ᠪᠢ ᠳᠤᠷ᠎ᠠ ᠦᠭᠡᠢ - ᠬᠤᠨᠲᠤᠨ ᠪᠠᠭᠠᠲᠤᠷ Би дургүй - Хунтун баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠳᠤᠷ᠎ᠠ ᠦᠭᠡᠢ - ᠬᠤᠨᠲᠤᠨ ᠪᠠᠭᠠᠲᠤᠷ Би дургүй - Хунтун баатар

ᠪᠢ ᠳᠤᠷ᠎ᠠ ᠦᠭᠡᠢ - ᠬᠤᠨᠲᠤᠨ ᠪᠠᠭᠠᠲᠤᠷ Би дургүй - Хунтун баатар

2023-04-05

286

ᠪᠢ ᠳᠤᠷ᠎ᠠ ᠦᠭᠡᠢ


          ( ᠳᠤᠷ᠎ᠠ ᠪᠠᠷ ᠪᠣᠯᠲᠠᠭ ᠦᠭᠡᠢ ᠬᠣᠷᠸ᠋᠎ᠠ  ᠳ᠋ᠦ᠍ 
          ᠳᠤᠷ᠎ᠠ ᠦᠭᠡᠢ ᠵᠦᠢᠯ ᠣᠯᠠᠨ ᠊ᠢ ᠶᠠᠭᠠᠬᠢᠨᠠᠮ )  
                                   ᠬᠣᠨᠲᠣᠨ ᠪᠠᠭᠠᠲᠤᠷ  

ᠬᠣᠶᠠᠷ ᠮᠣᠩᠭᠣᠯ ᠬᠣᠭᠣᠷᠣᠨᠲᠣ ᠪᠠᠨ ᠪᠤᠰᠤᠳ ᠦ᠋ᠨ ᠬᠡᠯᠡ ᠪᠡᠷ ᠱᠤᠯᠤᠭᠠᠨᠠᠬᠤ ᠳ᠋ᠦ᠍ ᠪᠢ ᠳᠤᠷ᠎ᠠ ᠦᠭᠡᠢ
ᠬᠠᠷᠢ ᠶ᠋ᠢᠨ ᠬᠢᠨ  ᠲᠡᠷᠯᠢᠭ ᠡᠮᠦᠰᠴᠦ ᠨᠠᠮᠪᠠᠭᠠᠯᠠᠵᠤ ᠰᠣᠷᠲᠣᠭᠣᠯᠠᠬᠤ ᠳ᠋ᠦ᠍ ᠪᠢ ᠳᠤᠷ᠎ᠠ ᠦᠭᠡᠢ
ᠠᠮᠢᠨ ᠰᠢᠲᠦᠭᠡᠨᠲᠦ ᠠᠭᠤᠯᠠ ᠪᠠᠷ ᠮᠢᠨᠢ ᠠᠭᠤᠷᠬᠠᠢ ᠨᠡᠭᠡᠭᠡᠵᠦ ᠣᠩᠭᠣᠯᠢᠬᠤ ᠳ᠋ᠦ᠍ ᠪᠢ ᠳᠤᠷ᠎ᠠ ᠦᠭᠡᠢ
ᠠᠭᠯᠠᠭ ᠬᠥᠲᠡᠭᠡ ᠨᠤᠲᠤᠭ ᠶ᠋ᠢᠠᠨ ᠠᠭᠠᠯᠵᠢ ᠶ᠋ᠢᠨ ᠰᠢᠯᠦᠰᠦ ᠰᠢᠭ᠌ ᠲᠣᠣᠷᠯᠠᠬᠤ ᠳ᠋ᠦ᠍ ᠪᠢ ᠪᠦᠷ ᠴᠤ᠌ ᠳᠤᠷ᠎ᠠ ᠦᠭᠡᠢ

ᠠᠶᠠᠯᠭᠤ ᠰᠠᠶ᠋ᠢᠬᠠᠨ ᠡᠬᠡ ᠬᠡᠯᠡ ᠪᠡᠨ ᠬᠠᠵᠠᠭᠠᠢ ᠮᠤᠰᠢᠭᠠᠢ ᠶᠠᠷᠢᠬᠤ  ᠳ᠋ᠦ᠍ ᠪᠢ ᠳᠤᠷ᠎ᠠ ᠦᠭᠡᠢ
ᠠᠰᠤᠷᠢ ᠲᠡᠭᠷᠢᠯᠢᠭ ᠦᠰᠦᠭ ᠶ᠋ᠢᠡᠨ ᠡᠨᠲᠡᠭᠦᠦ ᠲᠡᠰᠢᠶ᠎ᠡ ᠪᠢᠴᠢᠬᠦ  ᠳ᠋ᠦ᠍ ᠪᠢ ᠳᠤᠷ᠎ᠠ ᠦᠭᠡᠢ
ᠬᠣᠭᠣᠰᠣᠨ ᠮᠠᠭᠲᠠᠭᠠᠯ ᠣᠪᠣᠭᠠᠯᠠᠵᠤ ᠬᠣᠯᠪᠣᠬ᠋᠎ᠠ ᠰᠦᠯᠵᠢᠶ᠎ᠡ ᠪᠡᠷ ᠮᠡᠷᠭᠡᠯᠡᠬᠦ ᠮᠡᠷᠭᠡᠳ ᠲᠤ ᠪᠢ ᠳᠤᠷ᠎ᠠ ᠦᠭᠡᠢ
ᠬᠣᠶ᠋ᠢᠭᠤᠷ ᠤᠷᠲᠤᠭᠤᠷ ᠭᠦᠶᠦᠵᠦ ᠠᠯᠲᠠᠨ ᠬᠣᠩᠰᠢᠶᠠᠷ ᠵᠥᠭᠡᠭᠡᠭᠴᠢᠳ ᠲᠤ ᠪᠢ ᠨᠡᠩ ᠴᠤ᠌ ᠳᠤᠷ᠎ᠠ ᠦᠭᠡᠢ
 
ᠣᠭᠲᠠᠷᠭᠤᠢ  ᠳ᠋ᠦ᠍ ᠬᠠᠯᠢᠬᠤ ᠪᠦᠷᠭᠦᠳ ᠭᠡᠨᠡᠤᠠᠲᠡ ᠰᠤᠮᠤᠲᠠᠨ ᠲᠠᠤᠯᠠᠢ ᠰᠢᠭᠦᠷᠡᠬᠦ  ᠳ᠋ᠦ᠍ ᠪᠢ ᠳᠤᠷ᠎ᠠ ᠦᠭᠡᠢ
ᠣᠮᠣᠭᠯᠠᠩ ᠵᠢᠪᠬᠤᠭᠠᠲᠤ ᠡᠷ᠎ᠡ ᠭᠠᠴᠢᠬᠲᠠᠬᠤ ᠶ᠋ᠢᠨ ᠲᠤᠶ᠋ᠢᠯ  ᠳ᠋ᠦ᠍ ᠨᠢᠯᠪᠤᠰᠤ ᠪᠠᠨ ᠨᠢᠭᠤᠬᠤ  ᠳ᠋ᠦ᠍ ᠪᠢ ᠳᠤᠷ᠎ᠠ ᠦᠭᠡᠢ
ᠬᠠᠪᠤᠷ ᠦ᠋ᠨ ᠡᠲᠦᠷ ᠰᠢᠭ᠌ ᠭᠡᠨᠡᠤᠠᠲᠡ ᠬᠤᠶ᠋ᠢᠰᠠᠭᠠᠨᠠᠲᠠᠭ ᠪᠦᠰᠡᠭᠦᠶ᠋ᠢᠴᠦᠳ ᠲᠤ ᠪᠢ ᠳᠤᠷ᠎ᠠ ᠦᠭᠡᠢ
ᠬᠠᠮᠤᠭ ᠦ᠋ᠨ ᠰᠠᠶ᠋ᠢᠨ ᠬᠡᠮᠡᠨ ᠰᠠᠶ᠋ᠢᠷᠬᠠᠪᠠᠴᠤ ᠠᠷᠤ ᠠ᠋ᠴᠠ ᠬᠤᠯᠠᠭᠠᠢ ᠪᠠᠷ ᠬᠠᠷᠪᠤᠭᠰᠠᠳ ᠲᠤ ᠪᠢ ᠴᠣᠬᠣᠮ ᠳᠤᠷ᠎ᠠ ᠦᠭᠡᠢ

ᠰᠤᠭᠤ ᠰᠢᠭ᠋ ᠭᠠᠩᠭᠠᠩ ᠬᠡᠦᠬᠡᠨᠴᠦᠳ ᠪᠤᠰᠤᠳ ᠦᠨᠲᠦᠰᠦᠲᠡᠨ  ᠳ᠋ᠦ᠍ ᠮᠣᠷᠲᠠᠬᠤ  ᠳ᠋ᠦ᠍ ᠪᠢ ᠳᠤᠷ᠎ᠠ ᠦᠭᠡᠢ
ᠰᠤᠷᠤᠭᠰᠠᠨ ᠡᠷᠲᠡᠮ  ᠳ᠋ᠦ᠍ ᠪᠡᠨ ᠪᠠᠷᠲᠠᠮᠨᠠᠨ ᠲᠩᠷᠢ ᠬᠠᠷᠠᠭᠰᠠᠨ ᠶᠡᠬᠡᠰ ᠲᠦ ᠪᠢ ᠳᠤᠷ᠎ᠠ ᠦᠭᠡᠢ
ᠶᠠᠲᠠᠷᠠᠵᠤ ᠳᠣᠷᠤᠶ᠋ᠢᠳᠠᠭᠰᠠᠨ ᠨᠢᠭᠡᠨ ᠶ᠋ᠢᠡᠨ ᠤᠯᠠ  ᠳ᠋ᠦ᠍ ᠪᠠᠨ ᠬᠢᠰᠬᠢᠳᠡᠭ ᠣᠮᠣᠷᠬᠠᠭ ᠲᠦ ᠪᠢ ᠳᠤᠷ᠎ᠠ ᠦᠭᠡᠢ
ᠢᠷᠠᠭᠤ ᠨᠠᠶ᠋ᠢᠷᠠᠭᠴᠢ ᠡᠷᠬᠢᠮ ᠦ᠋ᠳ ᠥᠩᠭᠡᠨ ᠲᠠᠯ᠎ᠠ ᠶ᠋ᠢ ᠮᠠᠭᠲᠠᠨ ᠳᠠᠭᠤᠯᠠᠬᠤ ᠳ᠋ᠦ᠍ ᠦᠨᠡᠬᠡᠷ ᠳᠤᠷ᠎ᠠ ᠦᠭᠡᠢ

       ᠦᠰᠦᠭ ᠠᠮᠢᠯᠠᠭᠤᠯᠤᠬᠴᠢ ᠄  ᠳ · ᠤᠷᠠᠨᠲᠤᠭᠤᠰ
         ᠬᠢᠨᠠᠠᠠᠴᠢ ᠄  ᠰᠡᠬᠡᠭᠡᠷᠡᠯ ᠂ᠣᠣᠬᠬᠠᠰᠣ᠎ᠠ ᠂  ᠨᠠᠷᠠᠨ ᠂ ᠣᠤᠠᠬᠠᠨᠴᠡᠴᠡᠭ