ᠲᠣᠬᠤᠨᠲᠡᠮᠦᠷ ᠤᠬᠠᠭᠠᠨᠲᠤ ᠬᠠᠭᠠᠨ (9) - ᠬᠦᠴᠢᠬᠡᠨ Тохонтөмөр ухаант хаан(9)- Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (9) - ᠬᠦᠴᠢᠬᠡᠨ Тохонтөмөр ухаант хаан(9)- Хүчхэн

ᠲᠣᠬᠤᠨᠲᠡᠮᠦᠷ ᠤᠬᠠᠭᠠᠨᠲᠤ ᠬᠠᠭᠠᠨ (9) - ᠬᠦᠴᠢᠬᠡᠨ Тохонтөмөр ухаант хаан(9)- Хүчхэн

ᠠᠩᠭᠢᠯᠠᠯ:ᠲᠡᠦᠬᠡ ᠰᠣᠶᠣᠯ
2023-04-05

254

ᠲᠣᠬᠣᠨᠲᠡᠮᠦᠷ ᠤᠬᠠᠭᠠᠨᠲᠤ ᠬᠠᠭᠠᠨ – 9


                       ᠶᠢᠰᠦᠳᠦᠭᠡᠷ  ᠪᠦᠯᠦᠭ  
                               
          ᠨᠢᠭᠤᠴᠠ ᠲᠠᠷᠨᠢ ᠶ᠋ᠢᠨ ᠤᠪᠠᠳᠢᠰ ᠪᠢᠰᠢᠯᠭᠠᠵᠤ ᠲᠣᠬᠤᠨᠲᠡᠮᠦᠷ ᠲᠠᠮᠤᠰᠠ ᠳ᠋ᠤ᠌ ᠲᠠᠰᠢᠭᠤᠷᠠᠪᠠᠢ   
          ᠨᠢᠯᠠᠭᠤᠨ ᠬᠥᠮᠦᠨ ᠦ᠌ ᠦᠭᠡ ᠶ᠋ᠢ ᠢᠲᠡᠭᠡᠵᠦ ᠲᠣᠭᠲᠤᠬ᠋᠎ᠠ ᠬᠢᠯᠢᠰ ᠢ᠋ᠶ᠋ᠡᠷ ᠦᠬᠦᠪᠡᠢ      

     ᠲᠡᠨᠳᠡᠴᠡ ᠲᠣᠬᠤᠨᠲᠡᠮᠦᠷ ᠬᠠᠭᠠᠨ ᠢ᠋ᠶ᠋ᠠᠷ ᠵᠦᠩᠶᠤᠸᠠᠨ ᠣᠷᠣᠨ ᠲᠦᠪᠰᠢᠷᠡᠵᠦ ᠠᠷᠠᠳ ᠲᠦᠮᠡᠨ ᠠᠮᠤᠷ ᠲᠣᠭᠲᠠᠭᠤᠨ ᠠᠵᠤ ᠲᠥᠷᠥᠬᠦ ᠪᠣᠯᠤᠭᠰᠠᠨ ᠊ᠢ ᠦᠵᠡᠭᠡᠳ ᠲᠣᠭᠲᠤᠬ᠋᠎ᠠ ᠶ᠋ᠢ ᠨᠡᠶ᠋ᠢᠰᠯᠡᠯ ᠬᠣᠲᠠᠨ᠎ᠠ ᠳᠠᠭᠤᠳᠠᠨ ᠠᠪᠴᠢᠷᠠ ᠭᠡᠮᠡᠨ ᠠᡁᠠᠮᠠ ᠠᠬ᠎ᠠ ᠳᠡᠭᠦᠦ ᠬᠣᠶᠠᠭᠤᠯᠠ ᠳ᠋ᠤ᠌ ᠲᠤᠰᠢᠶᠠᠪᠠ ᠃ 
     ᠠᡁᠠᠮᠠ ᠠᠬ᠎ᠠ ᠳᠡᠭᠦᠦ ᠬᠣᠶᠠᠷ ᠲᠣᠭᠲᠤᠬ᠋᠎ᠠ ᠴᠢᠩᠰᠠᠩ ᠤ᠋ᠨ ᠡᠷᠭᠦᠨ ᠪᠠᠲᠤᠯᠠᠯ ᠢ᠋ᠶ᠋ᠠᠷ ᠬᠠᠭᠠᠨ ᠤ᠋ ᠣᠷᠳᠣᠨ ᠤ᠋ ᠳᠣᠲᠣᠭᠠᠳᠤ ᠬᠡᠷᠡᠭ ᠊ᠢ ᠬᠠᠮᠢᠶᠠᠷᠴᠤ ᠂ ᠡᠳᠦᠷ ᠰᠥᠨᠢ ᠶ᠋ᠢᠨ ᠬᠣᠭᠣᠷᠣᠨᠳᠣ ᠲᠣᠬᠤᠨᠲᠡᠮᠦᠷ ᠬᠠᠭᠠᠨ ᠯᠤᠭ᠎ᠠ ᠬᠠᠮᠲᠤ ᠪᠠᠶ᠋ᠢᠯᠴᠠᠭᠰᠠᠨ ᠲᠤᠯᠠᠳᠠ ᠬᠠᠭᠠᠨ ᠤ᠋ ᠵᠠᠰᠠᠭ ᠲᠥᠷᠥ ᠶ᠋ᠢᠨ ᠬᠡᠷᠡᠭ ᠲᠦ᠍ ᠬᠣᠶ᠋ᠢᠷᠭᠤᠰᠢᠨ ᠠᠮᠤᠷ ᠰᠡᠯᠡᠭᠦᠨ ᠊ᠢ ᠡᠷᠢᠬᠦ ᠰᠡᠳᠬᠢᠯ ᠊ᠢ ᠣᠶ᠋ᠢᠯᠠᠭᠠᠪᠠ ᠃  
     ᠲᠡᠳᠦᠢ ᠳ᠋ᠦ᠍ᠷ ᠥᠷᠥᠨ᠎ᠡ ᠶ᠋ᠢᠨ ᠨᠢᠭᠡᠨ ᠤᠪᠠᠳᠢᠰᠲᠤ ᠬᠤᠸᠠᠷᠠᠭ ᠳᠠᠶ᠋ᠢᠳᠤ ᠳ᠋ᠤᠷ ᠵᠠᠯᠠᠭᠳᠠᠨ ᠢᠷᠡᠭᠰᠡᠨ ᠪᠠᠶ᠋ᠢᠪᠠ ᠃ ᠠᡁᠠᠮᠠ ᠪᠠᠷ ᠵᠠᠷᠯᠢᠭ ᠢ᠋ᠶ᠋ᠠᠷ ᠲᠡᠭᠦᠨ ᠦ᠌ ᠶᠠᠪᠤᠵᠤ ᠰᠠᠭᠤᠬᠤ ᠢᠳᠡᠬᠦ ᠤᠤᠭᠤᠬᠤ ᠡᠳᠦᠷ ᠲᠤᠲᠤᠮ ᠤ᠋ᠨ ᠠᠮᠢᠳᠤᠷᠠᠯ ᠤ᠋ᠨ ᠬᠡᠷᠡᠭ ᠊ᠢ ᠬᠠᠮᠢᠶᠠᠷᠴᠤ ᠰᠢᠳᠠᠷ ᠠᠰᠠᠷᠠᠪᠠ ᠃ 
      ᠨᠢᠭᠡᠨ ᠡᠳᠦᠷ ᠡᠨᠡ ᠤᠪᠠᠳᠢᠰᠲᠤ ᠬᠤᠸᠠᠷᠠᠭ ᠢ᠋ᠶ᠋ᠠᠷ ᠠᡁᠠᠮᠠ ᠳ᠋ᠤ᠌ ᠥᠭᠦᠯᠡᠷᠦᠨ ᠄ 《 ᠪᠢ ᠪᠡᠷ ᠪᠠᠷᠠᠭᠤᠨ ᠣᠷᠣᠨ ᠤ᠋ ᠮᠠᠰᠢ ᠪᠠᠶᠠᠰᠬᠤᠯᠠᠩᠲᠤ ᠪᠤᠷᠬᠠᠨ ᠤ᠋ ᠲᠡᠨᠳᠡᠴᠡ ᠨᠢᠭᠤᠴᠠ ᠤᠪᠠᠳᠢᠰ ᠰᠤᠷᠤᠭᠰᠠᠨ ᠪᠥᠯᠥᠭᠡ ᠃ ᠡᠨᠡ ᠤᠪᠠᠳᠢᠰ ᠊ᠢ ᠰᠤᠷᠪᠠᠰᠤ ᠦᠬᠦᠰᠢ ᠦᠭᠡᠢ ᠮᠥᠩᠬᠡ ᠶ᠋ᠢᠨ ᠰᠢᠳᠢ ᠶ᠋ᠢ ᠣᠯᠤᠶᠤ ᠃ ᠭᠠᠭᠴᠠ ᠲᠡᠭᠦᠨ ᠊ᠢ ᠪᠢᠰᠢᠯᠭᠠᠬᠤᠢ ᠳ᠋ᠤᠷ ᠭᠦᠨ ᠣᠷᠲᠤᠨ᠎ᠠ ᠡᠷᠡᠭᠲᠡᠢ ᠡᠮᠡᠭᠲᠡᠢ ᠬᠠᠮᠲᠤ ᠪᠠᠷ ᠨᠢᠭᠤᠴᠠ ᠪᠢᠰᠢᠯᠭᠠᠵᠤ ᠂  ᠡᠮᠡᠭᠲᠡᠢ ᠶ᠋ᠢᠨ ᠪᠡᠯᠭᠡ ᠶ᠋ᠢᠨ ᠰᠢᠮ᠎ᠡ ᠶ᠋ᠢ ᠰᠢᠮᠡᠳᠬᠡᠨ  ᠡᠷᠡᠭᠲᠡᠢ ᠶ᠋ᠢᠨ ᠠᠷᠭ᠎ᠠ ᠶ᠋ᠢᠨ ᠬᠦᠴᠦᠨ ᠊ᠢ ᠨᠥᠬᠥᠪᠡᠰᠦ ᠰᠠᠶᠢ ᠣᠪᠢᠲᠠᠰ ᠪᠦᠲᠦᠵᠦ ᠂ ᠶᠢᠷᠲᠢᠨᠴᠦ ᠶ᠋ᠢᠨ ᠭᠠᠰᠠᠯᠠᠩ ᠠ᠋ᠴᠠ ᠲᠣᠨᠢᠯᠤᠨ ᠶᠡᠷᠦ ᠪᠤᠰᠤ ᠶ᠋ᠢᠨ ᠵᠢᠷᠭᠠᠯᠠᠩ ᠊ᠢ ᠡᠲᠯᠡᠮᠦᠢ 》 ᠬᠡᠮᠡᠪᠡ ᠃ 
     ᠠᡁᠠᠮᠠ ᠬᠡᠮᠡᠭᠴᠢ ᠰᠠᠢᠨ ᠬᠡᠷᠡᠭ ᠲᠦ᠍ ᠰᠡᠳᠬᠢᠯ ᠡᠰᠡ ᠬᠣᠷᠣᠭᠠᠭᠳᠠᠪᠠᠴᠤ ᠮᠠᠭᠤ ᠶᠠᠪᠤᠳᠠᠯ ᠳ᠋ᠤ᠌ ᠰᠡᠷ ᠬᠢᠪᠡᠯ ᠵᠢᠷ ᠬᠢᠬᠦ ᠬᠤᠷᠴᠠᠯᠢᠭ ᠲᠠᠷᠢᠬᠢ ᠲᠠᠢ ᠬᠥᠮᠦᠨ ᠪᠥᠯᠥᠭᠡ ᠃ ᠲᠡᠷᠡ ᠂ ᠡᠨᠡ ᠬᠤᠸᠠᠷᠠᠭ ᠤ᠋ᠨ ᠬᠡᠯᠡᠬᠦ ᠶ᠋ᠢ ᠰᠣᠨᠣᠰᠤᠭᠠᠳ ᠬᠠᠭᠠᠨ ᠤ᠋ ᠵᠠᠰᠠᠭ ᠤ᠋ᠨ ᠬᠡᠷᠡᠭ ᠲᠦ᠍ ᠬᠣᠶ᠋ᠢᠷᠭᠤᠰᠢᠨ ᠰᠤᠯᠠ ᠰᠡᠯᠡᠭᠦᠦ ᠶ᠋ᠢ ᠡᠷᠢᠬᠦ ᠰᠡᠳᠬᠢᠯᠭᠡ ᠳ᠋ᠦ᠍ ᠨᠡᠶ᠋ᠢᠴᠡᠭᠦᠯᠦᠨ ᠦᠢᠯᠡᠳᠪᠡᠰᠦ ᠂ ᠲᠡᠭᠦᠨ ᠦ᠌ ᠨᠡᠩ ᠶᠡᠬᠡ ᠬᠠᠶ᠋ᠢᠷ᠎ᠠ ᠬᠡᠰᠢᠭ ᠊ᠢ ᠬᠦᠷᠲᠡᠵᠦ ᠪᠣᠯᠤᠮᠤᠢ ᠬᠡᠮᠡᠬᠦ ᠪᠣᠳᠣᠯ  ᠲᠥᠷᠥᠭᠳᠡᠪᠡ ᠃ 
     ᠲᠡᠳᠦᠢ ᠳ᠋ᠦ᠍ᠷ ᠲᠣᠬᠤᠨᠲᠡᠮᠦᠷ ᠬᠠᠭᠠᠨ ᠢ᠋ᠶ᠋ᠠᠷ ᠵᠠᠰᠠᠭ ᠲᠥᠷᠥ ᠶ᠋ᠢᠨ ᠬᠡᠷᠡᠭ ᠊ᠢ ᠲᠣᠭᠲᠤᠬ᠋᠎ᠠ ᠴᠢᠩᠰᠠᠩ ᠳ᠋ᠤᠷ ᠪᠦᠷᠢᠨ ᠨᠠᠶ᠋ᠢᠲᠠᠵᠤ ᠥᠪᠡᠷ ᠢ᠋ᠶ᠋ᠡᠨ ᠬᠠᠷᠢᠨ ᠬᠠᠭᠠᠨ ᠬᠥᠮᠦᠨ ᠦ᠌ ᠬᠢᠪᠡᠰᠦ ᠦᠯᠦ ᠵᠣᠬᠢᠬᠤ ᠤᠷᠠᠨ ᠰᠡᠶ᠋ᠢᠯᠦᠮᠡᠯ ᠪᠣᠯᠤᠨ ᠭᠡᠷ ᠪᠠᠷᠢᠯᠭ᠎ᠠ ᠶ᠋ᠢᠨ ᠬᠡᠪ ᠵᠠᠭᠪᠤᠷ ᠦᠢᠯᠡᠳᠬᠦ ᠳ᠋ᠦ᠍ ᠪᠡᠶ᠎ᠡ ᠰᠡᠳᠬᠢᠯ ᠢ᠋ᠶ᠋ᠡᠨ ᠵᠣᠷᠢᠭᠤᠯᠵᠤ ᠴᠠᠭ ᠨᠥᠭᠴᠢᠭᠡᠵᠦ ᠪᠠᠶ᠋ᠢᠪᠠ ᠃ ᠲᠡᠷᠡ ᠡᠳᠦᠷ ᠲᠤᠵᠢ ᠬᠠᠷᠤᠭᠤᠯ ᠰᠦᠬᠡ ᠪᠠᠷᠢᠭᠠᠳ ᠮᠣᠳᠣᠨ ᠪᠠᠶ᠋ᠢᠰᠢᠩ ᠤ᠋ᠨ ᠵᠠᠭᠪᠤᠷ ᠵᠣᠬᠢᠶᠠᠨ ᠂ ᠲᠡᠭᠦᠨ ᠦ᠌  ᠦᠢᠯᠡᠳᠦᠭᠰᠡᠨ ᠵᠠᠭᠪᠤᠷ ᠢ᠋ᠶ᠋ᠠᠷ ᠮᠣᠳᠣᠴᠢᠨ ᠊ᠢ ᠵᠠᠷᠯᠠᠵᠤ ᠭᠡᠷ ᠣᠷᠣᠨ ᠪᠠᠶ᠋ᠢᠭᠤᠯᠤᠮᠤᠢ ᠃  
     ᠲᠡᠷᠡ ᠪᠠᠰᠠ ᠯᠤᠤᠲᠤ ᠣᠩᠭᠣᠴᠠᠨ ᠤ᠋ ᠵᠠᠭᠪᠤᠷ ᠦᠢᠯᠡᠳᠴᠦ ᠂ ᠮᠣᠳᠣᠴᠢᠨ ᠤᠷᠠᠯᠢᠭ᠍ᠴᠢᠨ ᠊ᠢ ᠵᠢᠭᠠᠨ ᠵᠢᠯᠣᠭᠣᠳᠴᠤ ᠲᠡᠭᠦᠨ ᠦ᠌ ᠵᠠᠭᠪᠤᠷ ᠶᠣᠰᠣᠭᠠᠷ ᠨᠢᠭᠡᠨ ᠯᠤᠤᠲᠤ ᠣᠩᠭᠣᠴᠠ ᠦᠢᠯᠡᠳᠦᠭᠦᠯᠪᠡ ᠃ ᠡᠨᠡ ‍ᠬᠦ ᠯᠤᠤᠲᠤ ᠣᠩᠭᠣᠴᠠ ᠨᠢ ᠤᠷᠲᠤ ᠪᠠᠷ ᠢ᠋ᠶ᠋ᠠᠨ ᠨᠢᠭᠡ ᠵᠠᠭᠤ ᠬᠣᠷᠢᠨ ᠲᠣᠬᠣᠢ ᠂ ᠥᠷᠭᠡᠨ ᠢ᠋ᠶ᠋ᠡᠷ ᠢ᠋ᠶ᠋ᠡᠨ ᠬᠣᠷᠢᠨ ᠲᠣᠬᠣᠢ ᠪᠠᠶ᠋ᠢᠵᠤ ᠂ ᠠᠯᠲᠠ ᠪᠠᠷ  ᠥᠩᠭᠡᠯᠡᠭᠰᠡᠨ ᠪᠥᠭᠡᠳ ᠣᠩᠭᠣᠴᠠᠨ ᠤ᠋ ᠡᠮᠦᠨ᠎ᠡ ᠲᠠᠯ᠎ᠠ ᠳ᠋ᠤ᠌ ᠥᠨᠳᠥᠷ ᠰᠠᠷᠠᠪᠴᠢᠲᠤ  ᠵᠡᠷᠭᠡᠴᠡᠭᠰᠡᠨ ᠬᠣᠶᠠᠷ ᠪᠦᠷᠭᠡ ᠵᠣᠬᠢᠶᠠᠵᠤ ᠳᠤᠮᠳᠠᠭᠤᠷ ᠨᠢ ᠨᠠᠭᠠᠰᠢ ᠴᠠᠭᠠᠱᠢ ᠬᠥᠮᠦᠨ ᠶᠠᠪᠤᠵᠤ ᠪᠣᠯᠬᠤ ᠪᠠᠷ ᠦᠢᠯᠡᠳᠴᠡᠢ ᠃ ᠣᠩᠭᠣᠴᠠᠨ ᠤ᠋ ᠬᠣᠶ᠋ᠢᠲᠤ ᠲᠠᠯ᠎ᠠ ᠳ᠋ᠤ᠌ 《 ᠮᠢᠨᠦ ᠬᠠᠷᠰᠢ 》 ᠬᠡᠮᠡᠬᠦ ᠲᠠᠭᠲᠤ ᠪᠠᠶ᠋ᠢᠭᠤᠯᠤᠨ ᠬᠠᠭᠠᠨ ᠪᠣᠯᠤᠨ ᠲᠡᠭᠦᠨ ᠦ᠌ ᠬᠠᠲᠤᠨ ᠲᠠᠲᠠᠪᠤᠷᠢ ᠨᠤᠭᠤᠳ ᠲᠠᠭᠲᠤ ᠶ᠋ᠢᠨ ᠳᠤᠮᠳᠠ ᠰᠠᠭᠠᠲᠠᠵᠤ ᠨᠠᠭᠤᠷ ᠤ᠋ᠨ ᠦᠵᠡᠮᠵᠢ ᠶ᠋ᠢ ᠰᠣᠨᠢᠷᠬᠠᠬᠤ ᠪᠠᠷ ᠵᠣᠬᠢᠶᠠᠪᠠ ᠃ ᠣᠩᠭᠣᠴᠠᠨ ᠤ᠋ ᠲᠣᠯᠣᠭᠠᠢ ᠳ᠋ᠤ᠌ ᠬᠣᠶᠠᠷ ᠡᠪᠡᠷ ᠵᠣᠬᠢᠶᠠᠭᠰᠠᠨ ᠪᠥᠭᠡᠳ ᠬᠣᠷᠢᠨ ᠳᠥᠷᠪᠡᠨ ᠰᠡᠯᠢᠭᠦᠷᠴᠢᠨ ᠯᠤᠤᠲᠤ ᠣᠩᠭᠣᠴᠠ ᠶ᠋ᠢ ᠰᠡᠯᠢᠨ ᠶᠠᠪᠤᠬᠤ ᠳ᠋ᠤ᠌ ᠯᠤᠤ ᠶ᠋ᠢᠨ ᠲᠣᠯᠣᠭᠠᠢ ᠂ ᠨᠢᠳᠦ ᠂ ᠠᠮᠠ ᠂ ᠰᠡᠭᠦᠯ ᠨᠢ ᠲᠠᠰᠤᠷᠠᠯᠲᠠ ᠦᠭᠡᠢ ᠡᠶ᠋ᠢᠰᠢ ᠲᠡᠶ᠋ᠢᠰᠢ ᠬᠥᠳᠡᠯᠵᠦ ᠦᠨᠡᠨ ᠯᠤᠤ ᠤᠰᠤᠨ ᠤ᠋ ᠳᠤᠮᠳᠠᠭᠤᠷ ᠤᠮᠪᠠᠵᠤ ᠪᠠᠶ᠋ᠢᠬ᠋᠎ᠠ ᠠᠳᠠᠯᠢ ᠃ ᠲᠣᠬᠤᠨᠲᠡᠮᠦᠷ ᠬᠠᠭᠠᠨ ᠦᠷᠭᠦᠯᠵᠢ ᠡᠨᠡ  ᠯᠤᠤᠲᠤ ᠣᠩᠭᠣᠴᠠᠨ ᠳ᠋ᠤ᠌ ᠰᠠᠭᠤᠭᠠᠳ ᠬᠠᠲᠤᠨ ᠲᠠᠲᠠᠪᠤᠷᠢ ᠲᠠᠢ ᠪᠠᠨ ᠪᠧᠢ ᠬᠠᠢ ᠴᠡᠴᠡᠷᠯᠢᠭ ᠢ᠋ᠶ᠋ᠡᠷ ᠵᠤᠭᠠᠴᠠᠨ ᠨᠠᠭᠠᠳᠳᠠᠭ ᠪᠠᠶ᠋ᠢᠪᠠ᠃ 
      ᠲᠣᠬᠤᠨᠲᠡᠮᠦᠷ ᠬᠠᠭᠠᠨ  ᠪᠠᠰᠠ ᠴᠠᠭ ᠮᠡᠳᠡᠭᠡᠯᠡᠬᠦ ᠮᠥᠴᠡ ᠶ᠋ᠢᠨ ᠬᠤᠪᠢᠩ  ᠊ᠢ ᠪᠡᠶ᠎ᠡ ᠪᠡᠷ ᠵᠢᠷᠤᠵᠤ ᠲᠥᠯᠥᠪᠯᠡᠨ ᠦᠢᠯᠡᠳᠴᠡᠢ ᠃ ᠲᠡᠷᠡ ᠨᠢ ᠪᠠᠷᠤᠭ ᠵᠢᠷᠭᠤᠭ᠎ᠠ ᠠ᠋ᠴᠠ ᠳᠣᠯᠣᠭᠠᠨ ᠲᠣᠬᠣᠢ ᠥᠨᠳᠥᠷ ᠂ ᠭᠤᠷᠪᠠ ᠠ᠋ᠴᠠ ᠳᠥᠷᠪᠡᠨ ᠲᠣᠬᠣᠢ ᠪᠦᠳᠦᠭᠦᠨ ᠪᠠᠭᠠᠨ᠎ᠠ ᠬᠡᠯᠪᠡᠷᠢ ᠲᠡᠢ  ᠬᠤᠪᠢᠩ ᠪᠥᠭᠡᠳ ᠳᠣᠲᠣᠷ᠎ᠠ ᠨᠢ ᠤᠰᠤ ᠠᠬᠤᠭᠤᠯᠤᠨ ᠳᠡᠭᠡᠭᠰᠢ ᠳᠣᠷᠣᠭᠰᠢ ᠤᠷᠤᠰᠬᠠᠨ ᠂ ᠬᠤᠪᠢᠩ ᠤ᠋ᠨ ᠠᠮᠰᠠᠷ ᠲᠤ᠌ ᠬᠠᠰ ᠢ᠋ᠶ᠋ᠠᠷ ᠰᠡᠶ᠋ᠢᠯᠦᠭᠰᠡᠨ ᠪᠢᠴᠢᠬᠠᠨ ᠥᠬᠢᠨ ᠵᠣᠭᠰᠣᠵᠤ   ᠭᠠᠷ ᠲᠠᠭᠠᠨ ᠴᠠᠭ ᠤ᠋ᠨ ᠬᠡᠮᠵᠢᠶ᠎ᠡ ᠶ᠋ᠢ ᠢᠯᠡᠳᠬᠡᠭᠰᠡᠨ ᠬᠡᠮᠵᠢᠭᠦᠷᠯᠢᠭ ᠠᠳᠬᠤᠵᠤ ᠂ ᠨᠢᠭᠡ ᠮᠥᠴᠡ ᠪᠣᠯᠬᠤ ᠪᠦᠷᠢ ᠤᠰᠤᠨ ᠠ᠋ᠴᠠ  ᠳᠡᠭᠡᠭᠰᠢ ᠬᠥᠪᠦᠨ ᠭᠠᠷᠳᠠᠭ ᠪᠥᠭᠡᠳ ᠬᠤᠶᠠᠭ ᠳᠤᠭᠤᠯᠠᠭ᠎ᠠ ᠡᠮᠦᠰᠦᠭᠰᠡᠨ ᠪᠠᠭᠠᠲᠤᠷ ᠡᠷ᠎ᠡ ᠨᠢᠭᠡ  ᠴᠠᠭ ᠪᠣᠯᠬᠤ ᠪᠦᠷᠢ ᠬᠡᠩᠭᠡᠷᠭᠡ  ᠳᠡᠯᠡᠳᠦᠮᠦᠢ ᠃ ᠲᠡᠭᠦᠨ ᠦ᠌ ᠬᠠᠵᠠᠭᠤ ᠳ᠋ᠤ᠌ ᠨᠠᠷᠠᠨ ᠰᠠᠷᠠᠨ  ᠳᠠᠭᠢᠨᠢ  ᠪᠠᠷ᠎ᠠ ᠪᠣᠯᠵᠤ  ᠵᠢᠷᠭᠤᠭᠠᠨ  ᠳᠠᠭᠢᠨᠢ ᠡᠳᠦᠷ ᠰᠥᠨᠢ ᠶ᠋ᠢᠨ ᠠᠷᠪᠠᠨ ᠬᠣᠶᠠᠷ ᠴᠠᠭ ᠲᠤ᠌ ᠳᠣᠬᠢᠶ᠎ᠠ ᠳᠣᠬᠢᠶᠠᠯᠠᠨ  ᠮᠥᠴᠡ ᠶ᠋ᠢᠨ ᠬᠤᠪᠢᠩ ᠤ᠋ᠨ ᠳᠡᠭᠡᠷᠡᠬᠢ ᠥᠷᠭᠥᠭᠡ ᠭᠡᠷ ᠲᠦ᠍ ᠰᠢᠷᠭᠤᠨ ᠣᠷᠣᠵᠤ᠂ ᠠᠷᠪᠠᠨ  ᠬᠣᠶᠠᠷ  ᠴᠠᠭ ᠥᠩᠭᠡᠷᠡᠮᠡᠭᠴᠡ  ᠳᠠᠬᠢᠭᠠᠳ ᠣᠷᠣᠨ ᠳ᠋ᠤ᠌ ᠪᠠᠨ ᠪᠤᠴᠠᠵᠤ ᠢᠷᠡᠳᠡᠭ᠃ ᠲᠡᠭᠦᠨ ᠦ᠌ ᠵᠢᠷᠤᠵᠤ ᠲᠥᠯᠥᠪᠯᠡᠨ ᠵᠣᠬᠢᠶᠠᠭᠰᠠᠨ ᠴᠠᠭ ᠮᠡᠳᠡᠭᠡᠯᠡᠬᠦ ᠮᠥᠴᠡ ᠶ᠋ᠢᠨ  ᠬᠤᠪᠢᠩ ᠊ᠢ  ᠬᠥᠮᠦᠰ ᠶᠡᠬᠡᠳᠡ ᠭᠠᠶ᠋ᠢᠬᠠᠵᠤ  ᠰᠣᠨᠢᠷᠬᠠᠨ 《 ᠯᠦ᠍ ᠪᠡᠨ ᠬᠠᠭᠠᠨ  》 ᠭᠡᠮᠡᠨ ᠳᠠᠭᠤᠳᠠᠳᠠᠭ ᠪᠠᠶ᠋ᠢᠪᠠ ᠃ 
     ᠲᠣᠬᠣᠨᠲᠡᠮᠤᠷ ᠬᠠᠭᠠᠨ ᠪᠠᠰᠠ ᠳᠠᠭᠤᠤ ᠪᠥᠵᠢᠭ ᠲᠦ᠍ ᠠᠪᠢᠶᠠᠰ ᠲᠠᠢ ᠪᠥᠯᠥᠭᠡ ᠃ ᠲᠡᠷᠡ ᠣᠷᠳᠣᠨ  ᠳᠣᠲᠣᠷᠠᠬᠢ ᠭᠤᠸ᠎ᠠ ᠥᠬᠢᠳ  ᠊ᠢ ᠰᠣᠩᠭᠣᠵᠤ ᠥᠪᠡᠷ ᠢ᠋ᠶ᠋ᠡᠨ ᠵᠣᠬᠢᠶᠠᠭᠰᠠᠨ ᠬᠥᠭᠵᠢᠮ ᠦ᠋ᠨ ᠠᠶ᠎ᠠ ᠪᠠᠨ  ᠳᠠᠭᠠᠭᠤᠯᠤᠨ  ᠪᠦᠵᠢᠭᠯᠡᠭᠦᠯᠵᠦ ᠴᠡᠩᠭᠡᠯᠳᠦᠳᠡᠭ  ᠠᠵᠤᠭᠤ ᠃ ᠠᡁᠠᠮᠨ ᠤ᠋ ᠳᠡᠭᠦᠦ ᠬᠦᠷᠭᠡᠨ ᠲᠣᠯᠭᠠᠲᠡᠮᠦᠷ ᠂ ᠬᠠᠭᠠᠨ ᠤ᠋ ᠰᠠᠨᠠᠭᠠᠨ ᠳ᠋ᠤ᠌ ᠨᠡᠶ᠋ᠢᠴᠡᠭᠦᠯᠦᠨ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠢ᠋ᠶ᠋ᠠᠷ ᠥᠪᠡᠷᠮᠢᠴᠡ ᠣᠨᠴᠠᠯᠢᠭ ᠪᠦᠬᠦᠢ ᠱᠠᠰᠢᠨᠴᠢ ᠴᠢᠨᠠᠷ ᠲᠠᠢ ᠪᠥᠵᠢᠭ ᠵᠣᠬᠢᠶᠠᠯᠭᠠᠵᠤ ᠲᠣᠬᠣᠨᠲᠡᠮᠤᠷ ᠬᠠᠭᠠᠨ ᠳ᠋ᠤ᠌ ᠲᠣᠭᠯᠠᠨ ᠦᠵᠡᠭᠦᠯᠪᠡ ᠃ ᠡᠭᠦᠨ ᠢ᠋ᠶ᠋ᠡᠨ 《 ᠰᠢᠮᠨᠠᠴᠨ ᠤ᠋ ᠪᠥᠵᠢᠭ 》 ᠬᠡᠮᠡᠪᠡ ᠃ 《 ᠰᠢᠮᠨᠠᠴᠨ 》 ᠭᠡᠳᠡᠭ ᠨᠢ ᠲᠥᠷᠥᠭ ᠬᠡᠯᠡᠨ ᠳ᠋ᠦ᠍ 《 ᠲᠤᠷᠰᠢᠬᠤ 》 ᠂ ᠲᠡᠩᠰᠡᠬᠦ 》 ᠭᠡᠰᠡᠨ ᠤᠳᠬ᠎ᠠ ᠲᠠᠢ ᠭᠡᠨ᠎ᠡ ᠃ 
     ᠪᠤᠷᠬᠠᠨ ᠤ᠋ ᠰᠤᠳᠤᠷ ᠲᠤ᠌ ᠦᠭᠦᠯᠡᠭᠰᠡᠨ ᠨᠢ ᠂ ᠰᠢᠮᠨᠠᠴᠨ ᠤ᠋ ᠪᠥᠵᠢᠭ ᠲᠦ᠍ ᠶᠢᠰᠦᠨ ᠳᠦᠷᠢ ᠪᠣᠢ ᠄ ᠪᠡᠶ᠎ᠡ ᠶ᠋ᠢᠨ ᠭᠤᠷᠪᠠᠨ ᠳᠦᠷᠢ ᠂  ᠲᠤᠬᠠᠶ᠋ᠢᠯᠠᠪᠠᠯ ᠂ ᠭᠤᠩᠬᠠᠯᠵᠠᠬᠤᠢ ᠂ ᠪᠠᠭᠠᠲᠤᠷᠬᠠᠬᠤᠢ ᠪᠠ ᠭᠤᠸ᠋᠎ᠠ  ᠪᠤᠰᠤ ᠭᠤᠷᠪᠠ ᠪᠣᠯᠠᠢ ᠃ ᠵᠠᠷᠯᠢᠭ ᠤ᠋ᠨ ᠭᠤᠷᠪᠠᠨ ᠳᠦᠷᠢ ᠂ ᠲᠤᠬᠠᠶ᠋ᠢᠯᠠᠪᠠᠯ ᠭᠤᠷᠪᠠᠨ ᠬᠣᠣᠷ ( ᠲᠠᠴᠢᠶᠠᠩᠭᠤᠢ ᠂ ᠮᠤᠩᠬᠠᠭ ᠂ ᠤᠷᠢᠨ ᠬᠢᠯᠢᠩ ) ᠊ᠢ ᠨᠣᠮᠣᠬᠠᠳᠬᠠᠨ ᠵᠣᠬᠢᠶᠠᠬᠤ ᠪᠣᠯᠠᠢ ᠃ ᠰᠡᠳᠬᠢᠯ ᠦ᠋ᠨ ᠭᠤᠷᠪᠠᠨ ᠳᠦᠷᠢ ᠂ ᠲᠤᠬᠠᠶ᠋ᠢᠯᠠᠪᠠᠯ ᠨᠢᠭᠦᠯᠡᠰᠬᠦᠢ ᠶ᠋ᠢ ᠡᠷᠬᠢᠮᠯᠡᠬᠦ ᠂ ᠶᠡᠬᠡ ᠠᠮᠤᠭᠤᠯᠠᠩ ᠊ᠢ ᠡᠷᠬᠢᠮᠯᠡᠬᠦ ᠂ ᠠᠰᠠᠷᠠᠬᠤᠢ ᠶ᠋ᠢ ᠡᠷᠬᠢᠮᠯᠡᠬᠦ ᠳᠦᠷᠢ ᠪᠡᠷ ᠰᠡᠳᠬᠢᠯ ᠢᠨᠦ ᠬᠣᠭᠣᠰᠣᠨ ᠴᠢᠨᠠᠷ ᠤ᠋ᠨ ᠠᠭᠠᠷ ᠲᠤ᠌ ᠣᠷᠣᠭᠰᠠᠨ ᠊ᠢ ᠢᠯᠡᠷᠡᠭᠦᠯᠦᠮᠦᠢ 》 ᠬᠡᠮᠡᠪᠡ ᠃ 
     ᠪᠤᠷᠬᠠᠨ ᠪᠠᠭᠰᠢ ᠪᠣᠳᠢ ᠮᠥᠷ ᠊ᠢ ᠣᠯᠤᠭᠰᠠᠨ ᠤ᠋ ᠳᠠᠷᠠᠭ᠎ᠠ ᠲᠡᠷᠰ ᠦ᠋ᠳ ᠦ᠋ᠨ ᠪᠦᠯᠦᠭ ᠢᠷᠡᠵᠦ ᠦᠨᠡᠨ ᠬᠤᠳᠠᠯ ᠊ᠢ ᠰᠢᠯᠭᠠᠬᠤ ᠳ᠋ᠤ᠌ ᠪᠠᠨ ᠲᠤᠰ ᠪᠦᠷᠢ ᠭᠤᠸ᠋᠎ᠠ ᠦᠵᠡᠰᠬᠦᠯᠡᠩᠲᠦ ᠲᠩᠷᠢ ᠶ᠋ᠢᠨ ᠥᠬᠢᠳ ᠬᠤᠪᠢᠯᠤᠨ ᠲᠠᠴᠢᠶᠠᠩᠭᠤᠢ ᠳᠦᠷᠢ ᠪᠡᠷ ᠪᠤᠷᠬᠠᠨ ᠪᠠᠭᠰᠢ ᠶ᠋ᠢ ᠥᠳᠥᠭᠡᠨ ᠲᠠᠲᠠᠭᠰᠠᠨ ᠳ᠋ᠤ᠌ ᠪᠤᠷᠬᠠᠨ ᠪᠠᠭᠰᠢ ᠥᠴᠦᠬᠡᠨ ᠴᠦ᠍ ᠰᠡᠳᠬᠢᠯ ᠠᠯᠭᠠᠰᠠᠬᠤ ᠪᠠᠶ᠋ᠢᠲᠠᠯ ᠦᠭᠡᠢ ᠳ᠋ᠦ᠍ ᠲᠡᠷᠰ ᠦ᠋ᠳ ᠠᠰᠠᠭᠤᠷᠤᠨ ᠄ 《 ᠴᠢ ᠪᠣᠳᠢ ᠮᠥᠷ ᠊ᠢ ᠣᠯᠤᠭᠰᠠᠨ ᠶᠠᠮᠠᠷ ᠴᠤ᠌ ᠭᠡᠷᠡᠴᠢ ᠦᠭᠡᠢ 》 ᠬᠡᠮᠡᠬᠦᠢ ᠳ᠋ᠦ᠍ᠷ ᠪᠤᠷᠬᠠᠨ ᠪᠠᠭᠰᠢ ᠄ 《 ᠮᠢᠨᠦ ᠭᠡᠷᠡᠴᠢ ᠡᠨᠡ ᠭᠠᠵᠠᠷ ᠳᠡᠯᠡᠬᠡᠢ ᠪᠣᠯᠠᠢ 》 ᠭᠡᠮᠡᠨ ᠪᠠᠷᠠᠭᠤᠨ ᠮᠣᠳᠣᠷ ᠢ᠋ᠶ᠋ᠠᠷ ᠢ᠋ᠶ᠋ᠠᠨ ᠭᠠᠵᠠᠷ ᠊ᠢ ᠳᠠᠷᠤᠭᠰᠠᠨ᠎ᠠ ᠭᠠᠵᠠᠷ ᠳᠡᠯᠡᠬᠡᠢ ᠵᠢᠷᠭᠤᠭᠠᠨ ᠵᠦᠢᠯ ᠢ᠋ᠶ᠋ᠡᠷ ᠬᠥᠳᠡᠯᠵᠦ ᠬᠣᠯᠠ ᠪᠤᠰᠤ ᠨᠢᠭᠡ ᠬᠠᠭᠠᠷᠠᠵᠤ ᠭᠠᠵᠠᠷ ᠤ᠋ᠨ ᠥᠬᠢᠨ ᠲᠩᠷᠢ ᠪᠡᠶ᠎ᠡ ᠶ᠋ᠢᠨ ᠬᠠᠭᠠᠰ ᠊ᠢ ᠦᠵᠡᠭᠦᠯᠦᠨ ᠥᠭᠦᠯᠡᠷᠦᠨ ᠄ 《 ᠲᠡᠷᠡ ᠮᠡᠲᠦ ᠪᠣᠯᠠᠢ ᠂ ᠲᠡᠭᠦᠨᠴᠢᠯᠡᠨ ᠪᠣᠯᠠᠢ 》 ᠬᠡᠮᠡᠭᠡᠳ ᠡᠯᠳᠡᠪ ᠵᠦᠢᠯ ᠦ᠋ᠨ ᠷᠢᠳᠢ ᠬᠤᠪᠢᠯᠭᠠᠨ ᠢᠡᠷᠡᠭᠦᠯᠦᠭᠰᠡᠨ᠎ᠡ ᠲᠡᠷᠰ ᠦ᠋ᠳ ᠦᠬᠦᠳᠬᠢᠨ ᠤᠨᠠᠪᠠ 》 ᠭᠡᠨ᠎ᠡ ᠃ 
     ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠪᠤᠷᠬᠠᠨ ᠤ᠋ ᠡᠨᠡ ‍ᠬᠦ ᠳᠣᠮᠣᠭ ᠊ᠢ ᠦᠨᠳᠦᠰᠦᠯᠡᠨ ᠠᠷᠪᠠᠨ ᠵᠢᠷᠭᠤᠭᠠᠨ ᠥᠬᠢᠳ ᠦ᠋ᠨ 《 ᠰᠢᠮᠨᠠᠴᠠ ᠶ᠋ᠢᠨ ᠪᠥᠵᠢᠭ 》 ᠵᠣᠬᠢᠶᠠᠵᠤ ᠂ ᠪᠦᠵᠢᠭᠴᠢᠨ ᠥᠬᠢᠳ ᠦ᠋ᠨ ᠦᠰᠦ ᠶ᠋ᠢ ᠰᠠᠯᠭᠠᠵᠤ ᠬᠡᠳᠦ ᠬᠡᠳᠦᠨ ᠬᠡᠰᠡᠭ ᠱᠠᠩᠬᠤᠯᠠᠭᠠᠳ ᠲᠡᠷᠢᠭᠦᠨ ᠳ᠋ᠦ᠍ᠷ ᠢᠨᠦ ᠥᠩᠭᠡ ᠪᠦᠷᠢ ᠶ᠋ᠢᠨ ᠴᠠᠴᠤᠭ ᠲᠠᠢ ᠵᠠᠭᠠᠨ ᠤ᠋ ᠰᠢᠳᠦᠨ ᠮᠡᠲᠦ ᠮᠠᠯᠠᠭᠠᠢ ᠂ ᠪᠡᠶ᠎ᠡ ᠳ᠋ᠦ᠍ᠷ ᠢᠨᠦ ᠠᠭᠤᠵᠢᠭᠤ ᠬᠠᠨᠴᠤᠶ᠋ᠢᠲᠤ ᠳᠡᠪᠡᠯ ᠂ ᠬᠠᠳᠬᠤᠮᠠᠯ ᠬᠤᠸᠠᠷ ᠲᠠᠢ ᠤᠯᠠᠭᠠᠨ ᠲᠣᠷᠭᠠᠨ ᠤᠷᠲᠤ ᠣᠬᠣᠷ ᠬᠣᠷᠮᠣᠶ᠋ᠢᠪᠴᠢ ᠂ ᠴᠡᠭᠡᠵᠢᠮᠡᠭ ᠂  ᠴᠡᠴᠡᠭᠲᠦ ᠱᠠᠬᠠᠢ ᠣᠢᠮᠣᠰᠤ ᠡᠮᠦᠰᠬᠡᠨ ᠂ ᠭᠠᠷ ᠲᠤᠷ ᠵᠡᠰ ᠬᠠᠩᠬᠢᠯᠵᠠᠭᠤᠷ ᠂ ᠬᠣᠣᠰᠮᠠᠯᠵᠢᠨ ᠬᠡᠩᠭᠡᠷᠭᠡ ᠂ ᠫᠢᠫᠠ ᠂ ᠪᠦᠷᠢᠶ᠎ᠡ ᠂ ᠪᠢᠰᠬᠢᠭᠦᠷ ᠮᠡᠲᠦ ᠶ᠋ᠢᠨ  ᠬᠥᠭᠵᠢᠮ ᠦ᠋ᠨ ᠵᠢᠮᠰᠡᠭ ᠪᠠᠷᠢᠭᠤᠯᠵᠤ ᠂ ᠨᠢᠭᠡ ᠨᠢ ᠬᠣᠩᠬᠣ ᠴᠣᠬᠢᠨ ᠬᠥᠭᠵᠢᠮ ᠡᠭᠦᠰᠬᠡᠪᠡᠰᠦ ᠪᠦᠭᠦᠳᠡᠭᠡᠷ ᠲᠡᠭᠡᠨ ᠪᠥᠵᠢᠭᠯᠡᠮᠦᠢ ᠃ ᠡᠭᠦᠨ ᠢ᠋ᠶ᠋ᠡᠨ 《 ᠰᠢᠮᠨᠠᠴᠠ ᠶ᠋ᠢᠨ ᠪᠥᠵᠢᠭ 》 ᠬᠡᠮᠡᠯᠦᠭᠡ ᠃ ᠣᠷᠳᠣᠨ ᠤ᠋ ᠳᠣᠲᠣᠷ᠎ᠠ ᠨᠣᠮ ᠤᠩᠰᠢᠨ ᠬᠤᠷᠠᠯ ᠬᠤᠷᠠᠬᠤ ᠂ ᠪᠠᠶᠠᠷ ᠳᠤᠷᠠᠰᠬᠠᠯ ᠤ᠋ᠨ ᠡᠳᠦᠷ ᠊ᠢ ᠪᠡᠯᠭᠡᠯᠡᠬᠦ ᠳ᠋ᠦ᠍ ᠴᠥᠮ 《 ᠰᠢᠮᠨᠠᠴᠠ ᠶ᠋ᠢᠨ ᠪᠥᠵᠢᠭ 》 ᠪᠥᠵᠢᠭᠯᠡᠨ ᠲᠣᠭᠯᠠᠳᠠᠭ ᠃ ᠲᠤᠬᠠᠢ ᠶ᠋ᠢᠨ ᠦᠶ᠎ᠡ ᠳ᠋ᠦ᠍ 《 ᠰᠢᠮᠨᠠᠴᠠ ᠶ᠋ᠢᠨ ᠪᠥᠵᠢᠭ 》 ᠊ᠢ ᠰᠣᠨᠢᠷᠬᠠᠭᠠᠳ ᠠᠯᠳᠠᠷᠲᠤ  ᠰᠢᠯᠦᠭᠴᠢᠨ ᠰᠡᠲᠤᠯᠠ ᠶ᠋ᠢᠨ  ᠰᠢᠯᠦᠭᠯᠡᠭᠰᠡᠨ ᠰᠢᠯᠦᠭ ᠢᠨᠦ ᠄ 
              ᠰᠡᠷᠢᠭᠦᠨ ᠪᠦᠷᠭᠡ ᠶ᠋ᠢᠨ ᠪᠢᠨᠲᠡᠷᠢᠶᠠᠨ ᠭᠡᠷᠡᠯ 
              ᠵᠣᠴᠢᠳ ᠤ᠋ᠨ ᠨᠢᠳᠦᠨ ᠊ᠢ ᠭᠢᠯᠠᠰᠬᠠᠵᠦ
              ᠰᠤᠪᠤᠳ ᠤ᠋ᠨ ᠤᠨᠵᠢᠯᠭᠠᠲᠦ ᠴᠡᠴᠡᠭᠲᠦ ᠮᠠᠯᠠᠭᠠᠶ᠋ᠢᠲᠠᠨ
              ᠲᠥᠷᠥᠯ ᠦ᠋ᠨ ᠨᠣᠶᠠᠳ ᠊ᠢ ᠪᠠᠶᠠᠷᠯᠠᠭᠤᠯᠤᠮᠤᠢ ᠃ 
              ᠰᠡᠩᠭᠢᠨᠡᠬᠦ ᠰᠠᠯᠬᠢᠨ᠎ᠠ ᠵᠢᠭᠠᠷ ᠤ᠋ᠨ ᠦᠨᠦᠷ 
              ᠲᠠᠩᠬᠢᠮ ᠳᠦᠭᠦᠷᠡᠩ ᠦᠨᠦᠰᠳᠡᠭᠡᠳ 
              ᠰᠢᠮᠨᠠᠴᠠ ᠶ᠋ᠢᠨ ᠪᠥᠵᠢᠭ ᠬᠥᠭᠵᠢᠮ ᠦ᠋ᠨ ᠠᠶᠠᠰ ᠢ᠋ᠶ᠋ᠠᠷ 
              ᠭᠤᠷᠪᠠᠨ ᠬᠣᠣᠷ ᠊ᠢ ᠨᠣᠮᠣᠬᠠᠳᠬᠠᠮᠤᠢ ᠬᠡᠮᠡᠪᠡ ᠃ 
     ᠡᠭᠦᠨ ᠡᠴᠡ ᠦᠵᠡᠪᠡᠰᠦ 《 ᠰᠢᠮᠨᠠᠴᠠ ᠶ᠋ᠢᠨ ᠪᠥᠵᠢᠭ 》 ᠬᠡᠮᠡᠭᠴᠢ ᠱᠠᠰᠢᠨ ᠤ᠋ ᠵᠠᠩ ᠦᠢᠯᠡ ᠲᠡᠢ ᠬᠣᠯᠪᠣᠭᠠᠲᠠᠢ ᠪᠥᠵᠢᠭ ᠳᠠᠭᠤᠯᠠᠯ ᠠᠵᠤᠭᠤ ᠃ ᠰᠤᠯᠠ ᠱᠠᠰᠲᠢᠷ ᠲᠤ᠌ ᠦᠭᠦᠯᠡᠭᠰᠡᠨ ᠮᠡᠲᠦ ᠱᠠᠯᠢᠭ ᠵᠠᠪᠬᠠᠢ ᠵᠦᠢᠯ ᠣᠭᠲᠣ ᠪᠢᠰᠢ ᠪᠥᠯᠥᠭᠡ ᠃ ᠭᠡᠪᠡᠴᠦ ᠶᠠᠮᠠᠷ ᠬᠡᠷᠡᠭ ᠦᠵᠡᠭᠳᠡᠯ ᠳ᠋ᠦ᠍ ᠪᠦᠷ ᠬᠣᠶᠠᠷ ᠲᠠᠯ᠎ᠠ ᠪᠠᠶ᠋ᠢᠲᠠᠭ ᠃  ᠰᠠᠢᠨ ᠢ᠋ᠶ᠋ᠠᠷ ᠡᠲᠯᠡᠪᠡᠰᠦ  ᠰᠠᠢᠨ ᠂ ᠮᠠᠭᠤ ᠪᠠᠷ ᠡᠲᠯᠡᠪᠡᠰᠦ ᠮᠠᠭᠤ ᠪᠣᠯᠤᠮᠤᠢ ᠃ 
     ᠠᡁᠨᠮᠠ ᠬᠡᠮᠡᠭᠴᠢ ᠤᠭ ᠠ᠋ᠴᠠ ᠪᠦᠲᠦᠯ ᠦᠭᠡᠢ ᠠᠮᠢᠲᠠᠨ ᠪᠤᠶᠤ ᠃ ᠲᠤᠬᠠᠢ ᠶ᠋ᠢᠨ ᠵᠢᠯ ᠳ᠋ᠦ᠍ ᠬᠠᠭᠠᠨ ᠤ᠋ ᠣᠷᠳᠣᠨ ᠤ᠋ ᠠᠷᠤ ᠲᠠᠯ᠎ᠠ ᠳ᠋ᠤ᠌  ᠵᠣᠷᠢᠭ ᠳᠤᠷ᠎ᠠ ᠪᠠᠷ ᠥᠪᠡᠷ ᠦ᠋ᠨ ᠠᠮᠠᠷᠠᠬᠤ ᠮᠠᠶ᠋ᠢᠬᠠᠨ ᠭᠡᠷ ᠊ᠢ ᠪᠣᠰᠬᠠᠵᠤ ᠂ ᠬᠠᠲᠤᠨ ᠡᠬᠡ ᠶ᠋ᠢᠨ ᠣᠷᠳᠣᠨ ᠳ᠋ᠤ᠌ ᠳᠤᠷ᠎ᠠ ᠲᠠᠪᠠ ᠪᠠᠷ ᠣᠷᠣᠵᠤ ᠭᠠᠷᠤᠭᠠᠳ ᠵᠡᠷᠭᠡ ᠲᠤᠰᠢᠶᠠᠯ ᠢ᠋ᠶ᠋ᠠᠨ ᠬᠤᠰᠤᠭᠤᠯᠵᠤ ᠣᠷᠳᠣᠨ ᠠ᠋ᠴᠠ ᠬᠥᠭᠡᠭᠡᠭᠳᠡᠭᠰᠡᠨ ᠪᠥᠯᠥᠭᠡ ᠃ ᠡᠳᠦᠭᠡ ᠲᠣᠭᠲᠤᠬ᠋᠎ᠠ ᠶ᠋ᠢᠨ ᠡᠷᠭᠦᠨ ᠪᠠᠲᠤᠯᠠᠯ ᠢ᠋ᠶ᠋ᠠᠷ ᠪᠤᠴᠠᠵᠤ ᠢᠷᠡᠭᠡᠳ ᠲᠣᠬᠣᠨᠲᠡᠮᠤᠷ ᠬᠠᠭᠠᠨ ᠤ᠋ ᠰᠤᠯᠠ ᠰᠡᠯᠡᠭᠦᠬᠡᠨ ᠊ᠢ ᠡᠷᠢᠬᠦ ᠰᠡᠳᠬᠢᠯᠭᠡ ᠶ᠋ᠢ ᠠᠳᠬᠤᠵᠤ ᠠᠪᠤᠭᠠᠳ  ᠬᠠᠭᠠᠨ ᠊ᠢ ᠮᠠᠭᠤ ᠵᠦᠭ ᠲᠦ᠍ ᠳᠠᠭᠠᠭᠤᠯᠪᠠ ᠃
     ᠲᠡᠨᠳᠡᠴᠡ ᠲᠣᠬᠣᠨᠲᠡᠮᠤᠷ ᠬᠠᠭᠠᠨ ᠡᠳᠦᠷ ᠪᠦᠷᠢ 《 ᠰᠢᠮᠨᠠᠴᠨ ᠤ᠋ ᠪᠥᠵᠢᠭ 》  ᠰᠣᠨᠢᠷᠬᠠᠨ ᠬᠠᠲᠤᠳ ᠲᠠᠲᠠᠪᠤᠷᠢ ᠠ᠋ᠴᠠ ᠪᠠᠨ ᠵᠠᠶ᠋ᠢᠲᠠᠭᠰᠠᠨ ᠢ᠋ᠶ᠋ᠠᠷ ᠦᠯᠦ ᠪᠠᠷᠠᠨ ᠂ ᠵᠠᠰᠠᠭ ᠲᠥᠷᠥ ᠶ᠋ᠢᠨ ᠬᠡᠷᠡᠭ ᠲᠦ᠍  ᠨᠢᠭᠡᠮᠦᠰᠦᠨ ᠰᠣᠨᠢᠷᠬᠠᠯ ᠦᠭᠡᠢ ᠪᠣᠯᠪᠠ᠃ ᠲᠣᠬᠣᠨᠲᠡᠮᠤᠷ ᠬᠠᠭᠠᠨ ᠰᠡᠳᠬᠢᠷᠦᠨ ᠄ 《 ᠮᠢᠨᠦ ᠡᠴᠢᠭᠡ ᠬᠣᠱ᠌ᠢᠯᠨ ᠬᠤᠲᠤᠭᠲᠤ ᠬᠠᠭᠠᠨ ᠭᠤᠴᠢᠨ ᠨᠠᠰᠤᠨ᠎ᠠ ᠲᠩᠷᠢ ᠳ᠋ᠦ᠍ ᠬᠠᠯᠢᠪᠠ ᠃ ᠠᠪᠠᠭ᠎ᠠ ᠲᠣᠬᠲᠡᠮᠤᠷ ᠵᠠᠶᠠᠭᠠᠲᠤ ᠬᠠᠭᠠᠨ ᠬᠣᠷᠢ ᠶᠢᠰᠦᠨ ᠨᠠᠰᠤᠨ᠎ᠠ ᠥᠭᠡᠳᠡ ᠪᠣᠯᠪᠠ ᠃ ᠲᠡᠳᠡ ᠡᠩ ᠦ᠋ᠨ ᠴᠠᠭ ᠲᠤᠷ ᠶᠠᠮᠠᠷ ᠴᠤ᠌ ᠡᠪᠡᠳᠴᠢᠨ ᠲᠠᠬᠤᠯ ᠦᠭᠡᠢ ᠪᠥᠯᠥᠭᠡ ᠂ ᠪᠦᠷ ᠭᠡᠨᠡᠳᠲᠡ ᠲᠠᠭᠠᠯᠠᠯ ᠲᠡᠭᠦᠰᠴᠦᠬᠦᠢ ᠃ ᠡᠳᠦᠭᠡ ᠪᠢ ᠮᠥᠨ ᠭᠤᠴᠢᠨ ᠭᠤᠷᠪᠠᠨ ᠨᠠᠰᠤᠯᠠᠪᠠ ᠃  ᠪᠡᠶ᠎ᠡ  ᠡᠷᠡᠭᠦᠯ ᠲᠡᠩᠬᠡᠯᠡᠭᠦᠨ ᠪᠣᠢ᠃ ᠭᠡᠪᠡᠴᠦ ᠦᠬᠦᠯ ᠬᠡᠵᠢᠶ᠎ᠡ  ᠴᠦ᠍ ᠲᠣᠰᠴᠤ ᠮᠠᠭᠠᠳ ᠃ ᠪᠤᠷᠬᠠᠨ ᠲᠩᠷᠢ ᠨᠠᠳᠠ ᠳ᠋ᠤ᠌ ᠨᠠᠰᠤᠨ ᠬᠤᠲᠤᠭ ᠬᠠᠶ᠋ᠢᠷᠠᠯᠠᠵᠤ ᠢᠯᠡᠭᠦᠦ ᠬᠡᠳᠦᠨ ᠵᠢᠯ ᠠᠮᠢᠳᠤᠷᠠᠭᠤᠯᠬᠤ ᠪᠣᠯᠲᠤᠭᠠᠢ 》 ᠭᠡᠮᠡᠨ ᠵᠠᠯᠪᠠᠷᠢᠨ ᠳᠠᠭᠠᠳᠬᠠᠮᠤᠢ ᠃ 
     ᠠᡁᠠᠮᠨ ᠢ᠋ᠶ᠋ᠠᠷ ᠲᠣᠬᠣᠨᠲᠡᠮᠤᠷ ᠬᠠᠭᠠᠨ ᠤ᠋ ᠡᠨᠡ ‍ᠬᠦ ᠰᠠᠨᠠᠭ᠎ᠠ ᠶ᠋ᠢ ᠨᠡᠪᠲᠡ ᠠᠵᠢᠭᠯᠠᠵᠤ ᠮᠡᠳᠡᠭᠡᠳ ᠄ 《 ᠡᠳᠦᠭᠡ ᠡᠵᠡᠨ ᠳ᠋ᠦ᠍ᠷ ᠳᠥᠷᠪᠡᠨ ᠳᠠᠯᠠᠢ ᠶ᠋ᠢᠨ ᠳᠣᠲᠣᠷᠠᠬᠢ ᠪᠠᠶᠠᠨ ᠪᠣᠢ ᠪᠣᠯᠪᠠᠴᠤ ᠲᠥᠷᠥᠭᠰᠡᠨ ᠪᠡᠶ᠎ᠡ ᠮᠥᠩᠬᠡ ᠪᠤᠰᠤ ᠶ᠋ᠢᠨ ᠲᠤᠯᠠ ᠰᠢᠮᠳᠠᠨ ᠬᠢᠴᠢᠶᠡᠵᠦ ᠵᠢᠷᠭᠠᠪᠠᠰᠤ ᠵᠣᠬᠢᠮᠤᠢ 》 ᠬᠡᠮᠡᠭᠡᠳ ᠵᠠᠯᠭᠠᠵᠤ ᠠᠶ᠋ᠢᠯᠠᠤᠠᠬᠠᠷᠤᠨ ᠄ 《 ᠪᠢ ᠰᠣᠨᠣᠰᠪᠠᠰᠤ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠲᠤᠷ ᠠᠮᠢ ᠨᠠᠰᠤ ᠶ᠋ᠢ ᠤᠷᠲᠤᠳᠬᠠᠬᠤ ᠡᠷᠳᠡᠮ ᠪᠣᠢ ᠬᠡᠮᠡᠮᠦ ᠃ ᠡᠵᠡᠨ ᠢ᠋ᠶ᠋ᠡᠷ ᠲᠡᠭᠦᠨ ᠊ᠢ ᠶᠠᠭᠤᠨ ᠳ᠋ᠤ᠌ ᠦᠯᠦ ᠵᠠᠯᠠᠮᠤᠢ ?  》ᠬᠡᠮᠡᠪᠡᠰᠦ ᠲᠣᠬᠣᠨᠲᠡᠮᠤᠷ ᠬᠠᠭᠠᠨ ᠤ᠋ ᠬᠣᠶᠠᠷ ᠨᠢᠳᠦᠨ ᠭᠱᠠᠨ ᠵᠠᠭᠤᠷ᠎ᠠ ᠬᠡᠷᠡᠯᠳᠦᠵᠦ ᠥᠭᠦᠯᠡᠷᠦᠨ ᠄ 《 ᠲᠡᠷᠡ ᠤᠪᠠᠳᠢᠰᠲᠤ ᠬᠤᠸᠠᠷᠠᠭ ᠬᠠᠮᠢᠭ᠎ᠠ ᠪᠣᠢ ? ᠨᠠᠳᠠ ᠦᠳᠲᠡᠷ ᠠᠪᠴᠢᠷᠠᠵᠤ ᠤᠴᠠᠷᠠᠭᠤᠯ ! 》 ᠬᠡᠮᠡᠪᠡ ᠃  
      ᠠᡁᠠᠮᠠ ᠪᠠᠷ ᠬᠠᠭᠠᠨ ᠤ᠋ ᠬᠠᠶ᠋ᠢᠷ᠎ᠠ ᠬᠡᠰᠢᠭ ᠊ᠢ ᠨᠡᠩ ᠶᠡᠬᠡ ᠬᠦᠷᠲᠡᠬᠦ ᠶ᠋ᠢᠨ ᠲᠥᠯᠥᠭᠡ ᠠᠯᠢ ᠬᠡᠲᠦᠶ᠋ᠢᠨ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠯᠤᠭ᠎ᠠ ᠣᠶ᠋ᠢᠷᠠᠲᠤᠨ ᠶᠠᠪᠤᠯᠴᠠᠵᠤ ᠪᠠᠶ᠋ᠢᠬᠰᠠᠨ ᠲᠤᠯᠠ ᠲᠡᠷᠡ ᠳᠠᠷᠤᠢ ᠪᠡᠶ᠎ᠡ ᠪᠡᠷ ᠬᠦᠷᠴᠦ ᠵᠠᠯᠠᠵᠤ ᠠᠪᠴᠢᠷᠠᠭᠠᠳ ᠬᠠᠭᠠᠨ ᠳ᠋ᠤᠷ ᠤᠴᠠᠷᠠᠭᠤᠯᠪᠠ ᠃ 
      ᠲᠣᠬᠤᠨᠲᠡᠮᠦᠷ ᠬᠠᠭᠠᠨ ᠠᠰᠠᠭᠤᠷᠤᠨ ᠄ 《 ᠴᠢ ᠨᠠᠳᠠ ᠳ᠋ᠤ᠌ ᠶᠠᠮᠠᠷ ᠤᠪᠠᠳᠢᠰ ᠵᠢᠭᠠᠮᠤᠢ ? 》
      ᠤᠪᠠᠳᠢᠰᠲᠤ ᠬᠤᠸᠠᠷᠠᠭ ᠠᠶ᠋ᠢᠯᠠᠤᠠᠬᠠᠷᠤᠨ ᠄ 《 ᠪᠢ ᠪᠡᠷ ᠮᠠᠰᠢ ᠪᠠᠶᠠᠰᠬᠤᠯᠠᠩᠲᠤ ᠪᠤᠷᠬᠠᠨ ᠤ᠋ ᠨᠢᠭᠤᠴᠠ ᠲᠠᠷᠨᠢ ᠶ᠋ᠢᠨ ᠤᠪᠠᠳᠢᠰ ᠊ᠢ ᠬᠦᠷᠲᠡᠭᠰᠡᠨ ᠪᠥᠯᠥᠭᠡ ᠃ ᠲᠡᠭᠦᠨ ᠊ᠢ < ᠬᠢᠢ ᠸᠴᠢᠷᠲᠤ ᠳᠠᠨᠳᠠᠷᠢᠰ > ᠬᠡᠮᠡᠮᠦᠢ ᠃ ᠡᠨᠡ ᠢᠨᠤ ᠠᠷᠭ᠎ᠠ ᠪᠢᠯᠢᠭ ᠊ᠢ ᠬᠣᠣᠰᠯᠠᠭᠤᠯᠤᠭᠰᠠᠨ ᠪᠢᠰᠢᠯᠭᠠᠯ ᠪᠤᠶᠤ ᠃ ᠲᠡᠭᠦᠨ ᠊ᠢ ᠨᠢᠭᠤᠴᠠ ᠬᠡᠮᠡᠬᠦ ᠢᠨᠤ ᠪᠢᠯᠢᠭ ᠬᠣᠭᠣᠰᠣᠨ ᠴᠢᠨᠠᠷ ᠬᠢᠭᠡᠳ ᠠᠷᠭ᠎ᠠ ᠶᠡᠬᠡ ᠨᠢᠭᠦᠯᠡᠰᠬᠦᠢ ᠶ᠋ᠢ ᠬᠣᠣᠰᠯᠠᠨ ᠪᠠᠷᠢᠬᠤ ᠶ᠋ᠢᠨ ᠡᠭᠦᠳᠡᠨ ᠡᠴᠡ ᠰᠡᠳᠬᠢᠯ ᠦ᠋ᠨ ᠪᠡᠯᠭᠡ ᠶ᠋ᠢ ᠤᠨᠤᠨ ᠠᠪᠤᠷᠠᠨ ᠦᠢᠯᠡᠳᠬᠦᠢ ᠶᠡᠬᠡ ᠠᠮᠤᠭᠤᠯᠠᠩ ᠤ᠋ᠨ ᠪᠡᠯᠭᠡ ᠪᠢᠯᠢᠭ ᠪᠥᠭᠡᠳ ᠨᠢᠭᠤᠴᠠᠯᠠᠨ ᠪᠦᠲᠦᠭᠡᠬᠦᠢ ᠲᠤᠯᠠ ᠰᠠᠪᠠ ᠮᠠᠭᠤᠲᠤ ᠶ᠋ᠢᠨ ᠶᠠᠪᠤᠳᠠᠯ ᠤ᠋ᠨ ᠣᠷᠣᠨ ᠪᠤᠰᠤ ᠪᠣᠯᠠᠢ 》 ᠬᠡᠮᠡᠪᠡ ᠃  
      ᠲᠣᠬᠤᠨᠲᠡᠮᠦᠷ ᠬᠠᠭᠠᠨ ᠢ᠋ᠶ᠋ᠠᠷ ᠤᠪᠠᠳᠢᠰᠲᠤ ᠬᠤᠸᠠᠷᠠᠭ ᠤ᠋ᠨ ᠦᠭᠦᠯᠡᠭᠰᠡᠨ ᠊ᠢ ᠣᠶ᠋ᠢᠯᠠᠭᠠᠵᠤ ᠶᠠᠳᠠᠨ ᠠᠰᠠᠭᠤᠷᠤᠨ ᠄ 《 ᠠᠷᠭ᠎ᠠ ᠪᠢᠯᠢᠭ ᠊ᠢ ᠬᠣᠣᠰᠯᠠᠭᠤᠯᠤᠭᠰᠠᠨ ᠪᠢᠰᠢᠯᠭᠠᠯ ᠬᠡᠮᠡᠬᠦ ᠢᠨᠤ ᠶᠠᠭᠤᠨ ᠊ᠢ ᠵᠢᠭᠠᠮᠤᠢ ? ᠲᠡᠭᠦᠨ ᠊ᠢ ᠶᠠᠭᠠᠬᠢᠨ ᠨᠢᠭᠤᠴᠠᠯᠠᠨ ᠪᠦᠲᠦᠭᠡᠮᠦᠢ ? 》 ᠬᠡᠮᠡᠬᠦ ᠳ᠋ᠦ᠍ ᠂ 
      ᠤᠪᠠᠳᠢᠰᠲᠤ ᠬᠤᠸᠠᠷᠠᠭ ᠥᠭᠦᠯᠡᠬᠦ ᠡᠴᠡ ᠡᠮᠦᠨ᠎ᠡ ᠠᡁᠠᠮᠠ ᠤᠷᠤᠭᠰᠢ ᠳᠠᠪᠰᠢᠨ ᠠᠶ᠋ᠢᠯᠠᠤᠠᠬᠠᠷᠤᠨ ᠄ 《 ᠠᠷᠭ᠎ᠠ ᠪᠢᠯᠢᠭ ᠊ᠢ ᠬᠣᠣᠰᠯᠠᠭᠤᠯᠤᠭᠰᠠᠨ ᠪᠢᠰᠢᠯᠭᠠᠯ ᠬᠡᠮᠡᠬᠦ ᠢᠨᠤ ᠡᠷᠡᠭᠲᠡᠢ ᠡᠮᠡᠭᠲᠡᠢ ᠬᠠᠮᠲᠤ ᠪᠢᠰᠢᠯᠭᠠᠨ ᠦᠢᠯᠡᠳᠬᠦ ᠪᠣᠯᠠᠢ ᠃ ᠲᠡᠭᠦᠨ ᠦ᠌ ᠵᠣᠷᠢᠯᠭ᠎ᠠ ᠠᠨᠤ ᠬᠤᠷᠢᠴᠠᠬᠤᠢ ᠠᠮᠠᠷᠠᠭ ᠤ᠋ᠨ ᠰᠡᠳᠬᠢᠯ ᠢ᠋ᠶ᠋ᠡᠷ ᠪᠢᠰᠢᠯᠭᠠᠨ ᠦᠢᠯᠡᠳᠬᠦ ᠶ᠋ᠢᠨ ᠠᠯᠢᠪᠠ ᠰᠠᠭᠠᠳ ᠲᠣᠳᠬᠠᠷ ᠊ᠢ ᠠᠷᠢᠯᠭᠠᠨ ᠬᠥᠨᠥᠭᠡᠬᠦᠢ ᠳ᠋ᠦ᠍ᠷ ᠣᠷᠣᠰᠢᠮᠤᠢ 》 ᠬᠡᠮᠡᠪᠡ ᠃ 
      ᠤᠪᠠᠳᠢᠰᠲᠤ ᠬᠤᠸᠠᠷᠠᠭ ᠥᠭᠦᠯᠡᠷᠦᠨ ᠄ 《 ᠲᠩᠷᠢ ᠶ᠋ᠢᠨ ᠰᠠᠯᠬᠢᠨ ᠲᠡᠭᠰᠢ ᠦᠭᠡᠢ ᠂  ᠲᠥᠷᠥᠭᠰᠡᠨ ᠪᠡᠶ᠎ᠡ ᠮᠥᠩᠬᠡ ᠦᠭᠡᠢ ᠂ ᠡᠵᠡᠨ ᠬᠠᠭᠠᠨ ᠪᠣᠯᠤᠭᠰᠠᠨ ᠴᠤ᠌ ᠦᠬᠦᠬᠦ ᠡᠴᠡ ᠬᠡᠯᠲᠦᠷᠢᠨ ᠦᠯᠦ ᠴᠢᠳᠠᠶᠤ ᠃ ᠪᠤᠷᠬᠠᠨ ᠪᠣᠳᠢᠰᠠᠳ᠋ᠸ᠎ᠠ ᠶ᠋ᠢᠨ ᠠᠶ᠋ᠢᠯᠠᠲᠤᠭᠰᠠᠨ ᠠᠨᠤ ᠮᠤᠩᠬᠠᠭ ᠂ ᠲᠠᠴᠢᠶᠠᠩᠭᠤᠢ ᠂ ᠤᠷᠢᠨ ᠬᠢᠯᠢᠩ ᠬᠡᠮᠡᠭᠴᠢ ᠠᠯᠢᠪᠠ ᠵᠣᠪᠠᠯᠠᠩ ᠤ᠋ᠨ ᠦᠨᠳᠦᠰᠦ ᠪᠣᠯᠠᠢ ᠃ ᠦᠬᠦᠯ ᠡᠴᠡ ᠵᠠᠶ᠋ᠢᠯᠠᠵᠤ ᠵᠣᠪᠠᠯᠠᠩ ᠠ᠋ᠴᠠ ᠭᠡᠲᠦᠯᠬᠦ ᠬᠡᠮᠡᠪᠡᠰᠦ ᠨᠢᠭᠤᠴᠠ ᠲᠠᠷᠨᠢ ᠶ᠋ᠢᠨ ᠬᠥᠯᠭᠡᠨ ᠦ᠌ ᠶᠤᠺᠠ ᠪᠢᠰᠢᠯᠭᠠᠯ ᠊ᠢ ᠦᠢᠯᠡᠳᠬᠦ  ᠬᠡᠷᠡᠭᠲᠡᠢ 》 ᠬᠡᠮᠡᠪᠡ ᠃ 
       ᠨᠢᠭᠤᠴᠠ ᠲᠠᠷᠨᠢ ᠶ᠋ᠢᠨ ᠬᠥᠯᠭᠡᠨ ᠦ᠌ ᠶᠤᠺᠠ ᠪᠢᠰᠢᠯᠭᠠᠯ ᠬᠡᠮᠡᠬᠦᠢ ᠢᠨᠤ ᠲᠠᠷᠨᠢ ᠶ᠋ᠢᠨ ᠂ ᠲᠠᠩᠭᠠᠷᠢᠭ ᠤ᠋ᠨ ᠂ ᠳᠦᠷᠰᠦ ᠶ᠋ᠢᠨ ᠪᠠ ᠪᠡᠯᠭᠡ ᠪᠢᠯᠢᠭ ᠦ᠋ᠨ ᠪᠢᠰᠢᠯᠭᠠᠯ ᠊ᠢ ᠳᠠᠮᠵᠢᠨ ᠳᠣᠣᠷᠠᠲᠤ ᠱᠠᠲᠤᠨ ᠠ᠋ᠴᠠ ᠳᠡᠭᠡᠳᠦ ᠱᠠᠲᠤᠨ ᠳ᠋ᠤ᠌ ᠠᠭᠠᠵᠢᠮ ᠢ᠋ᠶ᠋ᠠᠷ ᠣᠷᠣᠳᠠᠭ ᠪᠥᠭᠡᠳ ᠶᠤᠺᠠ ᠪᠢᠰᠢᠯᠭᠠᠯ ᠤ᠋ᠨ ᠳᠡᠭᠡᠳᠦ ᠱᠠᠲᠤᠨ ᠳ᠋ᠤ᠌ ᠡᠷᠡᠭᠲᠡᠢ ᠡᠮᠡᠭᠲᠡᠢ ᠬᠠᠮᠲᠤ ᠪᠢᠰᠢᠯᠭᠠᠬᠤ ᠠᠵᠤᠭᠤ ᠃ ᠡᠭᠦᠨ ᠊ᠢ ᠠᠷᠭ᠎ᠠ ᠪᠢᠯᠢᠭ ᠊ᠢ ᠬᠣᠣᠰᠯᠠᠭᠤᠯᠤᠨ ᠪᠢᠰᠢᠯᠭᠠᠬᠤ ᠬᠡᠮᠡᠮᠦᠢ ᠃ ᠡᠨᠡ ᠶᠣᠰᠣᠨ ᠳ᠋ᠤ᠌  ᠨᠡᠪᠲᠡᠷᠡᠭᠰᠡᠨ ᠪᠠᠭᠰᠢ ᠯᠠᠮᠠ ᠶ᠋ᠢᠨ ᠠᠶ᠋ᠢᠯᠠᠤᠠᠬᠠᠬᠤ ᠪᠠᠷ  ᠡᠷᠡᠭᠲᠡᠢ ᠶ᠋ᠢᠨ ᠪᠡᠯᠭᠡ ᠶ᠋ᠢᠨ ᠡᠷᠬᠡᠲᠡᠨ ᠢ᠋ᠶ᠋ᠡᠨ  ᠡᠮᠡᠭᠲᠡᠢ ᠶ᠋ᠢᠨ ᠤᠮᠠᠢ ᠳ᠋ᠤ᠌ ᠬᠠᠳᠬᠤᠨ ᠣᠷᠣᠭᠤᠯᠤᠭᠠᠳ ᠦᠷ᠎ᠡ ᠪᠡᠨ ᠡᠰᠡ ᠬᠠᠷᠪᠤᠬᠤ ᠪᠣᠯᠪᠠᠰᠤ < ᠬᠣᠲᠠᠯᠠ  ᠲᠡᠭᠦᠰᠦᠭᠰᠡᠨ > ᠂ < ᠲᠡᠭᠦᠰ ᠵᠢᠷᠭᠠᠯᠠᠩ ᠤ᠋ᠨ ᠪᠡᠶ᠎ᠡ > ᠶ᠋ᠢ ᠣᠯᠤᠶᠤ ᠬᠡᠮᠡᠮᠦᠢ ᠃ 
      ᠠᡁᠠᠮᠠ ᠶ᠋ᠢᠨ ᠳᠡᠭᠦᠦ ᠬᠦᠷᠭᠡᠨ ᠲᠤᠯᠭᠠᠲᠡᠮᠦᠷ ᠬᠠᠵᠠᠭᠤ ᠠ᠋ᠴᠠ ᠬᠣᠩᠰᠢᠶᠠᠷ ᠲᠥᠷᠥᠵᠦ ᠥᠭᠦᠯᠡᠷᠦᠨ ᠄ 《 ᠡᠨᠡ ‍ᠬᠦ ᠪᠢᠰᠢᠯᠭᠠᠯ ᠦᠢᠯᠡᠳᠬᠦ ᠠᠷᠭ᠎ᠠ ᠪᠣᠯᠪᠠᠰᠤ ᠥᠴᠦᠬᠡᠨ ᠲᠡᠳᠦᠢ ᠨᠢᠭᠤᠴᠠᠭᠠᠢ ᠪᠣᠯᠠᠢ ᠃ ᠲᠡᠭᠦᠨ ᠦ᠌ ᠴᠠᠭᠠᠳᠤᠬᠢ ᠬᠢᠵᠠᠭᠠᠯᠠᠰᠢ ᠦᠭᠡᠢ ᠵᠢᠷᠭᠠᠯ ᠡᠲᠯᠡᠬᠦ ᠢᠨᠤ ᠠᠷᠰᠢ ᠰᠠᠬᠢᠭᠤᠯᠰᠤᠨ ᠤ᠋ ᠣᠷᠣᠨ ᠳ᠋ᠤ᠌ ᠬᠦᠷᠦᠭᠰᠡᠨ ᠮᠡᠲᠦ ᠪᠥᠭᠡᠳ ᠪᠡᠶ᠎ᠡ ᠶ᠋ᠢ ᠲᠡᠵᠢᠭᠡᠨ ᠨᠠᠰᠤᠨ ᠊ᠢ ᠠᠷᠪᠢᠳᠬᠠᠵᠤ ᠂ ᠡᠭᠦᠷᠢᠳᠡ ᠵᠢᠷᠭᠠᠯ ᠊ᠢ ᠡᠲᠯᠡᠭᠦᠯᠦᠮᠦᠢ 》 ᠬᠡᠮᠡᠪᠡ ᠃ 
       ᠲᠣᠬᠤᠨᠲᠡᠮᠦᠷ ᠬᠠᠭᠠᠨ ᠠᠰᠠᠭᠤᠷᠤᠨ ᠄ 《 ᠠᠷᠭ᠎ᠠ ᠪᠢᠯᠢᠭ ᠊ᠢ ᠬᠣᠣᠰᠯᠠᠭᠤᠯᠤᠨ ᠪᠢᠰᠢᠯᠭᠠᠬᠤ ᠳ᠋ᠤ᠌ ᠪᠠᠰᠠ ᠥᠴᠦᠬᠡᠨ ᠪᠠ ᠦᠯᠡᠮᠵᠢ ᠶ᠋ᠢᠨ ᠢᠯᠭᠠᠭ᠎ᠠ ᠪᠣᠢ ‍ᠤᠤ ? 》
       ᠲᠤᠯᠭᠠᠲᠡᠮᠦᠷ ᠥᠴᠢᠷᠦᠨ ᠄ 《 ᠥᠴᠦᠬᠡᠨ ᠢᠨᠤ ᠡᠷᠡᠭᠲᠡᠢ ᠬᠥᠮᠦᠨ ᠭᠠᠭᠴᠠᠭᠠᠷ ᠪᠢᠰᠢᠯᠭᠠᠬᠤ ᠶ᠋ᠢ ᠵᠢᠭᠠᠮᠤᠢ ᠃ ᠡᠨᠡ ᠢᠨᠤ ᠲᠡᠳᠦᠢ ᠰᠣᠨᠢᠷᠬᠠᠯ ᠲᠠᠢ ᠪᠤᠰᠤ ᠂ ᠰᠣᠨᠢᠷᠬᠠᠯ ᠲᠠᠢ ᠠᠨᠤ  ᠡᠷᠡᠭᠲᠡᠢ ᠡᠮᠡᠭᠲᠡᠢ ᠬᠠᠮᠲᠤ ᠪᠠᠷ ᠬᠤᠷᠢᠴᠠᠬᠤᠢ ᠶ᠋ᠢᠨ ᠪᠢᠰᠢᠯᠭᠠᠯ ᠦᠢᠯᠡᠳᠪᠡᠰᠦ ᠪᠢᠯᠢᠭ ᠢ᠋ᠶ᠋ᠡᠷ ᠠᠷᠭ᠎ᠠ ᠶ᠋ᠢ ᠲᠡᠵᠢᠭᠡᠬᠦ ᠲᠤᠯᠠ ᠲᠡᠭᠦᠨ ᠊ᠢ  ᠥᠪᠡᠳᠡᠭᠰᠢ ᠦᠯᠡᠮᠵᠢ ᠵᠢᠷᠭᠠᠯ ᠬᠡᠮᠡᠮᠦ ᠃  
    ᠣᠪᠢᠳᠢᠰᠳᠦ ᠬᠤᠸᠠᠷᠠᠭ ᠢ᠋ᠶ᠋ᠠᠷ ᠲᠤᠯᠭᠠᠲᠡᠮᠦᠷ ᠦ᠋ᠨ ᠬᠡᠯᠡᠭᠰᠡᠨ ᠢ᠋ ᠨᠥᠬᠥᠪᠥᠷᠢᠯᠡᠬᠦ ᠪᠤᠶᠤ ᠴᠢᠬᠤᠯᠠᠴᠢᠯᠠᠭᠰᠠᠨ ᠮᠠᠶᠢᠭ ᠢ᠋ᠶ᠋ᠠᠷ ᠥᠭᠦᠯᠡᠷᠦᠨ ᠄ 《 ᠮᠢᠨᠦ ᠡᠨᠡ ᠪᠢᠰᠢᠯᠭᠠᠯ ᠤ᠋ᠨ ᠠᠷᠭ᠎ᠠ ᠪᠣᠯᠪᠠᠰᠤ ᠡᠩ ᠦ᠋ᠨ ᠥᠴᠦᠬᠡᠨ ᠪᠢᠰᠢᠯᠭᠠᠯ ᠤ᠋ᠨ ᠠᠷᠭ᠎ᠠ ᠪᠤᠰᠤ ᠂ ᠥᠪᠡᠳᠡᠭᠰᠢ ᠦᠯᠡᠮᠵᠢ ᠶ᠋ᠢᠨ ᠠᠷᠭ᠎ᠠ ᠪᠤᠶᠤ ᠃ ᠭᠠᠭᠴᠠ  ᠥᠪᠡᠳᠡᠭᠰᠢ ᠦᠯᠡᠮᠵᠢ ᠶ᠋ᠢᠨ ᠠᠷᠭ᠎ᠠ ᠪᠠᠷ ᠪᠢᠰᠢᠯᠭᠠᠯ ᠦᠢᠯᠡᠳᠪᠡᠰᠦ ᠰᠠᠶᠢ ᠬᠣᠲᠠᠯᠠ ᠲᠡᠭᠦᠰᠦᠭᠰᠡᠨ ᠲᠡᠭᠦᠰ ᠵᠢᠷᠭᠠᠯᠠᠩ ᠤ᠋ᠨ  ᠪᠡᠶ᠎ᠡ ᠶ᠋ᠢ ᠣᠯᠵᠤ ᠴᠢᠳᠠᠬᠤ ᠪᠥᠯᠥᠭᠡ ᠃ 》
      ᠲᠣᠬᠤᠨᠲᠡᠮᠦᠷ ᠬᠠᠭᠠᠨ ᠪᠠᠬᠠᠨ ᠪᠡᠷᠬᠡᠰᠢᠶᠡᠭᠰᠡᠨ ᠮᠠᠶᠢᠭ ᠲᠠᠢ ᠥᠭᠦᠯᠡᠷᠦᠨ  ᠄《 ᠡᠢᠮᠦ ᠪᠣᠯᠪᠠᠰᠤ ᠣᠷᠳᠣᠨ ᠤ᠋ ᠳᠣᠲᠣᠷᠠᠬᠢ ᠬᠠᠲᠤᠳ ᠲᠠᠲᠠᠪᠤᠷᠢ ᠪᠢᠰᠢᠯᠭᠠᠯ ᠦᠢᠯᠡᠳᠴᠦ ᠦᠯᠦ ᠪᠣᠯᠤᠮᠤᠢ ᠃ ᠮᠠᠨ ᠤ᠋ ᠮᠣᠩᠭᠣᠯ ᠤ᠋ᠨ ᠳᠡᠭᠡᠳᠦᠰ ᠦ᠋ᠨ ᠶᠣᠰᠣᠨ ᠴᠢᠩᠭ᠎ᠠ ᠬᠠᠲᠠᠭᠤ ᠪᠥᠯᠥᠭᠡ ᠃ ᠬᠡᠷᠬᠢᠪᠡᠰᠦ ᠵᠣᠬᠢᠮᠤᠢ ? 》
      ᠠᡁᠠᠮᠠ ᠥᠴᠢᠷᠦᠨ ᠄ 《 ᠬᠠᠭᠠᠨ ᠢ᠋ᠶ᠋ᠠᠷ ᠦᠨᠡᠬᠡᠷ ᠠᠷᠭ᠎ᠠ ᠪᠢᠯᠢᠭ ᠢ᠋ ᠬᠣᠣᠰᠯᠠᠭᠤᠯᠤᠭᠰᠠᠨ ᠪᠢᠰᠢᠯᠭᠠᠯ ᠢ᠋ ᠦᠢᠯᠡᠳᠬᠦ ᠶ᠋ᠢ ᠬᠦᠰᠡᠪᠡᠰᠦ ᠬᠠᠲᠤᠳ ᠲᠠᠲᠠᠪᠤᠷᠢ ᠶ᠋ᠢ ᠠᠯᠵᠢᠶᠠᠯᠭᠠᠬᠤ ᠶᠠᠭᠤᠨ ? ᠵᠠᠷᠯᠢᠭ ᠪᠠᠭᠤᠯᠭᠠᠵᠤ ᠡᠭᠡᠯ ᠠᠷᠠᠳ ᠤ᠋ᠨ ᠥᠬᠢᠳ ᠢ᠋ ᠰᠣᠩᠭᠣᠨ ᠡᠯᠰᠡᠵᠦ ᠣᠷᠳᠣᠨ ᠳ᠋ᠤᠷ ᠣᠷᠣᠭᠤᠯᠤᠨ ᠬᠠᠮᠲᠤ ᠪᠢᠰᠢᠯᠭᠠᠪᠠᠰᠤ ᠪᠠᠷᠠᠪᠠᠢ ᠊ᠶ᠎ᠠ 》 ᠬᠡᠮᠡᠪᠡ ᠃ 
     ᠠᡁᠠᠮᠠ ᠵᠢᠴᠢ ᠲᠣᠯᠭᠠᠲᠡᠮᠦᠷ ᠦ᠋ᠨ ᠨᠢᠯᠠᠭᠤᠨ ᠦᠭᠡ ᠪᠡᠷ ᠬᠣᠪᠰᠢᠭᠤᠷᠳᠠᠨ ᠥᠭᠦᠯᠡᠭᠰᠡᠨ ᠢ᠋ ᠰᠣᠨᠣᠰᠤᠭᠠᠳ ᠲᠣᠬᠤᠨᠲᠡᠮᠦᠷ ᠬᠠᠭᠠᠨ ᠤ᠋ ᠰᠡᠳᠬᠢᠯ ᠬᠥᠭᠰᠡᠵᠦ 《 ᠶᠠᠮᠠᠷ ᠴᠤ᠌ ᠪᠣᠯᠤᠭ ᠂ ᠭᠠᠭᠴᠠ ᠬᠦ᠌ ᠠᠮᠢ ᠨᠠᠰᠤᠨ ᠢ᠋ ᠤᠷᠲᠤᠳᠬᠠᠬᠤ ᠪᠣᠯᠪᠠᠰᠤ ᠪᠣᠯᠤᠮᠤᠢ ᠊ᠶ᠎ᠠ 》 ᠭᠡᠮᠡᠨ ᠰᠡᠳᠬᠢᠭᠡᠳ ᠣᠪᠢᠳᠢᠰᠳᠦ ᠬᠤᠸᠠᠷᠠᠭ ᠤ᠋ᠨ ᠥᠭᠦᠯᠡᠭᠰᠡᠨ ᠶᠣᠰᠣᠭᠠᠷ ᠠᠷᠭ᠎ᠠ ᠪᠢᠯᠢᠭ ᠢ᠋ ᠬᠣᠣᠰᠯᠠᠭᠤᠯᠤᠭᠰᠠᠨ ᠪᠢᠰᠢᠯᠭᠠᠯ ᠦᠢᠯᠡᠳᠴᠦ 《 ᠲᠡᠭᠦᠰ ᠵᠢᠷᠭᠠᠯᠠᠩ ᠤ᠋ᠨ ᠪᠡᠶ᠎ᠡ 》 ᠶ᠋ᠢ ᠣᠯᠬᠤ ᠪᠠᠷ ᠵᠣᠷᠢᠭ ᠰᠢᠭᠤᠳᠴᠤᠬᠤᠢ ᠃ 
      ᠲᠡᠨᠳᠡᠴᠡ ᠲᠣᠬᠤᠨᠲᠡᠮᠦᠷ ᠬᠠᠭᠠᠨ ᠢ᠋ᠶ᠋ᠠᠷ ᠵᠠᠰᠠᠭ ᠴᠡᠷᠢᠭ ᠦ᠋ᠨ ᠶᠡᠬᠡ ᠦᠢᠯᠡ ᠶ᠋ᠢ ᠰᠢᠳᠤᠷᠭᠤ ᠲᠦᠰᠢᠮᠡᠯ ᠲᠣᠭᠳᠤᠭ᠎ᠠ ᠳ᠋ᠤ᠌ ᠲᠤᠰᠢᠶᠠᠵᠤ ᠂ ᠬᠥᠪᠡᠭᠦᠨ ᠠᠶᠤᠰᠢᠷᠢᠳᠠᠷᠠ ᠶ᠋ᠢ ᠬᠣᠩ ᠲᠠᠢᠽᠢ ᠡᠷᠭᠦᠮᠵᠢᠯᠡᠨ ᠵᠦᠩᠱᠦ ᠯᠢᠩ ᠦ᠋ᠨ ᠲᠤᠰᠢᠶᠠᠯ ᠳ᠋ᠤ᠌ ᠲᠣᠮᠢᠯᠠᠪᠠ ᠃ ᠪᠠᠰᠠ ᠠᡁᠠᠮᠠ ᠶ᠋ᠢᠨ ᠦᠭᠡ ᠪᠡᠷ ᠵᠠᠷᠯᠢᠭ ᠪᠠᠭᠤᠯᠭᠠᠵᠤ ᠡᠭᠡᠯ ᠠᠷᠠᠳ ᠤ᠋ᠨ ᠥᠬᠢᠳ᠎ᠡᠴᠡ ᠭᠤᠴᠢᠨ ᠬᠥᠮᠦᠨ ᠰᠣᠩᠭᠣᠨ ᠣᠷᠳᠣᠨ ᠳ᠋ᠤ᠌ ᠣᠷᠣᠭᠤᠯᠵᠤ ᠨᠢᠭᠡ ᠯᠡ ᠰᠡᠳᠬᠢᠯ ᠢ᠋ᠶ᠋ᠡᠷ ᠠᠷᠭ᠎ᠠ ᠪᠢᠯᠢᠭ ᠢ᠋ ᠬᠣᠣᠰᠯᠠᠭᠤᠯᠤᠭᠰᠠᠨ ᠪᠢᠰᠢᠯᠭᠠᠯ ᠦᠢᠯᠡᠳᠴᠦ ᠡᠬᠢᠯᠡᠪᠡ ᠃ 
      ᠲᠣᠬᠤᠨᠲᠡᠮᠦᠷ ᠬᠠᠭᠠᠨ ᠢ᠋ᠶ᠋ᠠᠷ ᠤᠪᠠᠳᠢᠰᠲᠤ ᠬᠤᠸᠠᠷᠠᠭ ᠵᠢᠴᠢ ᠰᠢᠳᠠᠷ ᠲᠦᠰᠢᠮᠡᠯ ᠠᡁᠠᠮᠠ ᠂ ᠲᠤᠯᠭᠠᠲᠡᠮᠦᠷ ᠨᠠᠷ ᠲᠤ᠌ ᠬᠠᠮᠠᠷ ᠢ᠋ᠶ᠋ᠠᠨ ᠳᠥᠷᠥᠭᠡᠯᠡᠭᠦᠯᠵᠦ ᠠᠯᠲᠠᠨ ᠲᠥᠷᠥ ᠠᠮᠠᠷᠠᠭ ᠬᠠᠲᠤᠳ ᠢ᠋ᠶ᠋ᠠᠨ ᠪᠦᠬᠦᠨ ᠢ᠋ ᠣᠭᠣᠷᠴᠤ ᠂ ᠦᠪᠡᠳᠡᠭᠰᠢ ᠦᠯᠡᠮᠵᠢ ᠶ᠋ᠢᠨ ᠳᠡᠭᠡᠳᠦ ᠪᠢᠰᠢᠯᠭᠠᠯ ᠢ᠋ ᠦᠢᠯᠡᠳᠴᠦ ᠣᠷᠳᠣᠨ ᠤ᠋ ᠳᠣᠲᠣᠷ᠎ᠠ ᠭᠠᠳᠠᠨᠠᠬᠢ ᠬᠥᠮᠦᠰ ᠦ᠋ᠨ ᠬᠠᠷᠢᠶᠠᠯ ᠵᠦᠬᠡᠯ ᠢ᠋ ᠳᠡᠭᠳᠡᠭᠡᠪᠡ ᠃ ᠰᠤᠯᠠ ᠱᠠᠰᠲᠢᠷ ᠲᠤ᠌ ᠲᠡᠮᠳᠡᠭᠯᠡᠭᠰᠡᠨ ᠢ᠋ ᠦᠨᠳᠦᠰᠦᠯᠡᠪᠡᠰᠦ ᠂ ᠤᠪᠠᠳᠢᠰᠲᠤ ᠬᠤᠸᠠᠷᠠᠭ ᠰᠢᠳᠠᠷ ᠲᠦᠰᠢᠮᠡᠳ ᠦ᠋ᠨ ᠴᠢᠩᠭ᠎ᠠ ᠢᠳᠬᠠᠯ᠎ ᠡᠴᠡ ᠠᠶᠤᠭᠠᠳ ᠣᠷᠳᠣᠨ᠎ ᠡᠴᠡ ᠵᠠᠢᠲᠠᠢ ᠪᠣᠢᠳᠠ ᠭᠠᠵᠠᠷ ᠲᠤ᠌ ᠬᠡᠳᠦᠨ ᠠᠷᠪᠠᠨ ᠲᠠᠰᠤᠯᠭ᠎ᠠ ᠲᠠᠭᠲᠠᠭ᠎ᠠ ᠲᠡᠵᠢᠭᠡᠬᠦ ᠪᠠᠢᠰᠢᠩ ᠪᠠᠢᠭᠤᠯᠵᠤ ᠂ ᠡᠳᠦᠷ ᠪᠦᠷᠢ ᠨᠦᠬᠡᠨ ᠵᠠᠮ ᠢ᠋ᠶ᠋ᠠᠷ ᠲᠡᠨᠳᠡ ᠬᠦᠷᠴᠦ ᠪᠢᠰᠢᠯᠭᠠᠯ ᠦᠢᠯᠡᠳᠳᠡᠭ ᠭᠡᠨ᠎ᠡ ᠃ ᠡᠭᠦᠨ ᠢ᠋ᠶ᠋ᠡᠨ 《 ᠵᠡᠳᠬᠡᠷ ᠦᠭᠡᠢ ᠵᠠᠮ 》 ᠬᠡᠮᠡᠵᠦᠬᠦᠢ ᠃ 
      ᠥᠭᠦᠯᠡᠬᠦ ᠢᠨᠦ ᠂ ᠤᠯᠠᠭᠠᠨ ᠠᠯᠴᠢᠭᠤᠷᠲᠠᠨ ᠤ᠋ ᠪᠣᠰᠤᠯᠭ᠎ᠠ ᠶ᠋ᠢᠨ ᠲᠦᠷᠦᠭᠦᠦ ᠯᠢᠦ ᠹᠦ ᠲᠦᠩ ᠂ ᠲᠣᠭᠳᠤᠭ᠎ᠠ ᠴᠢᠩᠰᠠᠩ ᠤ᠋ᠨ ᠴᠡᠷᠢᠭ ᠦ᠋ᠨ ᠬᠦᠨᠳᠦ ᠴᠣᠬᠢᠯᠲᠠ ᠳᠣᠣᠷ᠎ᠠ ᠨᠢᠷᠭᠡᠯᠲᠡ ᠶ᠋ᠢᠨ ᠴᠢᠨᠠᠷ ᠲᠠᠢ ᠬᠣᠬᠢᠷᠠᠯ ᠠᠮᠰᠠᠭᠰᠠᠨ ᠪᠣᠯᠪᠠᠴᠤ ᠬᠡᠳᠦᠨ ᠵᠢᠯ ᠦ᠋ᠨ ᠰᠢᠷᠭᠠᠭᠤ ᠬᠠᠲᠠᠭᠤᠵᠢᠯᠲᠠᠢ ᠲᠡᠮᠡᠴᠡᠯ ᠢ᠋ ᠳᠠᠮᠵᠢᠭᠠᠳ ᠾᠧᠨᠠᠨ ᠂ ᠠᠨᡁᠥ᠋ᠢ ᠶ᠋ᠢᠨ ᠨᠡᠯᠢᠶᠡᠳ ᠭᠠᠵᠠᠷ ᠲᠤ᠌ ᠳᠠᠬᠢᠨ ᠮᠠᠨᠳᠤᠨ ᠪᠣᠰᠴᠤ ᠬᠡᠳᠦᠨ ᠲᠦᠮᠡᠨ ᠬᠥᠮᠦᠨ ᠲᠡᠢ ᠪᠣᠯᠵᠤ ᠂ ᠿᠦ᠍ ᠨᠢᠩ ᠂ ᠶᠢᠩᠵᠧᠦ ᠶ᠋ᠢ ᠡᠵᠡᠯᠡᠵᠦ ᠂ ᠬᠠᠨ ᠱᠠᠨ ᠲᠦᠩ ᠦ᠋ᠨ ᠬᠥᠪᠡᠭᠦᠨ ᠬᠠᠨ ᠯᠢᠨ ᠡᠯ ᠢ᠋ ᠲᠣᠰᠴᠤ ᠠᠪᠴᠢᠷᠠᠭᠠᠳ ᠬᠠᠭᠠᠨ ᠡᠷᠭᠦᠮᠵᠢᠯᠡᠨ ᠪᠦᠸᠸᠵᠸᠦ ᠳ᠋ᠦ᠍ ᠨᠡᠢᠰᠯᠡᠵᠦ 《 ᠶᠡᠬᠡ ᠰᠥᠩ ᠤᠯᠤᠰ 》 ᠢ᠋ ᠪᠠᠢᠭᠤᠯᠪᠠ ᠃ ᠰᠢᠦᠢ ᠱᠸᠦ ᠾᠦᠢ 《 ᠲᠢᠶᠠᠨ ᠸᠠᠨ 》 ᠬᠡᠮᠡᠬᠦ ᠤᠯᠤᠰ ᠪᠠᠢᠭᠤᠯᠵᠤ ᠵᠢᠶᠠᠩ ᠬᠤᠸᠠᠢ ᠶ᠋ᠢᠨ ᠭᠠᠵᠠᠷ ᠲᠤ᠌ ᠬᠥᠳᠡᠯᠭᠡᠭᠡᠨ ᠬᠢᠵᠦ ᠂ ᠭᠦᠸᠧ ᠽᠢ ᠰᠢᠩ ᠪᠠᠰᠠ ᠪᠣᠰᠤᠯᠭ᠎ᠠ ᠭᠠᠷᠭᠠᠵᠤ ᠬᠣᠣᠵᠸᠦ ᠶ᠋ᠢ ᠡᠵᠡᠯᠡᠪᠡ ᠃ ᠵᠠᠩ ᠱᠢ ᠴᠧᠩ ᠳᠠᠪᠤᠰᠤᠴᠢᠳ ᠢ᠋ ᠳᠠᠢᠴᠢᠯᠠᠨ ᠪᠣᠰᠤᠯᠭ᠎ᠠ ᠭᠠᠷᠭᠠᠵᠤ ᠭᠣᠣᠶᠢᠦ ᠶ᠋ᠢ ᠡᠵᠡᠯᠡᠨ 《 ᠶᠡᠬᠡ ᠵᠧᠦ 》 ᠤᠯᠤᠰ ᠢ᠋ ᠪᠠᠢᠭᠤᠯᠪᠠ ᠃ ᠡᠢᠨ ᠬᠦ᠌ ᠵᠦᠩᠶᠤᠸᠠᠨ ᠣᠷᠣᠨ ᠳᠠᠬᠢᠭᠠᠳ ᠰᠠᠮᠠᠭᠤᠷᠠᠯ ᠤ᠋ᠨ ᠪᠠᠢᠳᠠᠯ ᠳ᠋ᠤ᠌ ᠣᠷᠣᠪᠠ ᠃  
       ᠲᠡᠳᠦᠢ ᠳ᠋ᠦ᠍ᠷ ᠲᠣᠭᠳᠤᠭ᠎ᠠ ᠴᠢᠩᠰᠠᠩ ᠢ᠋ᠶ᠋ᠠᠷ ᠬᠠᠭᠠᠨ ᠤ᠋ ᠬᠦᠨᠳᠦ ᠨᠠᠢᠳᠠᠯᠭ᠎ᠠ ᠶ᠋ᠢ ᠬᠦᠯᠢᠶᠡᠵᠦ ᠂ ᠡᠳᠦᠷ ᠰᠥᠨᠢ ᠶ᠋ᠢᠨ ᠬᠣᠭᠣᠷᠣᠨᠳᠣ ᠵᠠᠰᠠᠭ ᠲᠥᠷᠥ ᠶ᠋ᠢᠨ ᠬᠡᠷᠡᠭ ᠲᠦ᠍ ᠶᠠᠭᠠᠷᠠᠵᠤ ᠂ ᠲᠠᠷᠢᠶᠠᠯᠠᠩ ᠢᠯᠠᠮ᠎ᠠ ᠶ᠋ᠢᠨ ᠦᠢᠯᠡᠰ ᠢ᠋ ᠬᠥᠭᠵᠢᠭᠦᠯᠦᠨ ᠢᠳᠡᠬᠦ ᠡᠮᠦᠰᠬᠦ ᠠᠰᠠᠭᠤᠳᠠᠯ ᠢ᠋ ᠰᠢᠢᠳᠪᠦᠷᠢᠯᠡᠵᠦ ᠂ ᠡᠯ᠎ᠡ ᠭᠠᠵᠠᠷ ᠢ᠋ᠶ᠋ᠠᠷ ᠲᠣᠭᠣᠷᠢᠨ ᠪᠠᠢᠴᠠᠭᠠᠵᠤ ᠂ ᠣᠷᠣᠨ ᠨᠤᠲᠤᠭ ᠤ᠋ᠨ ᠨᠣᠶᠠᠳ ᠢ᠋ ᠬᠢᠨᠠᠨ ᠱᠢᠯᠭᠠᠵᠦ ᠂ ᠠᠷᠠᠳ ᠣᠯᠠᠨ ᠤ᠋ ᠠᠮᠢᠳᠤᠷᠠᠯ ᠰᠠᠢᠢ᠍ᠵᠢᠷᠠᠭᠰᠠᠨ ᠡᠰᠡᠬᠦ ᠂ ᠡᠷᠦᠬᠡ ᠠᠮᠠᠨ ᠲᠣᠭ᠎ᠠ ᠨᠡᠮᠡᠭᠳᠡᠭᠰᠡᠨ ᠡᠰᠡᠬᠦ ᠂ ᠲᠠᠷᠢᠶᠠᠨ ᠭᠠᠵᠠᠷ ᠨᠡᠮᠡᠭᠳᠡᠭᠰᠡᠨ ᠡᠰᠡᠬᠦ ᠂ ᠭᠠᠢᠯᠢ ᠲᠦᠷᠢᠶᠡᠰᠦ ᠶ᠋ᠢ ᠬᠥᠩᠭᠡᠯᠡᠭᠰᠡᠨ ᠡᠰᠡᠬᠦ ᠵᠡᠷᠭᠡ ᠪᠡᠷ ᠵᠡᠷᠭᠡ ᠲᠤᠱᠢᠶᠠᠯ ᠢ᠋ ᠨᠡᠮᠡᠵᠦ ᠪᠠᠭᠤᠷᠠᠭᠤᠯᠬᠤ ᠪᠠ ᠱᠠᠩᠨᠠᠵᠤ ᠲᠤᠷᠠᠭᠠᠠᠤ ᠪᠠᠷᠢᠮᠵᠢᠶ᠎ᠠ ᠪᠣᠯᠭᠠᠨ ᠂ ᠡᠯ᠎ᠡ ᠱᠠᠲᠤᠨ ᠤ᠋ ᠨᠣᠶᠠᠳ ᠤ᠋ᠨ ᠠᠵᠢᠯ ᠤ᠋ᠨ ᠪᠠᠢᠳᠠᠯ ᠢ᠋ ᠱᠢᠯᠭᠠᠨ ᠲᠣᠭᠲᠠᠭᠠᠵᠤ ᠥᠴᠦᠬᠡᠨ ᠴᠦ᠍ ᠵᠠᠪ ᠴᠢᠯᠥᠭᠡ ᠦᠭᠡᠢ ᠪᠠᠢᠪᠠ ᠃ ᠡᠳᠦᠭᠡ ᠬᠠᠷᠠᠬᠠᠨ ᠤᠯᠠᠭᠠᠨ ᠠᠯᠴᠢᠭᠤᠷᠳᠠᠨ ᠤ᠋ ᠪᠣᠰᠤᠯᠭ᠎ᠠ ᠶ᠋ᠢᠨ ᠴᠡᠷᠢᠭ ᠾᠧᠨᠠᠨ ᠂ ᠠᠨᡁᠥ᠋ᠢ ᠂ ᠵᠢᠶᠠᠩ ᠵᠧ  ᠶᠢᠨ ᠭᠠᠵᠠᠷ ᠲᠤ᠌ ᠳᠠᠬᠢᠨ ᠪᠣᠰᠴᠤ ᠲᠡᠪᠡᠭᠡᠷᠡᠭᠡᠳ ᡂᠢ ᠵᠧᠦ ᠂ ᠲᠠᠢᠫᠢᠩ ᠤ᠋ᠨ ᠣᠯᠠᠨ ᠬᠣᠲᠠ ᠶ᠋ᠢ ᠡᠪᠳᠡᠵᠦ ᠂ ᠱᠢᠶᠠᠨ ᠤ᠋ ᠨᠣᠶᠠᠳ ᠢ᠋ ᠠᠯᠠᠵᠤ ᠪᠠᠶᠠᠨ ᠡᠷᠦᠬᠡ ᠶ᠋ᠢ ᠲᠣᠨᠣᠵᠤ ᠂ ᠡᠳᠦᠷ ᠪᠦᠷᠢ ᠬᠤᠯᠠᠭᠠᠢ ᠳᠡᠭᠡᠷᠡᠮ ᠦ᠋ᠨ ᠪᠠᠴᠢᠮ ᠮᠡᠳᠡᠭᠡ ᠴᠠᠰᠤᠨ ᠯᠠᠪᠰᠠ ᠮᠡᠲᠦ ᠨᠢᠰᠦᠨ ᠢᠷᠡᠵᠦ ᠂ ᠲᠣᠭᠳᠤᠭ᠎ᠠ ᠶ᠋ᠢᠨ ᠲᠠᠪᠤᠨ ᠴᠤᠯᠤ ᠭᠠᠯ ᠨᠣᠴᠣᠬᠤ ᠮᠡᠲᠦ ᠪᠠᠢᠵᠤᠬᠤᠢ ᠃ 
      ᠨᠢᠭᠡᠨ ᠡᠳᠦᠷ ᠿᠦ᠍ ᠵᠦᠩ ᠪᠠᠢ ᠪᠠᠷ ᠲᠣᠭᠳᠤᠭ᠎ᠠ ᠳ᠋ᠤᠷ ᠥᠭᠦᠯᠡᠷᠦᠨ ᠄ 《 ᠴᠢᠩᠰᠠᠩ ᠲᠠ ᠪᠠᠷ ᠵᠠᠰᠠᠭ ᠲᠥᠷᠥ ᠶ᠋ᠢᠨ ᠲᠥᠯᠥᠭᠡ ᠤᠭᠤᠷᠠᠭ ᠲᠠᠷᠢᠬᠢ ᠪᠠᠨ ᠱᠢᠪᠬᠠᠨ ᠡᠳᠦᠷᠵᠢᠨ ᠰᠥᠨᠢᠵᠢᠨ ᠵᠣᠪᠠᠵᠤ ᠵᠦᠳᠡᠵᠦ ᠪᠠᠢᠬᠤ ᠳ᠋ᠤ᠌ ᠡᠵᠡᠨ ᠬᠠᠭᠠᠨ ᠢ᠋ᠶ᠋ᠠᠷ ᠪᠠᠷᠠᠭᠤᠨ ᠣᠷᠣᠨ ᠤ᠋ ᠤᠪᠠᠳᠢᠰᠲᠤ  ᠬᠤᠸᠠᠷᠠᠭ ᠠᠴᠠ ᠠᠷᠭ᠎ᠠ ᠪᠢᠯᠢᠭ ᠢ᠋ ᠬᠣᠣᠰᠯᠠᠭᠤᠯᠤᠨ ᠪᠢᠱᠢᠯᠭᠠᠬᠤ ᠵᠢᠭᠱᠢᠭᠦᠷᠢᠳᠦ ᠬᠡᠷᠡᠭ ᠢ᠋ ᠦᠢᠯᠡᠳᠴᠦ ᠳᠡᠭᠡᠷ᠎ᠡ ᠳᠣᠣᠷᠠᠬᠢᠨ ᠤ᠋ ᠵᠢᠮᠡᠯᠡᠯ ᠪᠤᠷᠤᠭᠤᠱᠢᠶᠠᠯ ᠢ᠋ ᠣᠯᠵᠤ ᠪᠣᠢ ᠃ ᠴᠢᠩᠰᠠᠩ ᠢ᠋ᠶ᠋ᠠᠷ ᠬᠠᠭᠠᠨ ᠢ᠋ ᠢᠳᠬᠠᠬᠤ ᠪᠣᠯᠪᠠᠤ 》 ᠬᠡᠮᠡᠪᠡ ᠃ 
      ᠲᠣᠭᠳᠤᠭ᠎ᠠ ᠤᠷᠢᠳᠤ ᠪᠠᠰᠠ ᠡᠨᠡ ᠲᠤᠬᠠᠢ ᠵᠢᠲᠡᠪ ᠵᠠᠳᠠᠪ ᠰᠣᠨᠣᠰᠤᠭᠰᠠᠨ ᠪᠣᠯᠪᠠᠴᠤ ᠣᠷᠳᠣᠨ ᠤ᠋ ᠳᠣᠲᠣᠷᠠᠬᠢ ᠬᠡᠷᠡᠭ ᠢ᠋ ᠠᡁᠠᠮᠠ ᠳ᠋ᠤ᠌ ᠢᠳᠡᠭᠡᠨ ᠲᠤᠱᠢᠶᠠᠭᠰᠠᠨ ᠪᠣᠯᠬᠣᠷ ᠰᠡᠳᠬᠢᠯ ᠠᠮᠤᠷ ᠪᠠᠢᠪᠠ ᠃ 
      ᠲᠣᠭᠳᠤᠭ᠎ᠠ ᠥᠭᠦᠯᠡᠷᠦᠨ ᠄ 《 ᠣᠷᠳᠣᠨ ᠤ᠋ ᠳᠣᠲᠣᠷᠠᠬᠢ ᠬᠡᠷᠡᠭ ᠢ᠋ ᠠᡁᠠᠮᠠ ᠳ᠋ᠤ᠌ ᠨᠠᠢᠳᠠᠭᠰᠠᠨ ᠪᠣᠯᠠᠢ ᠃ ᠲᠡᠷᠡ ᠶᠠᠭᠤᠨ ᠳ᠋ᠤ᠌ ᠡᠵᠡᠨ ᠢ᠋ ᠢᠳᠬᠠᠬᠤ ᠦᠭᠡᠢ ᠪᠣᠢ ᠢ᠋᠎ᠠ 》
      ᠿᠦ᠍ ᠵᠦᠩ ᠪᠠᠢ ᠥᠴᠢᠷᠦᠨ ᠄ 《 ᠠᡁᠠᠮᠠ ᠪᠠᠷ ᠣᠪᠢᠳᠠᠰᠳᠤ ᠬᠤᠸᠠᠷᠠᠭ ᠯᠤᠭ᠎ᠠ ᠢᠨᠠᠭᠯᠠᠵᠤ ᠬᠠᠭᠠᠨ ᠳ᠋ᠤ᠌ ᠤᠳᠤᠷᠢᠳᠤᠨ ᠲᠠᠨᠢᠯᠴᠠᠭᠤᠯᠤᠭᠰᠠᠨ ᠠᠵᠤᠭᠤ ᠃ 》
      ᠲᠣᠭᠳᠤᠭ᠎ᠠ ᠰᠣᠨᠣᠰᠤᠭᠠᠳ ᠶᠡᠬᠡᠳᠡ ᠬᠢᠷᠳ᠋ᠬᠢᠨ ᠥᠭᠦᠯᠡᠷᠦᠨ ᠄ 《 ᠠᡁᠠᠮᠠ ᠶ᠋ᠢ ᠪᠢ ᠡᠷᠭᠦᠨ ᠪᠠᠲᠤᠯᠠᠵᠤ ᠳᠣᠲᠣᠭᠠᠳᠤ ᠣᠷᠳᠣᠨ ᠤ᠋ ᠬᠡᠷᠡᠭ ᠢ᠋ ᠬᠠᠮᠢᠶᠠᠷᠤᠭᠤᠯᠤᠭᠰᠠᠨ ᠪᠥᠯᠥᠭᠡ ᠃ ᠲᠡᠷᠡ ᠶᠠᠭᠤᠨ ᠳ᠋ᠤ᠌ ᠡᠢᠮᠦ ᠣᠯᠢᠭ ᠦᠭᠡᠢ ᠬᠡᠷᠡᠭ ᠢ᠋ ᠦᠢᠯᠡᠳᠦᠮᠦᠢ ? ᠪᠢ ᠣᠳᠣ ᠪᠠᠷ ᠬᠦᠷᠴᠦ ᠬᠠᠭᠠᠨ ᠢ᠋ ᠢᠳᠬᠠᠰᠤᠭᠠᠢ 》 ᠬᠡᠮᠡᠭᠡᠳ ᠬᠠᠭᠠᠨ ᠤ᠋ ᠣᠷᠳᠣᠨ ᠢ᠋ ᠴᠢᠭᠯᠡᠨ ᠣᠳᠪᠠ ᠃
      ᠲᠣᠭᠳᠤᠭ᠎ᠠ ᠂ ᠬᠠᠭᠠᠨ ᠤ᠋ ᠣᠷᠳᠣᠨ ᠤ᠋ ᠬᠠᠭᠠᠯᠭ᠎ᠠ ᠶ᠋ᠢᠨ ᠡᠮᠦᠨ᠎ᠡ ᠬᠦᠷᠴᠦ ᠶᠡᠬᠡ ᠠᠯᠬᠤᠮ ᠢ᠋ᠶ᠋ᠠᠷ ᠳᠤᠳᠤᠭᠱᠢ ᠣᠷᠣᠭᠰᠠᠨ ᠳ᠋ᠤ᠌ ᠬᠠᠭᠠᠯᠭᠠᠴᠢ ᠨᠣᠶᠠᠨ ᠭᠡᠨᠡᠳᠲᠡ ᠲᠣᠰᠴᠤ ᠠᠪᠤᠭᠠᠳ ᠳᠤᠳᠤᠭᠱᠢ ᠣᠷᠣᠬᠤ ᠶ᠋ᠢ ᠬᠣᠷᠢᠭᠯᠠᠪᠠ ᠃ ᠲᠣᠭᠳᠤᠭ᠎ᠠ ᠥᠨᠳᠥᠷ ᠳᠠᠭᠤᠨ ᠢ᠋ᠶ᠋ᠠᠷ ᠪᠠᠷᠬᠢᠷᠠᠨ ᠥᠭᠦᠯᠡᠷᠦᠨ ᠄ 《 ᠪᠢ ᠴᠢᠬᠤᠯᠠ ᠬᠡᠷᠡᠭ ᠢ᠋ ᠬᠠᠭᠠᠨ ᠳ᠋ᠤᠷ ᠠᠢᠯᠠᠳᠬᠠᠮᠤᠢ 》 ᠬᠡᠮᠡᠭᠰᠡᠨ᠎ᠡ ᠄ 
      ᠬᠠᠭᠠᠯᠭᠠᠴᠢ ᠨᠣᠶᠠᠨ ᠥᠴᠢᠷᠦᠨ ᠄ 《 ᠡᠵᠡᠨ ᠦ᠌ ᠵᠠᠷᠯᠢᠭ ᠂ ᠭᠠᠳᠠᠨ᠎ᠠ ᠶ᠋ᠢᠨ ᠬᠥᠮᠦᠨ ᠢ᠋ ᠣᠷᠣᠭᠤᠯᠵᠤ ᠦᠯᠦ ᠪᠣᠯᠤᠮᠤᠢ ᠬᠡᠮᠡᠭᠰᠡᠨ ᠪᠥᠯᠥᠭᠡ 》 ᠬᠡᠮᠡᠪᠡᠢ ᠃ 
      ᠲᠣᠭᠳᠤᠭ᠎ᠠ ᠥᠭᠦᠯᠡᠷᠦᠨ ᠄ 《 ᠪᠢ ᠭᠠᠳᠠᠨᠠᠬᠢ ᠬᠥᠮᠦᠨ ᠪᠤᠰᠤ ᠂ ᠶᠠᠭᠠᠬᠢᠭᠠᠳ ᠳᠤᠳᠤᠭᠱᠢ ᠣᠷᠣᠵᠤ ᠦᠯᠦ ᠪᠣᠯᠤᠮᠤᠢ ? 》 ᠬᠡᠮᠡᠭᠡᠳ ᠬᠠᠭᠠᠯᠭᠠᠴᠢ ᠨᠣᠶᠠᠨ ᠢ᠋ ᠨᠢᠭᠡ ᠲᠠᠢᠰᠢ ᠲᠦᠯᠬᠢᠵᠦ ᠱᠢᠭᠤᠳ ᠳᠣᠲᠣᠷ᠎ᠠ ᠣᠷᠳᠣᠨ ᠳ᠋ᠤ᠌ ᠳᠠᠭᠠᠷᠢᠨ ᠣᠷᠣᠪᠠ ᠃ ᠡᠨᠡ ᠦᠶ᠎ᠡ ᠳ᠋ᠦ᠍ ᠲᠣᠬᠤᠨᠲᠡᠮᠦᠷ ᠬᠠᠭᠠᠨ ᠶᠠᠭ ᠰᠠᠢᠬᠠᠨ ᠨᠢᠭᠤᠴᠠ ᠥᠷᠥᠭᠡᠨ ᠳ᠋ᠦ᠍ᠷ ᠡᠷ᠎ᠡ ᠡᠮ᠎ᠡ ᠬᠠᠮᠲᠤ ᠪᠠᠷ ᠬᠢᠢ ᠸᠴᠢᠷᠳᠤ ᠪᠢᠱᠢᠯᠭᠠᠯ ᠦᠢᠯᠡᠳᠴᠦ ᠪᠠᠢᠵᠤᠬᠤᠢ ᠃ ᠲᠣᠯᠭᠠᠲᠡᠮᠦᠷ ᠨᠢᠭᠤᠴᠠ ᠥᠷᠥᠭᠡᠨ ᠳ᠋ᠦ᠍ ᠣᠷᠣᠵᠤ ᠢᠷᠡᠭᠡᠳ ᠄ 《 ᠮᠠᠭᠤ ᠪᠣᠯᠤᠯ᠎ᠠ ᠂ ᠴᠢᠩᠰᠠᠩ ᠲᠣᠭᠳᠤᠭ᠎ᠠ ᠡᠭᠦᠳᠡ ᠡᠪᠳᠡᠨ ᠣᠷᠣᠵᠤ ᠢᠷᠡᠪᠡ 》 ᠬᠡᠮᠡᠬᠦᠢ ᠳ᠋ᠦ᠍ᠷ ᠲᠣᠬᠤᠨᠲᠡᠮᠦᠷ ᠬᠠᠭᠠᠨ ᠶᠡᠬᠡᠳᠡ ᠰᠣᠴᠢᠵᠤ ᠄ 《 ᠬᠠᠭᠠᠯᠭᠠᠴᠢ ᠬᠠᠮᠢᠭ᠎ᠠ ᠪᠣᠢ ? ᠶᠠᠭᠤᠨ ᠳ᠋ᠤ᠌ ᠦᠯᠦ ᠬᠣᠷᠢᠭᠯᠠᠮᠤᠢ ?  》 ᠬᠡᠮᠡᠭᠰᠡᠨ᠎ᠡ ᠂  ᠲᠤᠯᠭᠠᠲᠡᠮᠦᠷ ᠥᠴᠢᠷᠦᠨ ᠄ 《 ᠲᠥᠷᠥ ᠶ᠋ᠢᠨ ᠲᠡᠷᠢᠭᠦᠨ ᠰᠠᠶ᠋ᠢᠳ ᠂ ᠲᠦᠮᠡᠨ ᠬᠥᠮᠦᠨ ᠦ᠌ ᠳᠡᠭᠡᠷ᠎ᠡ ᠨᠢᠭᠡ ᠬᠥᠮᠦᠨ ᠦ᠌ ᠳᠣᠣᠷᠠᠬᠢ ᠬᠡᠮᠵᠢᠶ᠎ᠡ ᠦᠭᠡᠢ ᠡᠷᠬᠡ ᠲᠡᠢ ᠬᠥᠮᠦᠨ ᠊ᠢ ᠬᠡᠨ ᠠᠶᠤᠮᠰᠢᠭ ᠦᠭᠡᠢ ᠬᠣᠷᠢᠭᠯᠠᠮᠤᠢ ᠃  》
      ᠲᠣᠬᠣᠨᠲᠡᠮᠦᠷ ᠬᠠᠭᠠᠨ ᠥᠭᠦᠯᠡᠷᠦᠨ ᠄ 《 ᠪᠣᠯᠵᠠᠢ ! ᠪᠣᠯᠵᠠᠢ !   ᠪᠢ ᠣᠳᠣ ᠪᠠᠷ ᠭᠠᠷᠴᠤ ᠠᠭᠤᠯᠵᠠᠶ᠎ᠠ ᠃ ᠴᠢ ᠤᠷᠢᠳᠠ ᠪᠠᠷ ᠭᠠᠷᠤᠭᠠᠳ ᠲᠡᠭᠦᠨ ᠊ᠢ ᠬᠦᠯᠢᠶᠡᠯᠭᠡᠵᠦ ᠪᠠᠢ ! 》 ᠬᠡᠮᠡᠭᠡᠳ ᠬᠤᠪᠴᠠᠰᠤ ᠬᠤᠨᠠᠷ ᠊ᠢ ᠵᠠᠰᠠᠵᠤ ᠡᠮᠦᠰᠦᠭᠡᠳ ᠠᠯᠭᠤᠷ ᠠᠭᠠᠵᠢᠮ ᠢ᠋ᠶ᠋ᠠᠷ ᠭᠠᠷᠴᠤ ᠢᠷᠡᠪᠡ ᠃ ᠲᠣᠭᠲᠤᠬ᠋᠎ᠠ ᠬᠣᠶᠠᠷ ᠨᠢᠳᠦ ᠶ᠋ᠢ ᠡᠭᠴᠡ ᠰᠢᠷᠳᠡᠨ  ᠬᠢᠯᠢᠩᠨᠡᠭᠰᠡᠨ ᠬᠠᠷᠠᠴᠠ ᠪᠠᠷ ᠲᠤᠯᠭᠠᠲᠡᠮᠦᠷ ᠊ᠢ ᠰᠢᠷᠪᠢᠨ ᠬᠠᠷᠠᠬᠤᠢ ᠳ᠋ᠤᠷ ᠲᠤᠯᠭᠠᠲᠡᠮᠦᠷ ᠠᠶᠤᠨ ᠳᠠᠭᠵᠢᠵᠤ ᠣᠷᠣᠬᠤ ᠭᠠᠵᠠᠷ ᠣᠯᠬᠤ ᠦᠭᠡᠢ ᠪᠣᠯᠪᠠ ᠃ 
      ᠲᠣᠬᠣᠨᠲᠡᠮᠦᠷ ᠬᠠᠭᠠᠨ ᠠᠰᠠᠭᠤᠷᠤᠨ ᠄ 《 ᠴᠢᠩᠰᠠᠩ ᠶᠠᠮᠠᠷ ᠴᠢᠬᠤᠯᠠ ᠤᠴᠢᠷ ᠢ᠋ᠶ᠋ᠠᠷ ᠢᠷᠡᠪᠡ ?  》 
      ᠲᠣᠭᠲᠤᠬ᠋᠎ᠠ ᠠᠭᠤᠷ ᠬᠢᠯᠢᠩ ᠊ᠢ ᠳᠠᠷᠤᠵᠤ ᠤᠷᠤᠭᠰᠢ  ᠳᠠᠪᠰᠢᠨ ᠰᠥᠬᠥᠷᠡᠵᠦ ᠠᠮᠤᠷ ᠠᠰᠠᠭᠤᠨ ᠠᠶ᠋ᠢᠯᠠᠤᠠᠬᠠᠷᠤᠨ ᠄ 《 ᠡᠵᠡᠨ ᠮᠢᠨᠦ ᠵᠠᠷᠯᠢᠭ ᠪᠠᠭᠤᠯᠭᠠᠵᠤ  ᠠᠾᠠᠮᠠ ᠠᠬ᠎ᠠ ᠳᠡᠭᠦᠦ ᠬᠣᠶᠠᠷ ᠤ᠋ᠨ ᠲᠤᠰᠢᠶᠠᠯ ᠊ᠢ  ᠣᠭᠴᠣᠷᠠᠭᠤᠯᠵᠤ ᠂ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠪᠣᠯᠤᠨ ᠲᠤᠯᠭᠠᠲᠡᠮᠦᠷ ᠲᠠᠨ ᠊ᠢ ᠬᠥᠭᠡᠭᠡᠵᠦ ᠶᠠᠪᠤᠭᠤᠯᠬᠤ ᠪᠣᠯᠪᠠ  ᠊ᠶ᠎ᠡ ?  》
      ᠲᠣᠬᠣᠨᠲᠡᠮᠦᠷ ᠬᠠᠭᠠᠨ ᠥᠴᠢᠷᠦᠨ ᠄ 《 ᠠᡁᠠᠮᠠ ᠨᠠᠷ ᠲᠤ᠌ ᠶᠠᠯ᠎ᠠ ᠦᠭᠡᠢ ᠪᠠᠶ᠋ᠢᠲᠠᠯ᠎ᠠ ᠶᠠᠭᠤᠨ ᠳ᠋ᠤ᠌ ᠬᠥᠭᠡᠭᠡᠵᠦ ᠶᠠᠪᠤᠭᠤᠯᠤᠮᠤᠢ ? 》
      ᠲᠣᠭᠲᠤᠬ᠋᠎ᠠ ᠠᠶ᠋ᠢᠯᠠᠤᠠᠬᠠᠷᠤᠨ ᠄ 《 ᠡᠷᠲᠡᠨ ᠦ᠌ ᠬᠠᠷᠭᠢᠰ ᠬᠠᠭᠠᠳ ᠲᠤ᠌ ᠰᠢᠶᠠ ᠤᠯᠤᠰ ᠤ᠋ᠨ ᠵᠢᠶᠧ ᠬᠠᠭᠠᠨ ᠪᠣᠯᠤᠨ ᠶᠢᠨ ᠵᠧᠦ ᠸᠠᠩ ᠳ᠋ᠤᠷ ᠬᠦᠷᠬᠦ ᠢᠨᠤ ᠦᠭᠡᠢ ᠃ ᠵᠢᠶᠧ ᠬᠠᠭᠠᠨ ᠢ᠋ᠶ᠋ᠠᠷ ᠮᠧᠢ ᠰᠢ ᠬᠠᠲᠤᠨ ᠳ᠋ᠤᠷ ᠠᠮᠠᠷᠠᠭᠯᠠᠭᠠᠳ ᠲᠥᠷᠥ ᠪᠡᠨ ᠠᠯᠳᠠᠪᠠᠢ ᠃ ᠶᠢᠨ ᠵᠧᠦ ᠸᠠᠩ ᠢ᠋ᠶ᠋ᠠᠷ  ᠳ᠋ᠠᠵᠢ ᠳ᠋ᠤᠷ ᠲᠠᠴᠢᠶᠠᠳᠠᠭᠠᠳ ᠵᠣᠪᠠᠯᠠᠩ ᠳ᠋ᠤ᠌ ᠤᠨᠠᠪᠠᠢ ᠃ ᠡᠳᠦᠭᠡ ᠠᡁᠠᠮᠠ ᠪᠠᠷ ᠡᠵᠡᠨ ᠊ᠢ ᠪᠤᠷᠤᠭᠤ ᠵᠦᠭ ᠲᠦ᠍ ᠳᠠᠭᠠᠭᠤᠯᠤᠭᠰᠠᠨ ᠪᠠᠶ᠋ᠢᠬᠤᠢ ᠳ᠋ᠤᠷ ᠬᠡᠷᠬᠢᠨ ᠶᠠᠯ᠎ᠠ ᠦᠭᠡᠢ ᠪᠣᠢ ᠊ᠶ᠎ᠡ! ᠡᠵᠡᠨ ᠢ᠋ᠶ᠋ᠡᠷ ᠲᠡᠳᠡᠨ ᠊ᠢ ᠬᠥᠭᠡᠭᠡᠵᠦ ᠡᠰᠡ ᠶᠠᠪᠤᠭᠤᠯᠪᠠᠰᠤ ᠬᠣᠵᠢᠮ ᠤ᠋ᠨ ᠬᠥᠮᠦᠨ ᠡᠵᠡᠨ ᠊ᠢ ᠵᠢᠶᠧ ᠬᠠᠭᠠᠨ ᠵᠧᠦ ᠬᠠᠭᠠᠨ ᠪᠣᠯᠭᠠᠨ ᠦᠵᠡᠮᠦᠢ ᠃ 》
      ᠲᠣᠬᠣᠨᠲᠡᠮᠦᠷ ᠬᠠᠭᠠᠨ ᠥᠴᠢᠷᠦᠨ ᠄ 《 ᠠᡁᠠᠮᠠ ᠶ᠋ᠢ ᠰᠠᠶ᠋ᠢᠳ ᠴᠢ ᠡᠷᠭᠦᠨ ᠪᠠᠲᠤᠯᠠᠭᠰᠠᠨ ᠪᠣᠯᠠᠢ ᠂ ᠡᠳᠦᠭᠡ ᠶᠠᠭᠠᠬᠢᠭᠠᠳ ᠪᠠᠰᠠ ᠲᠡᠭᠦᠨ ᠊ᠢ ᠬᠥᠭᠡᠭᠡᠵᠦ ᠶᠠᠪᠤᠭᠤᠯᠬᠤ ᠪᠣᠯᠪᠠ ? 》
      ᠲᠣᠭᠲᠤᠬ᠋᠎ᠠ ᠮᠥᠷᠭᠥᠨ ᠥᠭᠦᠯᠡᠷᠦᠨ ᠄ 《 ᠰᠠᠶ᠋ᠢᠳ ᠪᠢ ᠪᠤᠷᠤᠭᠤ ᠬᠥᠮᠦᠨ ᠊ᠢ ᠡᠷᠭᠦᠨ ᠪᠠᠲᠤᠯᠠᠵᠤᠬᠤᠢ ᠃ ᠡᠵᠡᠨ ᠢ᠋ᠶ᠋ᠡᠷ ᠨᠠᠳᠠ ᠳ᠋ᠤᠷ ᠶᠠᠯ᠎ᠠ  ᠲᠤᠯᠭᠠᠲᠤᠭᠠᠢ ᠃ 》
      ᠲᠣᠬᠣᠨᠲᠡᠮᠦᠷ ᠬᠠᠭᠠᠨ ᠥᠴᠢᠷᠦᠨ ᠄ 《 ᠲᠡᠷᠡ ᠴᠦ᠍ ᠬᠡᠷᠡᠭ ᠦᠭᠡᠢ ᠂ ᠬᠥᠮᠦᠨ ᠦ᠌ ᠠᠮᠢ ᠨᠠᠰᠤ ᠬᠡᠮᠡᠭᠴᠢ ᠠᠶᠤᠩᠭ᠎ᠠ ᠴᠠᠬᠢᠯᠭᠠᠨ ᠮᠡᠲᠦ ᠬᠣᠷᠣᠮᠬᠠᠨ ᠵᠠᠭᠤᠷ᠎ᠠ ᠰᠥᠨᠥᠮᠦᠢ ᠃ ᠠᠷᠠᠳ ᠤ᠋ᠨ ᠳᠠᠭᠤᠤ ᠳ᠋ᠤ᠌  <ᠲᠩᠷᠢ ᠶ᠋ᠢᠨ  ᠰᠠᠯᠬᠢᠨ  ᠲᠡᠭᠰᠢᠨ ᠦᠭᠡᠢ ᠂  ᠲᠥᠷᠥᠭᠰᠡᠨ ᠪᠡᠶ᠎ᠡ  ᠮᠥᠩᠬᠡ ᠪᠤᠰᠤ  >ᠬᠡᠮᠡᠬᠦ ᠪᠢᠰᠢᠦ  ᠂ ᠴᠡᠷᠢᠭ ᠵᠠᠰᠠᠭ ᠤ᠋ᠨ ᠴᠢᠬᠤᠯᠠ ᠬᠡᠷᠡᠭ ᠊ᠢ ᠴᠢᠩᠰᠠᠩ   ᠴᠢᠮ᠎ᠠ ᠳ᠋ᠤ᠌ ᠨᠠᠶ᠋ᠢᠲᠠᠭᠰᠠᠨ ᠪᠣᠯᠬᠣᠷ ᠴᠠᠭ ᠮᠥᠴᠡ ᠶ᠋ᠢ ᠠᠮᠵᠢᠨ ᠢᠯᠡᠭᠦᠦ ᠪᠠᠬᠠᠨ ᠵᠢᠷᠭᠠᠶ᠎ᠠ  ᠪᠢ ᠃   》
       ᠲᠣᠭᠲᠤᠬ᠋᠎ᠠ ᠤᠷᠤᠭᠰᠢ ᠳᠠᠪᠰᠢᠨ ᠠᠶ᠋ᠢᠯᠠᠤᠠᠬᠠᠷᠤᠨ ᠄ 《 ᠴᠠᠭ ᠲᠥᠷᠥ ᠶ᠋ᠢᠨ ᠦᠢᠮᠡᠭᠡᠨ ᠡᠳᠦᠷ ᠢᠷᠡᠬᠦᠶ᠎ᠡ ᠬᠦᠨᠳᠦᠷᠡᠵᠦ ᠬᠤᠯᠠᠭᠠᠢ ᠳᠡᠭᠡᠷᠡᠮ ᠭᠠᠵᠠᠷ ᠪᠦᠬᠦᠨ ᠳ᠋ᠦ᠍ ᠪᠣᠰᠴᠤ ᠂ ᠠᠷᠠᠳ ᠣᠯᠠᠨ ᠭᠠᠰᠢᠭᠤᠨ ᠵᠣᠪᠠᠯᠠᠩ ᠠᠮᠰᠠᠵᠤ ᠪᠠᠶ᠋ᠢᠬ᠋᠎ᠠ ᠡᠨᠡ ᠦᠶ᠎ᠡ ᠳ᠋ᠦ᠍ ᠡᠵᠡᠨ ᠢ᠋ᠶ᠋ᠡᠷ ᠶᠠᠭᠠᠬᠢᠨ ᠠᠮᠤᠷ  ᠰᠡᠯᠡᠭᠦᠨ ᠵᠢᠷᠭᠠᠵᠤ ᠴᠢᠳᠠᠮᠤᠢ ᠂ ᠡᠵᠡᠨ ᠢ᠋ᠶ᠋ᠡᠷ ᠣᠳᠣ ᠪᠠᠷ ᠢ᠋ᠶ᠋ᠠᠨ  ᠵᠠᠷᠯᠢᠭ ᠪᠠᠭᠤᠯᠭᠠᠵᠤ ᠡᠷᠳᠡᠮᠲᠡᠨ ᠊ᠢ ᠡᠷᠭᠦᠵᠦ ᠂ ᠴᠢᠳᠠᠪᠤᠷᠢᠲᠠᠨ ᠊ᠢ ᠬᠡᠷᠡᠭᠯᠡᠨ ᠂ ᠰᠠᠮᠠᠭᠤᠷᠠᠯ ᠊ᠢ ᠵᠦᠭᠰᠢᠷᠡᠭᠦᠯᠵᠦ ᠂ ᠠᠶᠤᠯ ᠵᠣᠪᠠᠯᠠᠩ ᠊ᠢ ᠠᠮᠤᠷ ᠲᠦᠪᠰᠢᠨ ᠪᠣᠯᠭᠠᠬᠤ ᠪᠣᠯᠪᠠ  ᠊ᠶ᠎ᠡ  ?ᠠᠶᠤᠯ ᠵᠣᠪᠠᠯᠠᠩ ᠠᠮᠠᠨ ᠬᠦᠵᠦᠭᠦᠨ ᠳ᠋ᠦ᠍ ᠬᠤᠷᠴᠠ ᠮᠡᠰᠡ ᠲᠤᠯᠭᠠᠭᠰᠠᠨ ᠮᠡᠲᠦ  ᠳᠦᠭᠰᠢᠭᠦᠷᠢᠲᠦ ᠪᠠᠶ᠋ᠢᠲᠠᠯ ᠲᠠᠢ ᠪᠣᠯᠵᠤᠬᠤᠢ ᠃ 》
      ᠲᠣᠬᠣᠨᠲᠡᠮᠦᠷ ᠬᠠᠭᠠᠨ ᠥᠴᠢᠷᠦᠨ ᠄ 《 ᠬᠠᠶ᠋ᠢᠷᠠᠲᠤ ᠰᠠᠶ᠋ᠢᠳ  ᠬᠠᠷᠢᠭᠠᠳ ᠠᠮᠠᠷᠠ ᠂ ᠪᠢ ᠨᠠᠷᠢᠨ ᠪᠣᠳᠣᠯᠬᠢᠯᠠᠰᠤᠭᠠᠢ 》 ᠬᠡᠮᠡᠪᠡ ᠃ 
      ᠲᠣᠭᠲᠤᠬ᠋᠎ᠠ ᠴᠢᠩᠰᠠᠩ ᠬᠠᠭᠠᠨ ᠠ᠋ᠴᠠ ᠰᠠᠯᠵᠤ ᠬᠡᠳᠦᠨ ᠡᠳᠦᠷ ᠥᠩᠭᠡᠷᠡᠭᠰᠡᠨ ᠪᠣᠯᠪᠠᠴᠤ ᠬᠠᠭᠠᠨ ᠤ᠋ ᠵᠠᠷᠯᠢᠭ ᠵᠠᠬᠢᠶ᠎ᠠ ᠠᠯᠠᠭ᠎ᠠ ᠪᠠᠶ᠋ᠢᠪᠠ ᠃ ᠡᠯ᠎ᠡ ᠴᠥᠯᠭᠡ ᠶ᠋ᠢᠨ ᠨᠣᠶᠠᠳ ᠬᠣᠶ᠋ᠢᠨ᠎ᠠ ᠬᠣᠶ᠋ᠢᠨ᠎ᠠ ᠠ᠋ᠴᠠ ᠪᠠᠨ ᠢᠷᠡᠵᠦ ᠡᠯ᠎ᠡ ᠭᠠᠵᠠᠷ ᠤ᠋ᠨ ᠪᠣᠰᠤᠯᠭ᠎ᠠ ᠶ᠋ᠢᠨ ᠴᠡᠷᠢᠭ ᠦ᠋ᠨ ᠠᠯᠠᠵᠤ ᠬᠢᠳᠤᠬᠤ ᠪᠠᠶ᠋ᠢᠲᠠᠯ ᠊ᠢ ᠮᠡᠳᠡᠭᠦᠯᠦᠮᠦᠢ᠃  ᠾᠸᠨᠠᠨ ᠬᠤᠪᠢᠶᠠᠷᠢ ᠮᠤᠵᠢ ᠶ᠋ᠢᠨ ᠫᠢᠩ ᠵᠠᠩ ᠳᠦᠰᠢᠮᠡᠯ ᠯᠦ᠍ ᠱᠸᠦ ᠠᠶ᠋ᠢᠯᠠᠳᠬᠠᠷᠤᠨ᠄《 ᠯᠢᠦ ᠹᠦ ᠲᠦᠩ ᠊ᠦᠨ ᠤᠳᠤᠷᠢᠳᠤᠭᠰᠠᠨ ᠤᠯᠠᠭᠠᠨ ᠠᠯᠴᠢᠭᠤᠷᠲᠠᠨ ᠴᠡᠷᠢᠭ  ᠳ᠋ᠸᠩᠵᠸᠦ( ᠣᠳᠣ ᠵᠢᠨ ᠾᠸᠨᠠᠨ ᠊ᠤ  ᠳ᠋ᠸᠩ ᠰᠢᠶᠡᠨ)᠂ ᠰᠢᠦᠢᠵᠸᠦ(  ᠣᠳᠣ ᠵᠢᠨ ᠾᠸᠨᠠᠨ ᠤ  ᠰᠢᠦᠢ ᠴᠠᠩ )᠂ ᠰᠦᠩᠵᠸᠦ( ᠣᠳᠣ ᠵᠢᠨ ᠾᠸᠨᠠᠨ ᠤ ᠰᠦᠩ ᠰᠢᠶᠡᠨ)᠂  ᠯᠦᠸᠸ  ᠶᠠᠩ ( ᠣᠳᠣ ᠵᠢᠨ ᠾᠸᠨᠠᠨ ᠤ  ᠯᠦᠸᠸ ᠶᠠᠩ )ᠵᠡᠷᠭᠡ ᠭᠠᠵᠠᠷ ᠊ᠢ ᠪᠠᠶ᠋ᠢᠯᠳᠤᠨ ᠠᠪᠤᠪᠠ 》 ᠬᠡᠮᠡᠪᠡ᠃ 
      ᠪᠠᠰᠠ  ᠠᠢᠯᠠᠳᠬᠠᠷᠤᠨ ᠄《  ᠵᠠᠩ ᠱᠢ ᠴᠸᠩ ᠦᠨ ᠤᠳᠤᠷᠢᠳᠤᠭᠰᠠᠨ ᠤᠯᠠᠭᠠᠨ ᠠᠯᠴᠢᠭᠤᠷᠲᠠᠨ  ᠪᠣᠰᠤᠯᠭ᠎ᠠ ᠶ᠋ᠢᠨ ᠴᠡᠷᠢᠭ  ᠲᠠᠢᠵᠸᠦ᠂  ᠰᠢᠩᠬᠤᠸᠠ  ᠵᠠᠷᠭᠡ ᠰᠢᠶᠠᠨ ᠢ ᠡᠪᠳᠡᠵᠦ  ᠭᠣᠣᠶ᠋ᠢᠦ ᠳ᠋ᠤ᠌ <  ᠶᠡᠬᠡ ᠵᠸᠦ ᠤᠯᠤᠰ> ᠬᠡᠮᠡᠨ  ᠪᠠᠢᠭᠤᠯᠵᠤ ᠣᠨ ᠊ᠤ ᠴᠣᠯᠠ  ᠶ᠋ᠢ <  ᠲᠢᠶᠠᠨ ᠶᠢᠦ (   ᠲᠡᠭᠷᠢ ᠶ᠋ᠢᠨ  ᠢᠪᠡᠭᠡᠯ ) ᠬᠡᠮᠡᠭᠡᠳ  ᠠᠯᠪᠠᠨ  ᠨᠣᠶᠠᠳ ᠢ ᠠᠯᠠᠵᠤ ᠠᠷᠠᠳ ᠢᠷᠭᠡᠳ ᠢ ᠪᠤᠯᠢᠶᠠᠨ ᠠᠯᠢ ᠮᠠᠭᠤ ᠬᠡᠷᠡᠭ ᠦᠢᠯᠡᠳᠦᠮᠦᠢ 》 ᠬᠡᠮᠡᠪᠡ᠃ 
     ᠲᠣᠭᠲᠤᠭ᠎ᠠ ᠴᠢᠩᠰᠠᠩ ᠡᠳᠡᠭᠡᠷ ᠪᠠᠶ᠋ᠢᠳᠠᠯ ᠊ᠢ ᠲᠣᠬᠣᠨᠲᠡᠮᠦᠷ ᠬᠠᠭᠠᠨ  ᠳ᠋ᠤ᠌ ᠨᠢᠭᠡᠳ ᠨᠢᠭᠡ ᠪᠠᠷ ᠠᠶ᠋ᠢᠯᠠᠳᠬᠠᠭᠰᠠᠨ᠎ᠠ᠂  ᠲᠣᠬᠣᠨᠲᠡᠮᠦᠷ ᠬᠠᠭᠠᠨ ᠣᠳᠣ ᠰᠠᠶᠢ ᠰᠠᠨᠳᠤᠷᠬᠤ ᠪᠠᠶ᠋ᠢᠳᠠᠯ ᠢᠯᠡᠷᠡᠵᠦ ᠲᠣᠭᠲᠤᠭ᠎ᠠ  ᠴᠢᠩᠰᠠᠩ ᠊ᠢ ᠪᠡᠶ᠎ᠡ ᠪᠠᠷ ᠶᠡᠬᠡ ᠴᠡᠷᠢᠭ ᠳᠠᠶ᠋ᠢᠴᠢᠯᠠᠨ ᠡᠯ᠎ᠡ ᠴᠥᠯᠭᠡ ᠵᠢᠨ  ᠳᠠᠷᠤᠩᠭᠤᠢ ᠴᠡᠷᠢᠭ ᠊ᠢ ᠨᠡᠶ᠋ᠢᠲᠠᠯᠡᠨ ᠵᠠᠬᠢᠷᠴᠤ ᠤᠯᠠᠭᠠᠨ ᠠᠯᠴᠢᠭᠤᠷᠲᠠᠨ  ᠪᠣᠰᠤᠯᠭ᠎ᠠ ᠶ᠋ᠢᠨ ᠴᠡᠷᠢᠭ ᠊ᠢ ᠳᠠᠷᠤᠩᠭᠤᠶ᠋ᠢᠯᠠ ᠬᠡᠮᠡᠨ ᠵᠠᠷᠯᠠᠪᠠ᠃  ᠪᠠᠰᠠ ᠲᠠᠰᠢᠪᠠᠭᠠᠲᠤᠷ ᠊ᠤᠨ ᠵᠠᠬᠢᠷᠤᠭᠰᠠᠨ ᠮᠣᠩᠭᠣᠯ ᠮᠣᠷᠢᠲᠤ ᠴᠡᠷᠢᠭ ᠊ᠢ ᠰᠸᠴᠤᠸᠠᠨ ᠠ᠋ᠴᠠ ᠾᠸᠨᠠᠨ ᠳ᠋ᠤ᠌ ᠰᠢᠯᠵᠢᠭᠦᠯᠦᠨ ᠠᠪᠴᠢᠷᠠᠵᠤ᠂ ᠾᠸᠨᠠᠨ ᠬᠤᠪᠢᠶᠠᠷᠢ ᠮᠤᠵᠢ ᠶ᠋ᠢᠨ ᠫᠢᠩ ᠵᠠᠩ ᠳᠦᠰᠢᠮᠡᠯ ᠲᠠᠶ᠋ᠢᠪᠤᠭ᠎ᠠ ᠵᠢ  ᠬᠠᠪᠰᠤᠷᠤᠨ ᠤᠯᠠᠭᠠᠨ ᠠᠯᠴᠢᠭᠤᠷᠲᠠᠨ  ᠪᠣᠰᠤᠯᠭ᠎ᠠ ᠶ᠋ᠢᠨ ᠴᠡᠷᠢᠭ ᠢ  ᠳᠠᠷᠤᠩᠭᠤᠢᠯᠠᠬᠤ ᠪᠠᠷ ᠳᠤᠰᠢᠶᠠᠪᠠ᠃
      ᡁᠢ ᠴᠸᠩ ᠦᠨ ᠠᠷᠪᠠᠨ ᠳᠦᠷᠪᠡᠳᠦᠭᠡᠷ ᠣᠨ (1354  ᠣᠨ )  ᠤ  ᠶᠢᠰᠦᠳᠦᠭᠡᠷ ᠰᠠᠷ᠎ᠠ ᠳ᠋ᠤ᠌ ᠲᠣᠭᠲᠤᠭ᠎ᠠ ᠴᠢᠩᠰᠠᠩ ᠵᠠᠷᠯᠢᠭ ᠊ᠢ  ᠬᠦᠯᠢᠶᠡᠵᠦ  ᠵᠠᠩ ᠱᠢ ᠴᠸᠩ ᠦᠨ ᠤᠯᠠᠭᠠᠨ ᠠᠯᠴᠢᠭᠤᠷᠲᠠᠨ  ᠴᠡᠷᠢᠭ ᠢ  ᠳᠠᠢᠯᠠᠷ᠎ᠠ ᠭᠣᠣᠶᠢᠦ ᠵᠢ  ᠴᠢᠭᠯᠡᠨ ᠮᠣᠷᠳᠠᠪᠠ ᠃ 
      ᠴᠡᠷᠢᠭ  ᠮᠣᠷᠳᠠᠬᠤ ᠠ᠋ᠴᠠ ᠡᠮᠦᠨ᠎ᠡ ᠿᠧᠦ ᠵᠦᠩ ᠪᠠᠢ  ᠲᠣᠭᠲᠤᠭ᠎ᠠ  ᠳ᠋ᠤᠷ  ᠰᠠᠨᠠᠭᠤᠯᠤᠨ ᠥᠭᠦᠯᠡᠷᠦᠨ ᠄ 《 ᠠᠾᠠᠮᠠ ᠴᠢᠮ᠎ᠠ ᠳ᠋ᠤ᠌  ᠶᠡᠬᠡ  ᠮᠠᠭᠤ  ᠰᠠᠨᠠᠵᠤ ᠪᠤᠢ᠃  ᠴᠢᠩᠰᠠᠩ ᠳᠠᠶ᠋ᠢᠨ ᠳ᠋ᠤ᠌  ᠮᠣᠷᠳᠠᠬᠤ ᠠ᠋ᠴᠠ  ᠡᠮᠦᠨ᠎ᠡ  ᠠᠾᠠᠮᠠ ᠶ᠋ᠢ ᠠᠷᠢᠯᠭᠠᠵᠤ ᠬᠣᠢᠨᠠᠬᠢ ᠵᠣᠪᠠᠯᠠᠩ ᠊ᠢ  ᠳᠠᠰᠤᠯᠪᠠᠰᠤ ᠵᠣᠬᠢᠮᠤᠢ 》 ᠬᠡᠮᠡᠬᠦᠶ᠎ᠡ ᠲᠣᠭᠲᠤᠬ᠋᠎ᠠ ᠥᠭᠦᠯᠡᠷᠦᠨ ᠄ 《 ᠡᠨᠡ ᠬᠡᠷᠡᠭ ᠊ᠢ ᠡᠰᠡᠨᠲᠡᠮᠤᠷ ᠳᠡᠭᠦᠦ ᠪᠣᠯᠤᠨ ᠴᠢᠮ᠎ᠠ ᠳ᠋ᠤ᠌ ᠨᠠᠶ᠋ᠢᠲᠠᠰᠤᠭᠠᠢ ᠃ ᠪᠢ ᠨᠢᠭᠡᠨᠲᠡ ᠬᠠᠭᠠᠨ ᠳ᠋ᠤ᠌ ᠠᠶ᠋ᠢᠯᠠᠤᠠᠬᠠᠭᠰᠠᠨ ᠠᠵᠤᠭᠤ 》 ᠬᠡᠮᠡᠪᠡ ᠃ 
     ᠵᠠᠯᠢᠬᠠᠢ ᠬᠥᠮᠦᠨ ᠦ᠌ ᠵᠢᠷᠦᠬᠡᠨ ᠳ᠋ᠦ᠍ᠨᠢ ᠦᠰᠦ ᠲᠡᠢ ᠭᠡᠳᠡᠭ ᠢ᠋ᠶ᠋ᠡᠷ ᠠᡁᠨᠮᠠ ᠠᠯᠢ ᠬᠡᠲᠦᠶ᠋ᠢᠨ ᠡᠨᠡ ᠴᠢᠮᠡᠭᠡ ᠶ᠋ᠢ ᠰᠣᠨᠣᠰᠤᠭᠠᠳ ᠲᠣᠭᠲᠤᠬ᠋᠎ᠠ ᠶ᠋ᠢ ᠶᠡᠬᠡᠳᠡ ᠵᠠᠨᠤᠵᠤ ᠪᠠᠶ᠋ᠢᠪᠠ ᠃ ᠲᠡᠷᠡ ᠪᠡᠷ ᠲᠣᠭᠲᠤᠬ᠋᠎ᠠ ᠶ᠋ᠢ ᠴᠡᠷᠢᠭ ᠳᠠᠶ᠋ᠢᠴᠢᠯᠠᠨ ᠮᠣᠷᠳᠠᠭᠰᠠᠨ ᠤ᠋ ᠳᠠᠷᠠᠭ᠎ᠠ ᠡᠳᠦᠷ ᠨᠢ ᠂ ᠪᠠᠶ᠋ᠢᠴᠠᠭᠠᠨ ᠦᠵᠡᠭᠴᠢ ᠲᠦᠰᠢᠮᠡᠳ ᠊ᠢ ᠲᠤᠬᠢᠷᠴᠤ ᠡᠰᠡᠨᠲᠡᠮᠤᠷ ᠤ᠋ᠨ ᠳᠡᠭᠡᠷ᠎ᠡ ᠤᠳᠠᠭᠠᠨ ᠤ᠋ ᠴᠡᠷᠢᠭ ᠳᠠᠷᠤᠭᠳᠠᠭᠰᠠᠨ ᠬᠡᠷᠡᠭ ᠊ᠢ ᠳᠠᠬᠢᠨ ᠳᠤᠷᠠᠳᠴᠤ ᠲᠡᠭᠦᠨ ᠦ᠌ ᠲᠤᠰᠢᠶᠠᠯ ᠊ᠢ ᠡᠪᠳᠡᠵᠦ ᠭᠡᠷ ᠲᠦ᠋ᠨᠢ ᠬᠥᠭᠡᠭᠡᠵᠦ ᠶᠠᠪᠤᠭᠤᠯᠪᠠ ᠃ 
     ᠠᠷᠪᠠᠨ ᠨᠢᠭᠡᠳᠦᠭᠡᠷ ᠰᠠᠷ᠎ᠠ ᠳ᠋ᠤ᠌ ᠲᠣᠭᠲᠤᠬ᠋᠎ᠠ ᠶ᠋ᠢᠨ ᠴᠡᠷᠢᠭ ᠭᠤᠤᠶᠢᠦ ᠶ᠋ᠢ ᠪᠦᠰᠡᠯᠡᠨ ᠪᠠᠶ᠋ᠢᠯᠲᠤᠪᠠ ᠃ ᠵᠠᠩ ᠱᠢ ᠴᠧᠩ ᠠᠯᠪᠠᠨ ᠴᠡᠷᠢᠭ ᠦ᠋ᠨ ᠰᠦᠷ ᠬᠦᠴᠦᠨ ᠡᠨᠲᠡᠪᠠᠰᠢ ᠶᠡᠬᠡ ᠶ᠋ᠢ ᠦᠵᠡᠭᠡᠳ ᠡᠰᠡᠷᠭᠦᠴᠡᠨ ᠳᠡᠶ᠋ᠢᠯᠬᠦ ᠦᠭᠡᠢ ᠪᠡᠨ ᠮᠡᠳᠡᠵᠦ ᠪᠠᠭᠤᠵᠤ ᠥᠭᠬᠦ ᠪᠡᠷ ᠪᠡᠯᠡᠳᠬᠡᠵᠦ ᠪᠠᠶ᠋ᠢᠪᠠ ᠃ ᠶᠠᠭ ᠡᠨᠡ ᠦᠶ᠎ᠡ ᠳ᠋ᠦ᠍ ᠠᡁᠨᠮᠠ ᠪᠠᠷ ᠴᠢ‍ ᠣᠪᠣᠭᠲᠤ ᠬᠤᠸᠠᠩᠬᠡᠦ ᠪᠣᠯᠤᠨ ᠬᠣᠩ ᠳᠠᠶ᠋ᠢᠽᠢ ᠠᠶᠤᠰᠢᠷᠢᠲᠡᠷᠠ ᠯᠤᠭ᠎ᠠ ᠬᠠᠮᠰᠠᠵᠤ ᠂ ᠪᠠᠶ᠋ᠢᠴᠠᠭᠠᠨ ᠦᠵᠡᠭᠴᠢ ᠲᠦᠰᠢᠮᠡᠯ ᠰᠠᠶ᠋ᠢᠨᠪᠤᠬ᠎ᠡ ᠨᠠᠷ ᠊ᠢ ᠥᠳᠥᠭᠡᠵᠦ ᠪᠠᠶ᠋ᠢᠭᠠᠳ ᠲᠣᠭᠲᠤᠬ᠋᠎ᠠ ᠶ᠋ᠢ ᠬᠠᠭᠠᠨ ᠳ᠋ᠤᠷ ᠢᠯᠡᠴᠢᠯᠡᠨ ᠵᠠᠭᠠᠯᠳᠤᠪᠠ ᠃      ᠰᠠᠶ᠋ᠢᠨᠪᠤᠬ᠎ᠡ ᠲᠠᠨ ᠠᡁᠨᠮᠠ ᠶ᠋ᠢᠨ ᠬᠦᠨᠳᠦ ᠪᠡᠯᠡᠭ ᠰᠡᠯᠲᠡ ᠶ᠋ᠢ ᠲᠣᠰᠴᠤ ᠠᠪᠤᠭᠠᠳ ᠲᠣᠭᠲᠤᠬ᠋᠎ᠠ ᠴᠢᠩᠰᠠᠩ ᠊ᠢ 《 ᠴᠡᠷᠢᠭ ᠮᠣᠷᠢ ᠶ᠋ᠢ ᠵᠦᠳᠡᠭᠡᠵᠦ ᠥᠴᠦᠬᠡᠨ ᠴᠦ᠍ ᠭᠠᠪᠢᠶ᠎ᠠ ᠦᠯᠦ ᠪᠠᠶ᠋ᠢᠭᠤᠯᠪᠠ 》 ᠬᠡᠮᠡᠬᠦ ᠶᠠᠯ᠎ᠠ ᠲᠣᠬᠣᠵᠤ ᠬᠠᠭᠠᠨ ᠳ᠋ᠤ᠌ ᠠᠶ᠋ᠢᠯᠠᠤᠠᠬᠠᠪᠠ ᠃ ᠠᠶ᠋ᠢᠯᠠᠤᠠᠬᠠᠯ ᠤ᠋ᠨ ᠪᠢᠴᠢᠭ ᠲᠦ᠍  ᠦᠭᠦᠯᠡᠭᠰᠡᠨ ᠢᠨᠦ ᠄ 《 ᠲᠣᠭᠲᠤᠬ᠋᠎ᠠ ᠴᠡᠷᠢᠭ ᠮᠣᠷᠳᠠᠵᠤ ᠭᠤᠷᠪᠠᠨ ᠰᠠᠷ᠎ᠠ ᠪᠣᠯᠲᠠᠯ᠎ᠠ ᠥᠴᠦᠬᠡᠨ ᠴᠦ᠍ ᠭᠠᠪᠢᠶ᠎ᠠ ᠪᠠᠶ᠋ᠢᠭᠤᠯᠤᠭᠰᠠᠨ ᠦᠭᠡᠢ ᠃ ᠤᠯᠤᠰ ᠤ᠋ᠨ ᠡᠳ᠋ ᠮᠥᠩᠭᠥ ᠶ᠋ᠢ ᠰᠦᠢᠳᠬᠡᠨ ᠪᠦᠷᠢᠯᠭᠡᠵᠦ ᠥᠪᠡᠷ ᠢ᠋ᠶ᠋ᠡᠨ ᠡᠲᠯᠡᠮᠦᠢ ᠃ ᠲᠥᠷᠥ ᠶ᠋ᠢᠨ ᠰᠠᠶ᠋ᠢᠳ ᠲᠦᠰᠢᠮᠡᠳ ᠦ᠋ᠨ ᠬᠠᠭᠠᠰ ᠊ᠢ ᠪᠡᠶ᠎ᠡ ᠳ᠋ᠦ᠍ ᠪᠡᠨ ᠳᠠᠭᠠᠭᠤᠯᠪᠠ ᠃ ᠳᠡᠭᠦᠦ ᠢᠨᠦ ᠡᠰᠡᠨᠲᠡᠮᠤᠷ ᠦᠬᠦᠭᠡᠨᠴᠡ ᠳᠣᠷᠣᠢ ᠂ ᠢᠤᠶ᠋ᠢᠱ‍ᠢ ᠳ᠋ᠠᠶ᠋ᠢᠹᠦ᠋ ᠲᠦᠰᠢᠮᠡᠯ ᠢ᠋ᠶ᠋ᠡᠨ ᠭᠤᠲᠤᠭᠠᠵᠤ ᠠᠪᠯᠢᠭᠠᠴᠢ ᠰᠢᠨᠤᠬᠠᠢ ᠠᠨᠤ ᠮᠠᠰᠢ ᠲᠣᠳᠣᠷᠬᠠᠢ 》 ᠭᠡᠮᠡᠨ ᠭᠤᠷᠪᠠᠨᠲᠠ ᠳᠡᠭᠡᠭᠰᠢ ᠠᠶ᠋ᠢᠯᠠᠤᠠᠬᠠᠪᠠ ᠃  
      ᠲᠣᠬᠣᠨᠲᠡᠮᠤᠷ ᠬᠠᠭᠠᠨ  ᠪᠠᠷ ᠡᠨᠡ ᠦᠶ᠎ᠡ ᠳ᠋ᠦ᠍ ᠶᠠᠭ ᠰᠠᠢᠬᠠᠨ ᠭᠢᠢ ᠸᠴᠢᠷᠲᠤ ᠪᠢᠰᠢᠯᠭᠠᠯ ᠤ᠋ᠨ ᠳᠡᠭᠡᠳᠦ ᠱᠠᠲᠤᠨ ᠳ᠋ᠤ᠌ ᠬᠦᠷᠦᠭᠡᠳ ᠵᠠᠩᠭᠢᠯᠠᠭ᠎ᠠ ᠶ᠋ᠢᠨ ᠴᠠᠭ ᠲᠤ᠌ ᠪᠠᠢᠭᠰᠠᠨ ᠲᠤᠯᠠ ᠨᠠᠷᠢᠨ ᠤᠴᠢᠷ ᠢ᠋ ᠦᠯᠦ ᠣᠢᠯᠠᠭᠠᠭᠰᠠᠨ ᠪᠠᠢᠳᠠᠯ ᠳᠣᠣᠷ᠎ᠠ ᠡᠰᠡᠨᠳᠡᠮᠤᠷ ᠢ᠋  ᠨᠢᠩᠰᠢᠶᠠ ᠳ᠋ᠤ᠌  ᠬᠥᠭᠡᠭᠡᠵᠦ ᠂ ᠲᠣᠭᠲᠤᠭ᠎ᠠ ᠶ᠋ᠢᠨ ᠴᠡᠷᠢᠭ ᠵᠠᠬᠢᠷᠬᠤ ᠡᠷᠬᠡ ᠶ᠋ᠢ ᠬᠠᠰᠤᠵᠤ  ᠵᠢᠶᠠᠩᠰᠦ ᠶ᠋ᠢᠨ ᠬᠤᠸᠠᠢ ᠠᠨ ᠳ᠋ᠤ᠌ ᠰᠢᠢᠳᠬᠡᠵᠦ ᠰᠠᠭᠤᠯᠭᠠᠬᠤ ᠪᠠᠷ ᠵᠠᠷᠯᠠᠪᠠ ᠃ ᠠᡁᠠᠮᠠ ᠂ ᠬᠠᠭᠠᠨ ᠤ᠋ ᠵᠠᠷᠯᠢᠭ ᠢ᠋ ᠲᠣᠭᠲᠤᠭ᠎ᠠ ᠶ᠋ᠢᠨ ᠪᠠᠢᠭ᠎ᠠ ᠭᠣᠣᠶᠢᠤ ᠶ᠋ᠢᠨ ᠴᠡᠷᠢᠭ ᠦ᠋ᠨ ᠬᠦᠷᠢᠶᠡᠨ ᠳ᠋ᠦ᠍ ᠰᠢᠭᠤᠳ ᠬᠦᠷᠭᠡᠭᠦᠯᠪᠡ ᠃        ᠲᠡᠳᠦᠢ ᠪᠡᠷ ᠵᠥᠪᠯᠡᠭᠴᠢ ᠲᠦᠰᠢᠮᠡᠯ ᠬᠦᠩ ᠪᠦᠸᠧ ᠼᠦᠢ ᠥᠭᠦᠯᠡᠷᠦᠨ ᠄ 《 ᠵᠠᠩᠵᠤᠨ ᠲᠡᠢᠨ ᠳ᠋ᠦ᠍ᠷ ᠮᠣᠷᠳᠠᠪᠠᠰᠤ ᠡᠵᠡᠨ ᠦ᠌ ᠵᠠᠷᠯᠢᠭ ᠢ᠋ ᠬᠦᠯᠢᠶᠡᠬᠦ ᠦᠭᠡᠢ  ᠪᠠᠢᠵᠤ ᠪᠣᠯᠤᠮᠤᠢ  ᠃  ᠲᠡᠭᠦᠨᠴᠢᠯᠡᠨ  ᠴᠢᠩᠰᠠᠩ  ᠮᠣᠷᠳᠠᠬᠤ ᠦᠶ᠎ᠡ ᠳ᠋ᠦ᠍ ᠡᠵᠡᠨ ᠦ᠌ ᠨᠢᠭᠤᠴᠠ ᠵᠠᠷᠯᠢᠭ ᠢ᠋  ᠬᠦᠯᠢᠶᠡᠭᠰᠡᠨ ᠲᠤᠯᠠ ᠲᠡᠭᠦᠨ ᠦ᠌ ᠶᠣᠰᠣᠭᠠᠷ ᠬᠤᠯᠠᠭᠠᠢᠴᠢ ᠶ᠋ᠢ ᠳᠠᠢᠯᠠᠨ ᠤᠰᠠᠳᠬᠠᠪᠠᠰᠤ ᠵᠣᠬᠢᠮᠤᠢ ᠃ ᠡᠳᠦᠭᠡ ᠵᠣᠣ ᠪᠢᠴᠢᠭ ᠢ᠋ ᠪᠢᠲᠡᠭᠡᠢ ᠨᠡᠭᠡᠭᠡᠭᠲᠦᠨ ᠂ ᠨᠡᠭᠡᠭᠡᠪᠡᠰᠦ  ᠶᠡᠬᠡ ᠦᠢᠯᠡ ᠡᠪᠳᠡᠷᠡᠮᠦᠢ  》 ᠬᠡᠮᠡᠪᠡ  ᠃ 
      ᠲᠣᠭᠲᠤᠭ᠎ᠠ ᠥᠭᠦᠯᠡᠷᠦᠨ ᠄ 《 ᠲᠡᠢᠮᠦ ᠪᠤᠰᠤ ᠃ ᠲᠩᠷᠢ ᠶ᠋ᠢᠨ ᠬᠥᠪᠡᠭᠦᠨ ᠦ᠌ ᠨᠠᠳᠤᠷ ᠪᠠᠭᠤᠯᠭᠠᠭᠰᠠᠨ ᠵᠣᠣ ᠪᠢᠴᠢᠭ ᠢ᠋ ᠡᠰᠡ ᠳᠠᠭᠠᠪᠠᠰᠤ ᠬᠠᠭᠠᠨ ᠯᠤᠭ᠎ᠠ ᠡᠰᠡᠷᠭᠥᠯᠡᠭᠰᠡᠨ ᠶᠠᠪᠤᠳᠠᠯ ᠪᠣᠯᠤᠮᠤᠢ ᠃ ᠡᠵᠡᠨ ᠰᠠᠢᠳ ᠤ᠋ᠨ ᠵᠢᠷᠤᠮ ᠯᠤᠭ᠎ᠠ ᠦᠯᠦ ᠵᠣᠬᠢᠯᠳᠤᠮᠤᠢ 》 ᠬᠡᠮᠡᠭᠡᠳ ᠵᠣᠣ ᠪᠢᠴᠢᠭ ᠢ᠋ ᠲᠣᠰᠴᠤ ᠠᠪᠤᠭᠠᠳ ᠮᠥᠷᠭᠥᠨ ᠥᠭᠦᠯᠡᠷᠦᠨ ᠄ 《 ᠰᠠᠢᠳ ᠪᠢ ᠮᠠᠰᠢ ᠮᠤᠩᠬᠠᠭ ᠪᠥᠭᠡᠲᠡᠯ᠎ᠡ ᠡᠵᠡᠨ ᠢ᠋ᠶ᠋ᠡᠷ ᠬᠡᠲᠦᠷᠬᠡᠶ᠎ᠡ ᠬᠠᠢᠷᠠᠯᠠᠵᠤ ᠴᠡᠷᠢᠭ ᠵᠠᠰᠠᠭ ᠤ᠋ᠨ ᠬᠦᠨᠳᠦ ᠬᠡᠷᠡᠭ ᠢ᠋ ᠲᠤᠰᠢᠶᠠᠭᠰᠠᠨ ᠳ᠋ᠤᠷ ᠪᠦᠲᠦᠭᠡᠨ ᠦᠯᠦ ᠴᠢᠳᠠᠭᠤᠵᠠᠢ ᠭᠡᠮᠡᠨ  ᠡᠳᠦᠷ ᠰᠥᠨᠢ ᠲᠤᠲᠤᠮ ᠠᠶᠤᠨ ᠡᠮᠢᠶᠡᠬᠦ ᠪᠥᠯᠥᠭᠡ ᠃ ᠨᠢᠭᠡᠨ ᠥᠷᠯᠥᠭᠡ ᠶ᠋ᠢᠨ ᠵᠠᠭᠤᠷ᠎ᠠ ᠡᠨᠡ ᠬᠦᠨᠳᠦ ᠲᠤᠰᠢᠶᠠᠯ᠎ ᠡᠴᠡ ᠰᠠᠯᠭᠠᠭᠰᠠᠨ ᠠᠨᠤ ᠡᠵᠡᠨ ᠦ᠌ ᠮᠢᠨᠦ ᠠᠰᠠᠷᠠᠭᠰᠠᠨ ᠬᠡᠰᠢᠭ ᠭᠦᠨ ᠪᠣᠯᠠᠢ 》 ᠬᠡᠮᠡᠪᠡ ᠃ 
      ᠲᠣᠭᠲᠤᠭ᠎ᠠ ᠥᠪᠡᠷ ᠦ᠋ᠨ ᠬᠤᠶᠠᠭ ᠳᠤᠭᠤᠯᠠᠭ᠎ᠠ ᠂ ᠠᠭᠲᠠ ᠬᠦᠯᠦᠭ ᠲᠡᠷᠢᠭᠦᠲᠡᠨ ᠢ᠋ᠶ᠋ᠡᠨ ᠣᠯᠠᠨ ᠵᠠᠩᠵᠤᠨ ᠳ᠋ᠠᠭᠠᠨ ᠬᠤᠪᠢᠶᠠᠨ ᠥᠭᠭᠦᠭᠡᠳ ᠥᠭᠦᠯᠡᠷᠦᠨ ᠄ 《 ᠲᠠ ᠪᠠᠷ ᠥᠪᠡᠷ ᠥᠪᠡᠷ ᠦ᠋ᠨ ᠬᠠᠷᠢᠶᠠᠲᠤ ᠴᠡᠷᠢᠭ ᠢ᠋ᠶ᠋ᠡᠨ ᠠᠪᠴᠤ ᠦᠭᠡᠴᠡᠷ ᠂ ᠱᠤᠱᠠᠭ ᠲᠠᠨ ᠤ᠋ ᠵᠠᠬᠢᠶ᠎ᠠ ᠪᠠᠷ ᠵᠠᠰᠠᠭ ᠲᠥᠷᠥ ᠶ᠋ᠢᠨ ᠦᠢᠯᠡ ᠳ᠋ᠦ᠍ᠷ ᠬᠢᠴᠢᠶᠡᠨ ᠵᠢᠳᠬᠦᠭᠲᠦᠨ! 》 ᠬᠡᠮᠡᠪᠡ ᠃ 
     ᠰᠤᠯᠠ ᠲᠦᠰᠢᠮᠡᠯ ᠬᠠᠯᠲᠠᠷ ᠥᠴᠢᠷᠦᠨ ᠄ 《 ᠡᠳᠦᠭᠡ ᠴᠢᠩᠰᠠᠩ ᠣᠳᠪᠠᠰᠤ ᠪᠢᠳᠡ ᠡᠷᠬᠡ ᠦᠭᠡᠢ ᠪᠤᠰᠤ ᠬᠥᠮᠦᠨ ᠦ᠌ ᠭᠠᠷ ᠲᠤᠷ ᠦᠬᠦᠮᠦᠢ ᠃ ᠡᠨᠡ ᠡᠳᠦᠷ ᠴᠢᠩᠰᠠᠩ ᠤ᠋ᠨ ᠨᠢᠳᠦᠨ ᠡᠮᠦᠨ᠎ᠡ ᠦᠬᠦᠰᠦᠭᠡᠢ 》 ᠭᠡᠮᠡᠨ ᠢᠯᠳᠦ ᠪᠡᠨ ᠰᠤᠭᠤᠯᠤᠨ ᠬᠣᠭᠣᠯᠠᠢ ᠪᠠᠨ ᠣᠭᠲᠣᠯᠵᠤ ᠦᠬᠦᠪᠡ ᠃ ᠡᠢᠨ ᠬᠦ᠌ ᠶᠤᠸᠠᠨ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ ᠶᠡᠬᠡᠳᠡ ᠰᠠᠮᠠᠭᠤᠷᠠᠯ ᠪᠣᠯᠵᠤ ᠵᠠᠭᠤᠨ ᠲᠦᠮᠡᠨ ᠰᠢᠯᠢᠳᠡᠭ ᠴᠡᠷᠢᠭ ᠥᠪᠡᠰᠦᠪᠡᠨ ᠪᠤᠲᠠᠷᠠᠨ ᠰᠠᠷᠨᠢᠪᠠ ᠃ 
     ᠳᠡᠮᠡᠢ ᠤᠳᠠᠭᠰᠠᠨ ᠦᠭᠡᠢ ᠲᠣᠬᠣᠨᠳᠡᠮᠤᠷ ᠬᠠᠭᠠᠨ ᠢ᠋ᠶ᠋ᠠᠷ ᠭᠣᠣᠶᠢᠤ ᠶ᠋ᠢᠨ ᠪᠠᠢᠯᠳᠤᠭᠠᠨ ᠢᠯᠠᠭᠳᠠᠯ ᠳ᠋ᠤ᠌ ᠤᠴᠠᠷᠠᠵᠤ ᠂ ᠵᠠᠭᠤᠨ ᠲᠦᠮᠡᠨ ᠴᠡᠷᠢᠭ ᠮᠣᠷᠢ ᠭᠱᠠᠨ ᠵᠠᠭᠤᠷ᠎ᠠ ᠪᠤᠲᠠᠷᠠᠨ ᠰᠠᠷᠨᠢᠭᠰᠠᠨ ᠢ᠋ ᠰᠣᠨᠣᠰᠤᠭᠠᠳ ᠂ ᠪᠠᠢᠴᠠᠭᠠᠨ ᠦᠵᠡᠭᠴᠢ ᠲᠦᠰᠢᠮᠡᠳ ᠦ᠋ᠨ ᠰᠠᠨᠠᠯ ᠢ᠋ᠶ᠋ᠠᠷ ᠲᠣᠭᠲᠤᠭ᠎ᠠ ᠶ᠋ᠢᠨ ᠶᠠᠯ᠎ᠠ ᠶ᠋ᠢ ᠬᠥᠩᠭᠡᠳᠴᠦᠬᠦᠢ ᠭᠡᠮᠡᠨ ᠶᠦᠨᠨᠠᠨ ᠤ᠋ ᠭᠠᠵᠠᠷ ᠲᠤ᠌ ᠴᠦᠯᠡᠵᠦ ᠂ ᠳᠡᠭᠦᠦ ᠡᠰᠡᠨᠲᠡᠮᠤᠷ ᠢ᠋ ᠰᠧᠴᠤᠸᠠᠨ ᠤ᠋ ᠭᠠᠵᠠᠷ ᠲᠤ᠌ ᠂ ᠲᠣᠭᠲᠤᠭ᠎ᠠ ᠶ᠋ᠢᠨ ᠠᠬᠠᠮᠠᠳ ᠬᠥᠪᠡᠭᠦᠨ ᠬᠠᠷᠠᠵᠠᠩ ᠢ᠋ ᠰᠦᠵᠸᠤ ( ᠣᠳᠣ ᠶ᠋ᠢᠨ ᠭᠠᠨᠰᠦ ᠮᠣᠵᠢ ᠶ᠋ᠢᠨ ᠵᠢᠤᠴᠢᠤᠸᠠᠨ ) ᠂ ᠳᠡᠳ᠋ ᠬᠥᠪᠡᠭᠦᠨ ᠰᠠᠨᠪᠤᠤᠨᠤ ᠶ᠋ᠢ ᠯᠠᠨᠵᠧᠦ ( ᠣᠳᠣ ᠶ᠋ᠢᠨ ᠭᠠᠨᠰᠦ ᠮᠣᠵᠢ ᠶ᠋ᠢᠨ ᠯᠠᠨᠵᠧᠦ ) ᠳ᠋ᠦ᠍ ᠲᠤᠰ ᠲᠤᠰ ᠴᠦᠯᠡᠵᠦ ᠭᠡᠷ ᠬᠥᠷᠥᠩᠭᠡ ᠶ᠋ᠢ ᠨᠢ ᠲᠠᠯᠠᠪᠠ ᠃ 
     ᠲᠡᠨᠳᠡᠴᠡ ᠲᠣᠭᠲᠤᠭ᠎ᠠ ᠶᠦᠨᠨᠠᠨ ᠳ᠋ᠤᠷ ᠣᠳᠬᠤ ᠵᠠᠮ ᠵᠠᠭᠤᠷ᠎ᠠ ᠳ᠋ᠠᠯᠢ ᠳ᠋ᠤᠷ ᠬᠦᠷᠪᠡᠰᠦ  ᠹᠦ ᠶ᠋ᠢᠨ ᠮᠡᠳᠡᠭᠴᠢ ᠲᠦᠰᠢᠮᠡᠯ ᠭᠣᠣ ᠾᠦᠢ ᠪᠡᠷ ᠲᠣᠭᠲᠤᠭ᠎ᠠ ᠳ᠋ᠤᠷ ᠥᠭᠦᠯᠡᠷᠦᠨ ᠄ 《 ᠪᠢ ᠥᠬᠢᠨ ᠢ᠋ᠶ᠋ᠡᠨ ᠴᠢᠮᠠᠳᠦᠷ ᠥᠭᠭᠦᠭᠡᠳ ᠠᠪᠴᠤ ᠰᠠᠭᠤᠰᠤᠭᠠᠢ ᠂ ᠪᠤᠰᠤ ᠬᠥᠮᠦᠨ ᠬᠠᠯᠳᠠᠨ ᠦᠯᠦ ᠴᠢᠳᠠᠶᠤ 》 ᠬᠡᠮᠡᠬᠦᠢ ᠳ᠋ᠦ᠍ᠷ ᠲᠣᠭᠲᠤᠭ᠎ᠠ ᠥᠭᠦᠯᠡᠷᠦᠨ ᠄ 《 ᠪᠢ ᠬᠡᠮᠡᠭᠴᠢ ᠶᠠᠯᠠᠲᠤ ᠬᠥᠮᠦᠨ ᠪᠦᠬᠦᠢ ᠶ᠋ᠢᠨ ᠲᠤᠯᠠᠳᠠ ᠶᠠᠮᠠᠷ ᠠᠶᠤᠮᠰᠢᠭ ᠦᠭᠡᠢ ᠡᠭᠦᠨᠢ ᠡᠷᠢᠮᠦᠢ 》 ᠭᠡᠮᠡᠨ ᠡᠰᠡ ᠵᠥᠪᠰᠢᠶᠡᠷᠡᠪᠡ ᠃ 
     ᠠᡁᠠᠮᠠ ᠪᠠᠷ ᠲᠣᠭᠲᠤᠭ᠎ᠠ ᠶᠦᠨᠨᠠᠨ ᠤ᠋ ᠭᠠᠵᠠᠷ ᠴᠥᠯᠡᠭᠳᠡᠨ ᠶᠠᠪᠤᠭᠰᠠᠨ ᠤ᠋ ᠬᠣᠢᠨ᠎ᠠ ᠂ ᠬᠠᠭᠠᠨ ᠤ᠋ ᠵᠠᠷᠯᠢᠭ ᠭᠡᠮᠡᠨ ᠬᠤᠳᠠᠯ ᠢ᠋ᠶ᠋ᠠᠷ ᠵᠣᠬᠢᠶᠠᠨ ᠨᠢᠭᠤᠴᠠ ᠪᠠᠷ ᠬᠥᠮᠦᠨ ᠵᠠᠷᠤᠵᠤ ᠠᠴᠢᠩᠬᠢ ᠬᠡᠮᠡᠬᠦ ᠭᠠᠵᠠᠷ ᠲᠤ᠌ ᠲᠣᠭᠲᠤᠭ᠎ᠠ ᠶ᠋ᠢ ᠬᠣᠣᠷᠳᠠᠭᠤᠯᠤᠨ ᠠᠯᠠᠪᠠ ᠃ ᠳᠥᠴᠢᠨ ᠬᠣᠶᠠᠷ ᠨᠠᠰᠤᠲᠠᠢ ᠪᠥᠯᠥᠭᠡ ᠃ ᠰᠤᠳᠤᠷ ᠪᠢᠴᠢᠭ ᠲᠣᠷ ᠲᠣᠭᠲᠤᠭ᠎ᠠ ᠶ᠋ᠢ 《 ᠳᠦᠷᠢ ᠪᠠᠢᠳᠠᠯ ᠠᠨᠤ ᠶᠡᠬᠡᠮᠰᠦᠭ ᠰᠦᠷᠲᠡᠢ ᠂ ᠪᠡᠶ᠎ᠡ ᠪᠢᠯᠳᠠᠷ ᠵᠠᠭᠤᠨ ᠮᠢᠩᠭᠠᠨ ᠬᠥᠮᠦᠨ ᠡᠴᠡ ᠣᠷᠣᠶ᠋ᠢᠯᠠᠮᠤᠢ ᠃ ᠡᠷᠳᠡᠮ ᠴᠢᠳᠠᠯ ᠠᠨᠤ ᠭᠦᠨ ᠬᠣᠯᠠ ᠂ ᠡᠳ᠋ ᠮᠥᠩᠭᠥ ᠶ᠋ᠢ ᠬᠥᠩᠭᠡᠪᠴᠢᠯᠡᠵᠦ ᠥᠩᠭᠡ ᠳᠠᠷᠠᠰᠤ ᠶ᠋ᠢ ᠬᠣᠯᠠᠳᠬᠠᠨ ᠂ ᠮᠡᠷᠭᠡᠳ ᠡᠷᠳᠡᠮᠲᠡᠨ ᠊ᠢ ᠬᠦᠨᠳᠦᠳᠬᠡᠵᠦ ᠂ ᠲᠡᠷᠢᠭᠦᠯᠡᠭᠰᠡᠨ ᠰᠠᠶ᠋ᠢᠳ ᠪᠣᠯᠪᠠᠴᠤ ᠣᠮᠣᠷᠬᠠᠭ ᠦᠭᠡᠢ ᠂ ᠭᠠᠪᠢᠶ᠎ᠠ ᠪᠠᠶ᠋ᠢᠭᠤᠯᠪᠠᠴᠤ ᠬᠥᠭᠡᠷᠬᠦ ᠦᠭᠡᠢ ᠃ ᠡᠵᠡᠨ᠎ᠡ ᠦᠢᠯᠡᠴᠢᠯᠡᠬᠦᠢ ᠳ᠋ᠦ᠍ᠷ ᠤᠵᠠᠭᠤᠷ ᠠ᠋ᠴᠠ ᠡᠴᠦᠰ ᠲᠦ᠍ᠷ ᠬᠦᠷᠲᠡᠯ᠎ᠡ ᠰᠠᠶ᠋ᠢᠳ ᠤ᠋ᠨ  ᠵᠢᠷᠤᠮ ᠊ᠢ ᠠᠯᠳᠠᠭᠰᠠᠨ ᠶᠠᠪᠤᠳᠠᠯ ᠦᠭᠡᠢ ᠃ ᠭᠠᠭᠴᠠ ᠥᠴᠦᠬᠡᠨ ᠬᠥᠮᠦᠨ ᠳ᠋ᠦ᠍ᠷ ᠬᠠᠭᠤᠷᠲᠠᠭᠠᠳ ᠥᠪᠡᠷ ᠦ᠋ᠨ ᠥᠰᠢᠶ᠎ᠡ ᠶ᠋ᠢ ᠠᠪᠬᠤᠢ ᠳ᠋ᠤᠷ ᠡᠷᠳᠡᠮᠲᠡᠨ ᠮᠡᠷᠭᠡᠳ ᠲᠣᠷ ᠡᠯᠡᠭᠯᠡᠭᠳᠡᠮᠦᠢ 》 ᠬᠡᠮᠡᠪᠡ ᠃ 
     ᠬᠣᠵᠢᠮ ᠨᠢ ᠲᠣᠬᠣᠨᠲᠡᠮᠤᠷ ᠬᠠᠭᠠᠨ ᠢ᠋ᠶ᠋ᠠᠷ ᠲᠣᠭᠲᠤᠬ᠋᠎ᠠ ᠶ᠋ᠢ  ᠰᠢᠢᠳᠬᠡᠭᠰᠡᠨ ᠢᠨᠤ ᠲᠣᠬᠢᠷᠠᠮᠵᠢ ᠦᠭᠡᠢ ᠶ᠋ᠢ ᠮᠡᠳᠡᠭᠡᠳ ᠬᠢᠯᠢᠰ ᠊ᠢ ᠴᠠᠭᠠᠳᠬᠠᠵᠤ ᠬᠡᠷᠬᠡᠮ ᠊ᠢ ᠰᠡᠷᠭᠦᠭᠡᠵᠦ ᠂ ᠲᠠᠯᠠᠭᠰᠠᠨ ᠭᠡᠷ ᠬᠥᠷᠥᠩᠭᠡ ᠶ᠋ᠢ ᠪᠤᠴᠠᠭᠠᠵᠤ ᠥᠭᠭᠦᠭᠡᠳ ᠬᠠᠷᠠᠵᠠᠩ ᠊ᠢ ᠲᠥᠪ ᠪᠢᠴᠢᠭ ᠦ᠋ᠨ ᠮᠣᠵᠢ ᠶ᠋ᠢᠨ ᠫᠢᠩ ᠵᠠᠩ ᠵᠸᠩᠰᠢ ᠲᠦᠰᠢᠮᠡᠯ ᠡᠷᠭᠦᠮᠵᠢᠯᠡᠵᠦ ᠂ ᠰᠠᠨᠪᠤᠤᠨᠤ ᠶ᠋ᠢ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠮᠡᠳᠡᠭᠴᠢ ᠪᠣᠯᠭᠠᠵᠠᠢ᠃ 
      ᠠᡁᠠᠮᠨ ᠢ᠋ᠶ᠋ᠠᠷ ᠬᠤᠳᠠᠯ ᠢ᠋ᠶ᠋ᠠᠷ ᠵᠠᠷᠯᠢᠭ ᠪᠠᠭᠤᠯᠭᠠᠵᠤ ᠲᠣᠭᠲᠤᠭ᠎ᠠ ᠶ᠋ᠢ  ᠬᠣᠣᠷᠯᠠᠭᠰᠠᠨ ᠨᠢ ᠬᠡᠷᠡᠭ ᠳᠡᠭᠡᠷ᠎ᠡ ᠪᠡᠨ ᠶᠤᠸᠠᠨ ᠤᠯᠤᠰ ᠤ᠋ᠨ ᠲᠥᠷᠥ ᠶ᠋ᠢ ᠬᠣᠬᠢᠷᠠᠭᠤᠯᠤᠭᠰᠠᠨ ᠬᠡᠷᠡᠭ ᠪᠣᠯᠤᠮᠤᠢ᠃ ᠤᠷᠢᠳᠤ ᠲᠣᠭᠲᠤᠭ᠎ᠠ ᠪᠠᠷ ᠪᠠᠷᠬᠡᠪᠣᠬ᠎ᠠ ᠯᠤᠭ᠎ᠠ ᠥᠰᠢᠶᠡᠷᠬᠡᠵᠦ ᠠᡁᠠᠮᠨ ᠢ᠋ ᠥᠪᠡᠷ ᠦ᠋ᠨ ᠨᠥᠬᠥᠷ ᠪᠣᠯᠭᠠᠨ ᠲᠤᠰᠠᠯᠠᠭᠤᠯᠵᠤ ᠂ ᠡᠳᠦᠭᠡ ᠬᠠᠷᠢᠨ ᠲᠡᠭᠦᠨ ᠦ᠌ ᠭᠠᠷ ᠲᠤ᠌ ᠳᠦᠭᠦᠷᠴᠦᠬᠦᠢ᠃ ᠯᠢᠦ ᠪᠢᠩ ᠵᠦᠩ ᠦ᠋ᠨ ᠵᠥᠩᠨᠡᠭᠰᠡᠨ ᠶᠤᠸᠠᠨ ᠤᠯᠤᠰ ᠥᠷᠥᠨ᠎ᠡ ᠶ᠋ᠢᠨ ᠬᠥᠮᠦᠨ ᠦ᠌ ᠭᠠᠷ ᠲᠤ᠌ ᠮᠥᠬᠥᠮᠦᠢ ᠬᠡᠮᠡᠬᠦ ᠦᠭᠡ ᠡᠳᠦᠭᠡ ᠨᠢᠭᠡᠨᠲᠡ ᠪᠣᠳᠠᠲᠤ ᠬᠡᠷᠡᠭ ᠪᠣᠯᠵᠤᠬᠤᠢ᠃  

     ᠦᠰᠦᠭ ᠠᠮᠢᠯᠠᠭᠤᠯᠤᠭᠴᠢ ᠄ ᠴᠧᠨ ᠬᠤᠪᠢᠰᠬᠠᠯ ᠂ ᠥᠷᠯᠥᠭ ᠂ ᠳ᠋ᠦ᠋ᠩ ᠢᠦᠢ  ᠯᠢᠩ ᠂ ᠪᠤᠤ ᠿᠦᠩ ᠬᠤᠸᠠ ᠂
                                          ᠪᠦᠷᠢᠨᠵᠢᠷᠭᠠᠯ ᠂ ᠣᠤᠠᠬᠣᠨᠬᠤᠸᠠᠷ ᠂ ᠡᠷᠳᠡᠨᠢ
         ᠬᠢᠨᠠᠭᠴᠢ ᠄ ᠮᠥᠴᠢᠷ