᠦᠨ ᠨᠡᠶ᠋ᠢᠭᠡᠮ ᠦ᠋ᠨ ᠰᠡᠴᠡᠨ ᠰᠡᠷᠬᠥᠯᠡᠩ
ᠤᠬᠠᠭᠠᠨ ᠪᠣᠯ ᠡᠮᠡᠭᠲᠡᠢᠴᠦᠳ
ᠬᠥᠮᠦᠨ ᠨᠡᠶ᠋ᠢᠭᠡᠮ ᠦ᠋ᠨ ᠮᠥᠩᠬᠡ ᠣᠷᠣᠰᠢᠬᠤ
ᠥᠨᠲᠥᠰᠥ ᠪᠤᠯ ᠡᠮᠡᠭᠲᠡᠢᠴᠦᠳ ᠃
ᠠᠯᠢᠶ᠎ᠠ ᠬᠤᠬᠡᠤᠨ ᠦ᠋ᠨ ᠶᠣᠰᠣᠵᠢᠨ ᠪᠣᠶ᠋ᠢᠵᠢᠬᠤ ᠶ᠋ᠢᠨ
ᠰᠤᠷᠭᠠᠯ ᠪᠤᠯ ᠡᠮᠡᠭᠲᠡᠢᠴᠦᠳ
ᠠᠬᠠᠰᠢᠷᠠᠬ᠋ᠠ ᠨᠠᠰᠤᠲᠠᠳ ᠦ᠋ᠨ ᠠᠮᠤᠷᠵᠢᠨ ᠵᠢᠷᠭᠠᠬᠤ ᠶ᠋ᠢᠨ
ᠲᠠᠬᠢᠮᠲᠠᠯ ᠪᠣᠯ ᠡᠮᠡᠭᠲᠡᠢᠴᠦᠳ
ᠠᠲᠠᠯ ᠠᠯᠲᠠᠬᠰᠠᠨ ᠲᠠᠩᠬᠠᠢ ᠡᠷᠡᠴᠤᠤᠯ ᠦ᠋ᠨ
ᠵᠠᠰᠠᠯᠬ᠋ᠠ ᠪᠤᠯ ᠡᠮᠡᠭᠲᠡᠢᠴᠦᠳ
ᠠᠵᠠ ᠵᠢᠷᠭᠠᠯᠲᠤ ᠬᠡᠷ ᠪᠦᠯᠢ ᠶ᠋ᠢᠨ
ᠢᠨᠢᠶᠡᠲᠦ ᠪᠤᠯ ᠡᠮᠡᠭᠲᠡᠢᠴᠦᠳ ᠃
ᠬᠥᠮᠦᠨ ᠪ ᠤᠷᠴᠢᠯᠠᠩ ᠦ᠋ᠨ ᠬᠤᠶ᠋ᠢᠴᠢ ᠢᠷᠡᠬᠡᠲᠥᠢ ᠶ᠋ᠢᠨ
ᠡᠬᠡ ᠪᠤᠯ ᠡᠮᠡᠭᠲᠡᠢᠴᠦᠳ
ᠬᠥᠮᠦᠨ ᠲᠥᠷᠥᠯᠬᠢᠲᠡᠨ ᠪ ᠦᠶ᠎ᠡ ᠵᠠᠯᠭᠠᠮᠵᠢ ᠶ᠋ᠢᠨ
ᠥᠯᠥᠭᠡᠢ ᠪᠣᠯ ᠡᠮᠡᠭᠲᠡᠢᠴᠦᠳ
ᠬᠥᠮᠦᠨ ᠨᠡᠶ᠋ᠢᠭᠡᠮ ᠦ᠋ᠨ ᠡᠩᠬᠡ ᠲᠠᠶ᠋ᠢᠪᠤᠩ ᠦ᠋ᠨ
ᠵᠦᠩᠨᠡᠭᠴᠢ ᠪᠤᠯ ᠡᠮᠡᠭᠲᠡᠢᠴᠦᠳ
ᠬᠥᠮᠦᠨ ᠨᠡᠶ᠋ᠢᠭᠡᠮ ᠦ᠋ᠨ ᠡᠶ᠎ᠡ ᠵᠣᠬᠢᠴᠠᠯ ᠦ᠋ᠨ
ᠡᠭᠦᠳᠦᠭᠴᠢ ᠪᠤᠯ ᠡᠮᠡᠭᠲᠡᠢᠴᠦᠳ ᠃
ᠡᠮᠡᠭᠲᠡᠢ ᠬᠥᠮᠦᠨ ᠲᠡᠷᠬᠡᠲᠡ ᠪᠠᠶ᠋ᠢᠬᠤ ᠦᠭᠡᠢ ᠪᠣᠯ
ᠬᠥᠮᠦᠨ ᠪ ᠰᠡᠤᠨᠬᠢᠯ ᠬᠥᠨᠲᠡᠢ
ᠡᠮᠡᠭᠲᠡᠢ ᠬᠥᠮᠦᠨ ᠬᠡᠷ ᠲᠤ ᠪᠠᠶ᠋ᠢᠬᠤ ᠦᠭᠡᠢ ᠪᠣᠯ
ᠬᠥᠮᠦᠨ ᠪ ᠬᠡᠷ ᠬᠥᠨᠲᠡᠢ
ᠡᠮᠡᠭᠲᠡᠢ ᠬᠥᠮᠦᠨ ᠨᠡᠶ᠋ᠢᠭᠡᠮ ᠲᠡᠬᠡᠷ᠎ᠡ ᠪᠠᠶ᠋ᠢᠬᠤ ᠦᠭᠡᠢ ᠪᠣᠯ
ᠬᠥᠮᠦᠨ ᠪ ᠨᠡᠶ᠋ᠢᠭᠡᠮ ᠬᠣᠭᠣᠰᠣᠨ
ᠡᠮᠡᠭᠲᠡᠢ ᠬᠥᠮᠦᠨ ᠲᠡᠯᠡᠬᠡᠢ ᠲᠡᠬᠡᠷ᠎ᠡ ᠪᠠᠶ᠋ᠢᠬᠤ ᠦᠭᠡᠢ ᠪᠣᠯ
ᠬᠥᠮᠦᠨ ᠪ ᠶᠢᠷᠲᠢᠨᠴᠦ ᠬᠣᠭᠣᠰᠣᠨ ᠃
ᠦᠰᠦᠭ ᠠᠮᠢᠯᠠᠭᠤᠯᠤᠬᠴᠢ : ᠪᠠᠲᠥᠰᠥ᠋ᠷᠥᠩ
ᠬᠢᠨᠠᠬᠴᠢ ᠪᠠᠬᠰᠢ : ᠤᠤᠨᠬᠠᠨᠰᠤᠠ
