ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –8 Монгол оньсгын түүвэр –Хоёрдугаар бүлэг–8
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠬᠡᠷᠡᠭᠯᠡᠵᠦ ᠡᠲᠯᠡᠬᠦ ᠶ᠋ᠢᠨ ᠵᠤᠶ᠋ᠢᠯ – ( ᠬᠤᠶᠠᠷ )
ᠬᠠᠷ᠎ᠠ ᠲᠠᠬᠢᠶ᠎ᠠ
ᠤᠯᠠᠭᠠᠨ ᠬᠣᠩᠰᠢᠶᠠᠷ ᠲᠠᠢ
( ᠲᠣᠰᠤᠨ ᠳ᠋ᠧᠩ )
ᠰᠢᠷᠦᠨ ᠵᠢᠩᠰᠡ ᠲᠡᠢ
ᠰᠢᠭᠦᠰᠦᠨ ᠪᠥᠭᠰᠡ ᠲᠡᠢ
( ᠳᠤᠰᠤᠨ ᠳ᠋ᠸᠩ )
ᠰᠢᠷᠣᠢ ᠬᠠᠷ᠎ᠠ ᠲᠠᠬᠢᠶ᠎ᠠ
ᠰᠢᠩᠬᠤᠨ ᠤᠯᠠᠭᠠᠨ ᠬᠣᠰᠢᠭᠤ ᠲᠠᠢ
( ᠳᠤᠰᠤᠨ ᠳ᠋ᠸᠩ )
ᠭᠣᠸ᠋᠎ᠠ ᠤᠯᠠᠭᠠᠨ
ᠭᠠᠭᠴᠠᠬᠠᠨ ᠴᠢᠪᠠᠬ᠋ᠠ
ᠭᠤᠷᠪᠠᠨ ᠲᠠᠰᠤᠯᠬ᠋ᠠ
ᠭᠡᠷ ᠲᠤ ᠪᠠᠭᠲᠠᠬᠤ ᠦᠭᠡᠢ
( ᠳ᠋ᠸᠩ ᠦ᠋ᠨ ᠭᠡᠷᠡᠯ )
ᠯᠢᠩᠬᠤ᠎ᠠ ᠴᠡᠴᠡᠭ ᠮᠡᠲᠦ ᠬᠡᠯᠪᠡᠷᠢ ᠲᠡᠢ
ᠨᠠᠪᠴᠢ ᠮᠥᠴᠢᠷ ᠮᠡᠲᠦ ᠪᠠᠷᠢᠭᠤᠯ ᠲᠠᠢ
ᠳᠣᠲᠣᠷ᠎ᠠ ᠲᠠᠯ᠎ᠠ ᠳ᠋ᠠᠭᠠᠨ ᠭᠠᠯ ᠲᠠᠢ
ᠭᠠᠲᠠᠷ ᠲᠠᠯ᠎ᠠ ᠳ᠋ᠠᠭᠠᠨ ᠭᠡᠷᠡᠯ ᠲᠡᠢ
( ᠳ᠋ᠸᠩᠯᠦ )
ᠤᠷᠤᠰᠬᠤ ᠦᠭᠡᠢ ᠤᠰᠤ
ᠤᠲᠤᠬ᠋᠎ᠠ ᠦᠭᠡᠢ ᠭᠠᠯ
( ᠵᠤᠯᠠ )
ᠠᠪᠲᠠᠷ᠎ᠠ ᠳᠡᠭᠡᠷ᠎ᠡ
ᠠᠯᠢᠮ᠎ᠠ ᠪᠠᠶ᠋ᠢᠨ᠎ᠠ
ᠠᠪᠤᠶ᠎ᠠ ᠭᠡᠰᠡᠨ
ᠠᠶᠤᠭᠠᠳ ᠪᠠᠶ᠋ᠢᠨ᠎ᠠ
ᠢᠲᠡᠶᠡ ᠭᠡᠰᠡᠨ
ᠢᠴᠢᠭᠡᠳ ᠪᠠᠶ᠋ᠢᠨ᠎ᠠ
( ᠵᠤᠯᠠ )
ᠶᠣᠰᠣ ᠲᠠᠢ ᠬᠥᠮᠦᠨ ᠪ ᠡᠮᠦᠨ᠎ᠡ
ᠶᠣᠨᠲᠣᠨ ᠭᠠᠲᠠᠰᠤ
( ᠵᠤᠯᠠ )
ᠪᠠᠷᠠᠭᠠᠨ ᠳᠡᠭᠡᠷ᠎ᠡ
ᠪᠠᠲᠠᠷᠠᠭᠰᠠᠨ ᠴᠡᠴᠡᠭ
( ᠵᠤᠯᠠ )
ᠥᠨᠲᠥᠷ ᠰᠢᠷ᠎ᠠ ᠬᠥᠮᠦᠨ
ᠥᠪᠡᠷ ᠦ᠋ᠨ ᠪᠡᠶ᠎ᠡ ᠪᠡᠨ ᠢᠲᠡᠨ᠎ᠡ
( ᠬᠦᠵᠢ )
ᠤᠯᠠᠭᠠᠨ ᠯᠠᠮᠠ
ᠰᠢᠷ᠎ᠠ ᠯᠠᠮᠠ ᠶ᠋ᠢ ᠢᠲᠡᠨ᠎ᠡ
( ᠬᠦᠵᠢ ᠠᠰᠠᠭᠠᠬᠤ )
ᠠᠶ᠋ᠢᠯ ᠦ᠋ᠨ ᠲᠣᠭᠠᠨ ᠳ᠋ᠤ᠌ ᠣᠷᠣᠲᠠᠭ ᠦᠭᠡᠢ
ᠠᠶᠠᠬ᠋᠎ᠠ ᠬᠣᠭᠣᠯᠠ ᠴᠤ᠌ ᠢᠳᠡᠳᠡᠭ ᠦᠭᠡᠢ
( ᠪᠤᠷᠬᠠᠨ )
ᠳᠡᠯᠳᠡᠩ ᠳᠡᠯᠳᠡᠩ ᠰᠢᠪᠠᠭᠤ
ᠳᠠᠯᠤ ᠳᠡᠭᠡᠷ᠎ᠡ ᠪᠡᠨ ᠪᠢᠴᠢᠭ᠌ ᠲᠡᠢ
ᠳᠠᠯᠠᠢ ᠯᠠᠮᠠ ᠶ᠋ᠢᠨ ᠱᠠᠪᠢ
ᠬᠡᠯᠡ ᠳᠡᠭᠡᠷ᠎ᠡ ᠪᠡᠨ ᠪᠢᠴᠢᠭ᠌ ᠲᠡᠢ
( ᠲᠠᠷᠴᠠᠭ ᠂ ᠬᠡᠢ ᠮᠣᠷᠢ )
ᠠᠷᠢᠭᠤᠨ ᠴᠠᠭᠠᠨ ᠪᠡᠶ᠎ᠡ ᠲᠡᠢ
ᠠᠰᠬᠠᠨ ᠲᠥᠷᠥᠭᠰᠡᠨ ᠨᠢᠭᠡ ᠵᠠᠯᠠᠭᠤ
ᠤᠴᠢᠷ ᠦᠭᠡᠢ ᠪᠡᠷ ᠪᠤᠰᠤᠳ ᠦ᠋ᠨ ᠲᠥᠯᠥᠭᠡ
ᠣᠬᠢᠯᠠᠭᠰᠠᠭᠠᠷ ᠨᠢᠭᠡᠨ ᠨᠠᠰᠤ ᠪᠠᠨ ᠪᠠᠷᠠᠪᠠ
( ᠯᠠ )
ᠤᠭ ᠪᠡᠶ᠎ᠡ ᠨᠢ ᠰᠢᠯᠤᠭᠤᠨ
ᠤᠬᠠᠭᠠᠨ ᠰᠠᠨᠠᠬ᠋᠎ᠠ ᠨᠢ ᠰᠢᠲᠤᠷᠭᠤ
ᠭᠡᠵᠢᠭᠡ ᠡᠴᠡ ᠨᠢ ᠭᠡᠷᠡᠯ ᠭᠠᠷᠴᠤ
ᠭᠡᠲᠡᠰᠦ ᠡᠴᠡ ᠨᠢ ᠬᠠᠶ᠋ᠢᠯ ᠪᠠᠭᠤᠨ᠎ᠠ
( ᠯᠠ )
ᠵᠣᠪᠠᠯᠠᠩ ᠦᠭᠡᠢ ᠪᠠᠶ᠋ᠢᠭᠠᠳ
ᠵᠠᠯᠬ᠋ᠠ ᠣᠬᠢᠯᠠᠭᠰᠠᠭᠠᠷ
ᠵᠢᠷᠭᠠᠯ ᠦᠭᠡᠢ ᠪᠠᠶ᠋ᠢᠭᠠᠳ
ᠵᠣᠭᠣᠭ ᠦ᠋ᠨ ᠳᠤᠮᠳᠠ ᠰᠠᠭᠤᠭᠰᠠᠭᠠᠷ
ᠵᠢᠭᠠᠬᠠᠨ ᠪᠡᠶ᠎ᠡ ᠪᠡᠨ ᠰᠥᠨᠥᠭᠡᠳᠡᠭ
( ᠯᠠ )
ᠵᠠ ᠵᠠ ᠂ ᠵᠠᠭ ᠵᠠᠭ
ᠵᠠ ᠡᠮᠡᠭᠡᠨ ᠳ᠋ᠣᠭ ᠳ᠋ᠣᠭ
( ᠤᠭᠤᠷ ᠨᠦᠲᠦᠭᠦᠷ )
ᠳᠤᠮᠳᠠ ᠪᠠᠨ ᠠᠭᠤᠢ ᠲᠠᠢ
ᠳᠣᠯᠳᠣᠭᠣ ᠪᠠᠭᠠᠲᠤᠷ
( ᠤᠭᠤᠷ )
ᠢᠰᠢᠭᠡ ᠲᠡᠢ ᠢᠮᠠᠬ᠋ᠠ
ᠠᠶ᠋ᠢᠯ ᠡᠷᠭᠢᠨ᠎ᠡ
( ᠤᠭᠤᠷ ᠨᠦᠲᠦᠭᠦᠷ )
ᠡᠮᠦᠨ᠎ᠡ ᠠᠶ᠋ᠢᠯ ᠨᠢ ᠪᠤᠲᠠᠬ᠋᠎ᠠ ᠢᠲᠡᠨ
ᠬᠣᠶ᠋ᠢᠲᠤ ᠠᠶ᠋ᠢᠯ ᠨᠢ ᠰᠢᠷᠣᠢ ᠢᠲᠡᠨ᠎ᠡ
( ᠬᠥᠯ ᠤᠭᠤᠷ )
ᠲᠡᠨᠡᠭ ᠡᠪᠦᠭᠡᠨ
ᠲᠩᠷᠢ ᠥᠭᠡᠲᠡ ᠦᠰᠦᠷᠦᠨ᠎ᠡ
( ᠨᠦᠲᠦᠭᠦᠷ )
ᠡᠮᠡᠭᠡᠨ ᠡᠪᠦᠭᠡᠨ ᠬᠣᠶᠠᠷ
ᠥᠷᠯᠥᠭᠡ ᠪᠣᠰᠤᠭᠠᠳ ᠵᠣᠲᠣᠯᠲᠤᠨᠠ
( ᠤᠭᠤᠷ ᠨᠦᠲᠦᠭᠦᠷ )
ᠬᠣᠲᠠ ᠨᠢ ᠬᠣᠩᠬᠣᠶ᠋ᠢᠲᠠᠭ
ᠬᠤᠴᠠ ᠨᠢ ᠮᠥᠷᠭᠦᠳᠡᠭ
( ᠤᠭᠤᠷ ᠨᠦᠲᠦᠭᠦᠷ )
ᠤᠰᠤ ᠨᠡᠪᠲᠡᠷᠡᠳᠡᠭ ᠦᠭᠡᠢ
ᠬᠡᠷᠡᠭ ᠨᠡᠪᠲᠡᠷᠡᠳᠡᠭ
( ᠰᠢᠯ )
ᠭᠡᠷ ᠭᠡᠷ ᠲᠦ
ᠨᠣᠬᠠᠢ ᠶ᠋ᠢᠨ ᠭᠤᠶ᠎ᠠ
( ᠱᠦᠭᠦᠷ )
ᠪᠠᠷᠠᠭᠤᠨᠲᠠᠢ ᠠ᠋ᠴᠠ ᠢᠷᠡᠬᠦ ᠪᠠᠭᠰᠢ
ᠪᠠᠯᠭᠠᠷ ᠮᠣᠲᠣᠨ ᠪ ᠨᠠᠪᠴᠢ
ᠰᠢᠲᠦᠯᠡᠩ ᠦᠬᠡᠷ ᠦ᠋ᠨ ᠰᠢᠲᠦ
ᠰᠢᠷᠡᠭᠡᠲᠦ ᠯᠠᠮᠠ ᠶ᠋ᠢᠨ ᠬᠤᠪᠢᠯᠭᠠᠨ
( ᠬᠡᠲᠡ )
ᠠᠷᠤ ᠶ᠋ᠢᠨ ᠪᠡᠶ᠎ᠡ ᠪᠡᠷ ᠨᠤᠲᠤᠭ ᠲᠠᠢ
ᠠᠷᠠᠰᠤ ᠰᠢᠷᠢᠨ ᠤᠭᠤᠲᠠ ᠲᠠᠢ
ᠬᠠᠶ᠋ᠢᠷ ᠴᠢᠯᠠᠭᠤᠨ ᠨᠥᠬᠥᠷ ᠲᠡᠢ
ᠬᠠᠶ᠋ᠢᠷᠰᠢᠨ ᠳᠡᠰᠦᠷᠡᠳᠡᠭ ᠭᠠᠯ ᠲᠠᠢ
ᠤᠯᠠᠭᠠᠨ ᠮᠥᠨᠲᠥᠷ ᠪᠠᠭᠤᠯᠭᠠᠲᠠᠭ
ᠤᠯᠤᠰ ᠦ᠋ᠨ ᠬᠡᠷᠡᠭ ᠊ᠢ ᠪᠦᠷᠦᠭᠡᠳᠡᠭ
( ᠬᠡᠲᠡ )
ᠴᠢᠨ ᠴᠢᠨ ᠪ ᠮᠥᠩᠭᠥ
ᠴᠢᠩᠭᠢᠰ ᠬᠠᠭᠠᠨ ᠪ ᠪᠡᠯᠡᠭ
ᠠᠷᠤ ᠭᠠᠵᠠᠷ ᠦ᠋ᠨ ᠨᠠᠪᠴᠢ
ᠠᠯᠲᠠ ᠮᠥᠩᠭᠥᠨ ᠥᠭᠡᠲᠡᠰᠦ
( ᠬᠡᠲᠡ ᠴᠠᠬᠢᠭᠤᠷ )
ᠬᠥᠨᠲᠡᠢ ᠮᠣᠲᠣᠨ ᠳ᠋ᠤ᠌
ᠬᠥᠬᠡ ᠴᠢᠨᠣ᠎ᠠ
( ᠬᠢᠲᠤᠬ᠋ᠠ )
ᠬᠥᠮᠦᠨ ᠰᠢᠭ᠌ ᠮᠢᠬ᠎ᠠ ᠢᠲᠡᠭᠡᠳ
ᠬᠤᠯᠤᠭᠠᠨ᠎ᠠ ᠰᠢᠭ᠋ ᠨᠦᠬᠡ ᠤᠷᠤᠭᠤ ᠪᠠᠨ ᠭᠦᠶᠦᠨ᠎ᠡ
( ᠬᠢᠲᠤᠬ᠋ᠠ )
ᠢᠳᠡᠳᠡᠭ ᠨᠢ ᠢᠷᠭᠡ ᠰᠡᠷᠭᠡ
ᠬᠣᠨᠣᠲᠠᠭ ᠨᠢ ᠬᠣᠩᠬᠢᠶ᠎ᠠ ᠮᠣᠲᠣ
( ᠬᠢᠲᠤᠬ᠋ᠠ )
ᠮᠠᠨ ᠪ ᠬᠡᠦᠬᠡᠳ
ᠮᠢᠬᠠᠨ ᠳ᠋ᠤ᠌ ᠳᠤᠷᠠᠲᠠᠢ
ᠮᠠᠨᠵᠤ ᠶ᠋ᠢᠨ ᠬᠡᠦᠬᠡᠳ
ᠪᠤᠲᠠᠭᠠᠨ ᠳ᠋ᠤ᠌ ᠳᠤᠷᠠᠲᠠᠢ
( ᠬᠢᠲᠤᠬ᠋ᠠ ᠰᠠᠪᠬ᠎ᠠ )
ᠬᠠᠵᠠᠭᠤ ᠪᠡᠶ᠎ᠡ ᠪᠡᠷ ᠨᠤᠲᠤᠭᠯᠠᠲᠠᠭ
ᠬᠠᠷᠠᠪᠲᠤᠷ ᠬᠣᠩᠬᠢᠶ᠎ᠠ ᠭᠡᠷ ᠲᠡᠢ
ᠬᠠᠷᠰᠢ ᠳᠠᠶ᠋ᠢᠰᠤᠨ ᠊ᠢ ᠰᠥᠨᠥᠭᠡᠳᠡᠭ
ᠬᠠᠲᠠᠭᠤ ᠡᠷᠡᠰ ᠵᠠᠩ ᠲᠠᠢ
ᠬᠣᠣᠰᠯᠠᠨ ᠶᠠᠪᠤᠵᠤ ᠰᠢᠭᠦᠷᠡᠳᠡᠭ
ᠬᠣᠶᠠᠷ ᠭᠣᠸ᠋᠎ᠠ ᠳᠡᠭᠦᠦ ᠲᠡᠢ
( ᠬᠢᠲᠤᠬ᠋ᠠ ᠰᠠᠪᠬ᠎ᠠ )
ᠬᠠᠮᠲᠤ ᠶ᠋ᠢᠨ ᠲᠥᠯᠥᠭᠡ
ᠬᠠᠲᠠ ᠮᠥᠷᠭᠥᠨ᠎ᠡ
ᠬᠠᠶ᠋ᠢᠷᠠᠨ ᠪᠡᠶ᠎ᠡ ᠪᠡᠨ
ᠬᠠᠷᠠᠮ ᠦᠭᠡᠢ ᠰᠥᠨᠥᠭᠡᠨ᠎ᠡ
( ᠴᠦᠢᠲᠡᠩ )
ᠡᠷᠡᠭ᠋ ( ᠡᠷᠡᠦ ) ᠦᠭᠡᠢ ᠲᠡᠮᠡᠭᠡ
ᠡᠪᠡᠰᠦ ᠢᠲᠡᠬᠦ ᠬᠡᠴᠡᠭᠦᠦ
( ᠬᠠᠲᠤᠭᠤᠷ )
ᠡᠷ᠎ᠡ ᠬᠥᠮᠦᠨ ᠪ ᠲᠣᠯᠣᠭᠠᠢ ᠶ᠋ᠢ
ᠡᠷᠡᠦ ᠪᠡᠷ ᠶ᠋ᠢᠡᠨ ᠳᠣᠯᠢᠶᠠᠵᠤ
ᠦᠰᠦ ᠰᠠᠬᠠᠯ ᠊ᠢ ᠨᠢ ᠢᠲᠡᠵᠦ
ᠥᠪᠡᠷ ᠦ᠋ᠨ ᠣᠷᠣᠨ ᠳ᠋ᠠᠭᠠᠨ ᠤᠨᠲᠠᠲᠠᠭ
( ᠲᠣᠩᠭᠣᠷᠠᠭ)
ᠪᠡᠶ᠎ᠡ ᠳ᠋ᠡᠭᠡᠨ ᠰᠠᠯᠬᠢ ᠲᠠᠢ
ᠪᠡᠭᠡᠵᠢᠩ ᠭᠠᠵᠠᠷ ᠦ᠋ᠨ ᠬᠦᠦ
ᠬᠠᠯᠠᠭᠤᠨ ᠳ᠋ᠤ᠌ ᠬᠠᠨᠢ ᠪᠣᠯᠤᠨ᠎ᠠ
ᠬᠦᠢᠲᠡᠨ ᠳ᠋ᠤ᠌ ᠬᠤᠪᠢ ᠪᠠᠨ ᠬᠥᠭᠡᠭᠡᠨ᠎ᠡ
( ᠳᠡᠪᠢᠭᠦᠷ)
ᠠᠮᠠ ᠦᠭᠡᠢ ᠪᠠᠶ᠋ᠢᠭᠠᠳ ᠨᠢᠭᠤᠷ ᠲᠠᠢ
ᠠᠯᠬᠤᠬᠤ ᠦᠭᠡᠢ ᠪᠠᠶ᠋ᠢᠭᠠᠳ ᠬᠦᠯ ᠲᠡᠢ
ᠠᠵᠢᠯᠯᠠᠬᠤ ᠦᠭᠡᠢ ᠪᠠᠶ᠋ᠢᠭᠠᠳ ᠠᠴᠢᠶ᠎ᠠ ᠲᠠᠢ
ᠠᠯᠢ ᠴᠤ᠌ ᠢᠲᠡᠭᠡᠨ ᠡᠴᠡ ᠬᠣᠵᠢᠬᠲᠠᠬᠤ ᠦᠭᠡᠢ
( ᠰᠢᠷᠡᠭᠡ)
ᠨᠢᠭᠤᠷ ᠪᠠᠶ᠋ᠢᠭᠠᠳ ᠠᠮᠠ ᠦᠭᠡᠢ
ᠬᠦᠯ ᠪᠠᠶ᠋ᠢᠭᠠᠳ ᠭᠠᠷ ᠦᠭᠡᠢ
ᠰᠠᠶ᠋ᠢᠨ ᠠᠷᠢᠬᠢ ᠠ᠋ᠴᠠ ᠬᠣᠴᠣᠷᠬᠤ ᠦᠭᠡᠢ
ᠰᠠᠶ᠋ᠢᠬᠠᠨ ᠬᠣᠭᠣᠯᠠ ᠠ᠋ᠴᠠ ᠬᠣᠵᠢᠬᠲᠠᠬᠤ ᠦᠭᠡᠢ
( ᠰᠢᠷᠡᠭᠡ)
ᠢᠳᠡᠳᠡᠭ ᠦᠭᠡᠢ ᠪᠠᠶ᠋ᠢᠲᠠᠯ᠎ᠠ ᠪᠠᠨ
ᠶᠡᠬᠡ ᠭᠡᠲᠡᠰᠦ ᠲᠡᠢ
ᠶᠠᠪᠤᠲᠠᠭ ᠦᠭᠡᠢ ᠪᠠᠶ᠋ᠢᠲᠠᠯ᠎ᠠ ᠪᠠᠨ
ᠳᠦᠷᠪᠡᠨ ᠬᠥᠯ ᠲᠡᠢ
( ᠰᠢᠷᠡᠭᠡ)
ᠭᠡᠭᠡᠨ ᠪ ᠮᠣᠷᠢ
ᠭᠡᠲᠡᠰᠦ ᠦᠭᠡᠢ
( ᠰᠢᠷᠡᠭᠡ)
ᠳᠦᠷᠪᠡᠨ ᠬᠦᠮᠦᠨ
ᠨᠢᠭᠡ ᠮᠠᠯᠠᠭᠠᠢ ᠲᠠᠢ
( ᠰᠢᠷᠡᠭᠡ)
ᠠᠬ᠎ᠠ ᠳᠡᠭᠦᠦ ᠳᠥᠷᠪᠡᠭᠦᠯᠡ ᠪᠡᠨ
ᠨᠢᠭᠡ ᠮᠠᠯᠠᠬ᠋ᠠ ᠡᠮᠦᠰᠦᠨ᠎ᠡ
( ᠰᠢᠷᠡᠭᠡ)
ᠬᠥᠮᠥᠰᠬᠡ ᠶ᠋ᠢ ᠨᠢ ᠲᠠᠲᠠᠵᠤ
ᠨᠢᠲᠦ ᠶ᠋ᠢ ᠨᠢ ᠣᠩᠭᠣᠶ᠋ᠢᠯᠭᠠᠨᠠ
( ᠰᠢᠷᠭᠤᠤᠯ)
ᠬᠠᠪᠲᠠᠰᠤᠨ ᠪᠡᠶ᠎ᠡ ᠲᠡᠢ
ᠬᠠᠪᠲᠠᠭᠠᠢ ᠳᠦᠷᠰᠦ ᠲᠡᠢ
ᠬᠠᠮᠤᠭ ᠬᠥᠮᠦᠰ ᠊ᠢ ᠤᠨᠤᠭᠤᠯᠲᠠᠭ
ᠬᠠᠯᠠᠭᠤᠨ ᠰᠡᠤᠠᠬᠢᠯ ᠲᠡᠢ ᠬᠥᠯᠥᠭ
( ᠰᠠᠨᠲᠠᠯᠢ)
ᠬᠠᠷᠠᠭᠴᠢ ᠦᠨᠢᠶᠡᠨ ᠳ᠋ᠤ᠌
ᠬᠠᠲᠠᠭᠤ ᠬᠦᠲᠡᠬᠦᠦ ᠶ᠋ᠢ ᠠᠴᠢᠨ᠎ᠠ
( ᠲᠠᠯᠪᠢᠭᠤᠷ)
ᠡᠴᠡᠩᠬᠡᠢ ᠲᠡᠮᠡᠭᠡ
ᠡᠯᠲᠡᠪ ᠶᠠᠭᠤᠮ᠎ᠠ ᠶ᠋ᠢ ᠳᠠᠭᠠᠭᠠᠨ᠎ᠠ
( ᠲᠠᠯᠪᠢᠭᠤᠷ)
ᠮᠣᠷᠢᠨ ᠲᠣᠯᠣᠭᠠᠢ ᠲᠠᠢ
ᠮᠣᠲᠣᠨ ᠪᠡᠶ᠎ᠡ ᠲᠡᠢ
( ᠠᠨᠵᠢᠰᠤ)
ᠬᠠᠷ᠎ᠠ ᠦᠬᠡᠷ ᠳᠡᠭᠡᠷ᠎ᠡ
ᠬᠠᠲᠠᠭᠤ ᠬᠦᠲᠡᠬᠦᠦ ᠶ᠋ᠢ ᠠᠴᠢᠬᠤ
( ᠳᠡᠪᠡᠯ ᠦ᠋ᠨ ᠡᠯᠭᠦᠭᠦᠷ)
ᠠᠭᠤᠯᠠ ᠭᠣᠣᠯ ᠳ᠋ᠤ᠌ ᠨᠤᠲᠤᠭ ᠲᠠᠢ
ᠤᠷᠲᠤ ᠨᠠᠷᠢᠬᠠᠨ ᠪᠡᠶ᠎ᠡ ᠲᠡᠢ
ᠬᠥᠲᠡᠭᠡ ᠶ᠋ᠢᠨ ᠮᠠᠯᠴᠢᠨ ᠵᠠᠯᠠᠵᠤ ᠢᠷᠡᠭᠡᠳ
ᠬᠦᠴᠦᠲᠦ ᠪᠠᠭᠠᠲᠤᠷ ᠳᠠᠭᠠᠨ ᠬᠣᠯᠪᠣᠵᠤ
ᠡᠷ᠎ᠡ ᠴᠢᠲᠠᠯ ᠊ᠢ ᠨᠢ ᠦᠵᠡᠬᠦ ᠪᠡᠷ
ᠡᠲᠦᠷ ᠦ᠋ᠨ ᠮᠠᠷᠭᠠᠰᠢ ᠨᠣᠴᠣᠯᠲᠤᠭᠤᠯᠤᠨᠠ
( ᠤᠷᠬ᠋᠎ᠠ)
ᠠᠤᠠᠬᠤᠨ ᠳ᠋ᠤ᠌ ᠪᠠᠭᠲᠠᠭᠠᠳ
ᠠᠪᠲᠠᠷ᠎ᠠ ᠳ᠋ᠤ᠌ ᠪᠠᠭᠲᠠᠬᠤ ᠦᠭᠡᠢ
( ᠤᠷᠬ᠋᠎ᠠ)
ᠬᠦᠵᠦᠭᠦᠦ ᠦᠭᠡᠢ ᠪᠤᠬ᠎ᠠ
ᠬᠦᠴᠦ ᠲᠡᠢ
( ᠡᠷᠭᠢᠨᠡᠭ )
ᠲᠣᠷᠭᠠᠨ ᠳᠡᠭᠡᠭᠦᠷ ᠭᠦᠶᠦᠪᠡᠴᠦ
ᠲᠣᠷᠬ᠋᠎ᠠ ᠡᠮᠦᠰᠬᠦ ᠦᠭᠡᠢ ᠬᠡᠦᠬᠡᠨ
( ᠵᠡᠭᠦᠦ)
ᠬᠠᠲᠠᠭᠤ ᠨᠠᠷᠢᠨ ᠪᠡᠶ᠎ᠡ ᠲᠡᠢ
ᠬᠠᠤᠠᠬᠤᠵᠤ ᠰᠢᠪᠡᠬᠦ ᠡᠷᠲᠡᠮ ᠲᠡᠢ
ᠬᠠᠮᠠᠷ ᠠ᠋ᠴᠠ ᠪᠠᠨ ᠳᠥᠷᠦᠯᠡᠭᠦᠯᠦᠨ ᠶᠠᠪᠤᠵᠤ
ᠬᠠᠭᠠᠷᠠᠭᠰᠠᠨ ᠰᠢᠷᠬ᠎ᠠ ᠶ᠋ᠢ ᠨᠠᠭᠠᠲᠠᠭ
( ᠵᠡᠭᠦᠦ)
ᠬᠥᠬᠡ ᠢᠰᠢᠭᠡ
ᠬᠥᠭᠡᠨ᠎ᠡ ᠪᠡᠨ ᠴᠢᠷᠦᠭᠡᠳ ᠭᠦᠶᠦᠨ᠎ᠡ
( ᠵᠡᠭᠦᠦ)
ᠥᠷᠥᠭᠡᠰᠦᠨ ᠨᠢᠲᠦ ᠲᠡᠢ
ᠥᠷᠥᠭᠡᠰᠦᠨ ᠬᠦᠯ ᠲᠡᠢ
( ᠵᠡᠭᠦᠦ)
ᠰᠦᠷᠡᠬᠡᠢ ᠬᠥᠬᠡ ᠮᠣᠷᠢ
ᠰᠦᠷ ᠰᠦᠷ ᠭᠦᠶᠦᠨ᠎ᠡ
( ᠵᠡᠭᠦᠦ)
ᠱᠣᠲᠣᠩ ᠬᠥᠬᠡ ᠮᠣᠷᠢ ᠲᠠᠢ
ᠱᠣᠪᠣᠭᠣᠷ ᠣᠷᠣᠶ᠋ᠢᠪᠴᠢ ᠮᠠᠯᠠᠬ᠋ᠠ ᠲᠠᠢ
( ᠵᠡᠭᠦᠦ ᠬᠤᠷᠤᠭᠤᠪᠴᠢ)
ᠬᠤᠪᠠᠨ ᠪᠣᠷᠣ ᠬᠦᠦ
ᠬᠣᠷᠢ ᠭᠤᠴᠢᠨ ᠰᠢᠷᠬ᠎ᠠ ᠲᠠᠢ
( ᠬᠤᠷᠤᠭᠤᠪᠴᠢ)
ᠣᠲᠣᠯᠠᠢ ᠮᠣᠲᠣᠨ ᠳᠡᠭᠡᠷ᠎ᠡ
ᠲᠣᠲᠣᠯᠠᠢ ᠰᠢᠪᠠᠭᠤ
( ᠬᠤᠷᠤᠭᠤᠪᠴᠢ)
ᠲᠣᠯᠣᠭᠠᠢ ᠡᠪᠡᠤᠠᠬᠦ ᠳ᠋ᠤ᠌
ᠲᠣᠭᠣᠷᠴᠣᠭ ᠡᠮᠦᠰᠦᠨ᠎ᠡ
( ᠬᠤᠷᠤᠭᠤᠪᠴᠢ )
ᠢᠲᠡᠬᠦ ᠠᠮᠠ ᠲᠠᠢ
ᠵᠠᠯᠭᠢᠬᠤ ᠬᠣᠭᠣᠯᠠᠢ ᠦᠭᠡᠢ
( ᠬᠠᠶ᠋ᠢᠴᠢ)
ᠡᠭᠡᠴᠢ ᠳᠡᠭᠦᠦ ᠬᠣᠶᠠᠭᠤᠯᠠ ᠶ᠋ᠢᠨ
ᠡᠭᠡᠮ ᠰᠠᠴᠠᠭᠤ
( ᠬᠠᠶ᠋ᠢᠴᠢ)
ᠮᠡᠯᠡᠬᠡᠢ ᠶ᠋ᠢᠨ ᠪᠡᠶ᠎ᠡ ᠲᠡᠢ
ᠱᠠᠭᠠᠵᠠᠭᠠᠢ ᠶ᠋ᠢᠨ ᠬᠣᠩᠰᠢᠶᠠᠷ ᠲᠠᠢ
( ᠬᠠᠶ᠋ᠢᠴᠢ)
ᠨᠣᠮᠣᠨ ᠬᠡᠯᠪᠡᠷᠢ ᠶ᠋ᠢᠨ ᠪᠡᠶ᠎ᠡ ᠲᠡᠢ
ᠨᠠᠷᠢᠨ ᠤᠷᠲᠤ ᠬᠣᠩᠰᠢᠶᠠᠷ ᠲᠠᠢ
ᠪᠤᠲᠠᠬ᠋᠎ᠠ ᠵᠠᠭᠤᠰᠢ ᠢᠲᠡᠬᠦ ᠦᠭᠡᠢ
ᠪᠥᠰ ᠴᠠᠭᠠᠰᠤ ᠢᠲᠡᠨ᠎ᠡ
( ᠬᠠᠶ᠋ᠢᠴᠢ)
ᠡᠷᠲᠡᠮ ᠨᠢ ᠨᠡᠮᠡᠭᠳᠡᠭᠡᠳ ᠨᠢᠰᠬᠦ ᠳ᠋ᠡᠭᠡᠨ ᠬᠦᠷᠴᠦ
ᠡᠭᠡᠯ ᠴᠠᠭᠠᠨ ᠰᠢᠳᠡᠮᠡᠰᠦ ᠳ᠋ᠤ᠌ ᠪᠣᠭᠣᠮᠢᠯᠠᠭᠳᠠᠪᠠ
( ᠡᠭᠡᠷᠡᠦᠯ )
ᠡᠵᠢ ᠶ᠋ᠢᠨ ᠡᠮᠦᠨ᠎ᠡ ᠡᠬᠡᠷ ᠳᠡᠭᠡᠷ
( ᠡᠭᠡᠷᠡᠦᠯ )
ᠴᠠᠭᠠᠨ ᠳᠠᠭ᠎ᠠ ᠵᠢᠷᠢᠢᠭᠡᠳ
ᠳᠡᠪᠢᠵᠦ ᠳᠡᠪᠢᠵᠦ ᠲᠠᠷᠭᠤᠯᠠᠨ᠎ᠠ
( ᠡᠭᠡᠷᠡᠦᠯ )
ᠬᠠᠯᠠᠭᠤᠨ ᠭᠠᠯ ᠤᠨ ᠢᠳᠡᠰᠢ ᠲᠠᠢ
ᠬᠠᠮᠪᠤ ᠲᠣᠷᠭᠠᠨ ᠳᠡᠪᠢᠰᠭᠡᠷ ᠲᠠᠢ
ᠬᠠᠮᠢᠭ᠎ᠠ ᠠ᠋ᠴᠠ ᠢᠷᠡᠭᠰᠡᠨ ᠵᠣᠴᠢᠨ ᠪᠤᠢ
ᠬᠡᠨ ᠲᠡᠭᠦᠨ ᠢ ᠲᠠᠨᠢᠬᠤ ᠪᠤᠢ
( ᠢᠯᠡᠦᠷ )
ᠬᠠᠪᠲᠠᠭᠠᠢ ᠭᠤᠷᠪᠠᠯᠵᠢᠨ ᠪᠡᠶ᠎ᠡ ᠲᠠᠢ
ᠬᠠᠨᠢᠭᠠᠷ ᠤᠷᠲᠤ ᠰᠡᠭᠦᠯ ᠲᠠᠢ
ᠬᠠᠯᠠᠭᠤᠨ ᠭᠠᠯ ᠤᠨ ᠬᠡᠪᠲᠡᠰᠢ ᠲᠠᠢ
ᠬᠠᠩᠪᠤ ᠲᠣᠷᠭᠠᠨ ᠳᠡᠪᠢᠰᠭᠡᠷ ᠲᠠᠢ
( ᠢᠯᠡᠦᠷ )
ᠲᠣᠷᠭᠠᠨ ᠳᠡᠭᠡᠷ᠎ᠡ ᠰᠠᠭᠤᠳᠠᠭ ᠰᠦᠨᠡᠰᠦᠭᠡᠢ ( ᠰᠦᠨᠡᠰᠦ )
ᠲᠣᠰᠣ ᠢᠳᠡᠬᠦ ᠦᠭᠡᠢ ᠰᠦᠨᠡᠰᠦᠭᠡᠢ
ᠦᠨᠡᠰᠦᠨ ᠳᠡᠭᠡᠷ᠎ᠡ ᠰᠠᠭᠤᠳᠠᠭ ᠰᠦᠨᠡᠰᠦᠭᠡᠢ
ᠥᠭᠡᠬᠦ ᠢᠳᠡᠬᠦ ᠦᠭᠡᠢ ᠰᠦᠨᠡᠰᠦᠭᠡᠢ
( ᠢᠯᠡᠦᠷ )
ᠵᠤᠰᠠᠭ ᠢᠮᠠᠭ᠎ᠠ ᠵᠢᠷᠭᠤᠭᠠᠨ ᠬᠥᠬᠥ ᠲᠠᠢ
( ᠰᠤᠶ᠋ᠢᠬᠡ )
ᠴᠢᠩᠨᠠᠭᠴᠢ ᠶ᠋ᠢᠨ ᠭᠠᠳᠠᠨ᠎ᠠ
ᠰᠢᠷᠭ᠎ᠠ ᠳᠠᠭ᠎ᠠ ᠤᠶᠠᠭᠠᠲᠠᠢ
( ᠡᠭᠡᠮᠦᠭ )
ᠴᠢᠩᠨᠠᠭᠴᠢ ᠶ᠋ᠢᠨ ᠭᠠᠳᠠᠨ᠎ᠠ
ᠴᠢᠩ ᠰᠢᠷᠭ᠎ᠠ ᠳᠠᠭ᠎ᠠ
( ᠡᠭᠡᠮᠦᠭ )
ᠮᠣᠭᠠᠢ ᠮᠡᠲᠦ ᠣᠷᠢᠶᠠᠨ᠎ᠠ
( ᠪᠦᠯᠡᠵᠡᠭ )
ᠲᠠᠪᠤᠨ ᠳᠠᠭᠢᠷ ᠤᠨ ᠡᠷᠬᠡ ᠪᠠᠷ ᠮᠣᠷᠳᠠᠭᠴᠢ
ᠳᠠᠭᠢᠷ ᠬᠠᠷ᠎ᠠ ᠶ᠋ᠢᠨ ᠬᠣᠣᠷ ᠱᠦᠭᠦᠷᠳᠡᠭᠴᠢ
ᠲᠠᠪᠢ ᠵᠢᠷᠠᠨ ᠰᠠᠴᠠᠭᠤ ᠬᠥᠯᠲᠡᠨ
( ᠰᠠᠮ )
ᠨᠢᠷᠤᠭᠤ ᠨᠢ ᠬᠤᠭᠤᠷᠳᠠᠭ
ᠨᠤᠭᠤᠰᠤ ᠨᠢ ᠲᠠᠰᠤᠷᠠᠳᠠᠭ ᠦᠭᠡᠢ
( ᠡᠷᠢᠬᠡ )
ᠵᠠᠭᠤ ᠨᠠᠢ᠍ᠮᠠᠨ ᠬᠤᠤᠱᠠᠩ
ᠨᠢᠭᠡ ᠵᠠᠮ ᠢᠶ᠋ᠠᠷ ᠴᠤᠪᠤᠷᠠᠨ᠎ᠠ
( ᠡᠷᠢᠬᠡ )
ᠮᠣᠭᠠᠢ ᠡᠷᠢᠶᠡᠨ ᠪᠡᠶ᠎ᠡ ᠲᠠᠢ
ᠮᠣᠳᠣᠨ ᠭᠤᠷᠪᠠᠨ ᠬᠢᠮᠤᠰᠤ ᠲᠠᠢ
ᠬᠣᠶᠠᠷ ᠭᠠᠷ ᠲᠠᠢ ᠨᠢᠭᠡ ᠬᠥᠯ ᠲᠠᠢ
( ᠴᠢᠳᠥᠷ )
ᠡᠷᠬᠢ ᠳᠣᠭᠤᠤᠷ
ᠡᠷᠢᠶᠡᠨ ᠮᠣᠭᠠᠢ
( ᠴᠢᠳᠥᠷ )
ᠮᠣᠷᠢᠨ ᠠ᠋ᠴᠠ ᠥᠨᠳᠥᠷ
ᠨᠣᠬᠠᠢ ᠠ᠋ᠴᠠ ᠪᠣᠭᠣᠨᠢ
( ᠡᠮᠡᠭᠡᠯ )
ᠬᠢᠷ᠎ᠠ ᠳᠡᠭᠡᠷ᠎ᠡ
ᠬᠠᠷᠴᠠᠭᠠᠢ ᠶ᠋ᠢᠨ ᠶᠠᠰᠤ
( ᠡᠮᠡᠭᠡᠯ )
ᠬᠠᠭᠠᠯᠭᠠᠨ ᠠᠷᠤ ᠳ᠋ᠤ᠌
ᠬᠠᠩᠭᠢᠷ ᠴᠢᠩᠭᠢᠷ
( ᠬᠠᠵᠠᠭᠠᠷ )
ᠲᠠᠨ ᠠ᠋ᠴᠠ ᠵᠢᠭᠠᠬᠠᠨ
ᠲᠠᠨ ᠢ ᠳᠠᠭᠠᠭᠠᠨ᠎ᠠ
( ᠳᠥᠷᠥᠭᠡ )
ᠬᠠᠨ ᠨᠣᠶᠠᠨ
ᠬᠠᠯᠠ ᠲᠠᠢ ᠨᠣᠶᠠᠨ
ᠲᠤᠯᠬᠤ ᠨᠣᠶᠠᠨ
ᠳᠣᠪᠲᠣᠯᠬᠤ ᠨᠣᠶᠠᠨ
( ᠡᠮᠡᠭᠡᠯ ᠲᠠᠰᠢᠭᠤᠷ ᠳᠥᠷᠥᠭᠡ ᠮᠣᠷᠢ )
ᠳᠠᠩ ᠳᠠᠪᠠᠭ᠎ᠠ
ᠳᠠᠪᠬᠤᠷ ᠳᠠᠪᠠᠭ᠎ᠠ
ᠬᠥᠨᠳᠡᠢ ᠳᠠᠪᠠᠭ᠎ᠠ
ᠬᠥᠲᠥᠯ ᠳᠠᠪᠠᠭ᠎ᠠ
( ᠡᠮᠡᠭᠡᠯ )
ᠴᠢ ᠴᠠᠰᠢ ᠪᠠᠨ
ᠪᠢ ᠨᠡᠰᠢ ᠪᠠᠨ
ᠴᠢᠷᠠᠢ ᠴᠢᠷᠠᠢ ᠪᠠᠨ
ᠪᠤᠤ ᠦᠵᠡᠶ᠎ᠡ
( ᠬᠣᠶᠠᠷ ᠪᠦᠭᠦᠷᠭᠡ )
ᠪᠠᠶ᠋ᠢᠩᠭᠤ ᠬᠢᠭᠰᠡᠨ ᠬᠣᠶᠠᠷ ᠳᠤᠭᠤᠢ
ᠪᠠᠬᠢᠮ ᠬᠢᠭᠰᠡᠨ ᠳᠥᠷᠪᠡᠨ ᠳᠤᠭᠤᠢ
ᠪᠠᠲᠤ ᠲᠠᠪᠤᠨ ᠵᠠᠩᠭᠢᠯᠠᠭ᠎ᠠ
ᠪᠠᠷᠢᠬᠤ ᠨᠢᠭᠡ ᠦᠵᠦᠭᠦᠷ
( ᠬᠠᠵᠠᠭᠠᠷ )
ᠣᠨᠢᠰᠣᠭ᠎ᠠ ᠶ᠋ᠢᠨ ᠨᠢᠳᠦ
ᠣᠯᠢᠭᠤ ᠰᠣᠯᠢᠭᠤ
ᠣᠯᠤᠭᠰᠠᠨ ᠬᠥᠮᠦᠨ ᠤ
ᠪᠠᠷᠠᠭᠤᠨ ᠨᠢᠳᠦ ᠵᠢᠷᠲᠠᠭᠠᠢ
( ᠦᠳᠡᠭᠡᠷᠢ ᠣᠯᠣᠩ )
ᠴᠢᠮ᠎ᠠ ᠠ᠋ᠴᠠ ᠵᠢᠭᠠᠬᠠᠨ ᠪᠠᠶ᠋ᠢᠭᠠᠳ
ᠴᠢᠮᠠᠶ᠋ᠢ ᠡᠷᠭᠦᠵᠦ ᠲᠠᠯᠪᠢᠨ᠎ᠠ
( ᠳᠥᠷᠥᠭᠡ )
ᠳᠡᠭᠡᠷ᠎ᠡ ᠪᠠᠨ ᠨᠦᠬᠡ ᠲᠠᠢ
ᠳᠡᠯᠳᠡᠩ ᠪᠠᠭᠠᠲᠤᠷ
( ᠰᠦᠬᠡ )
ᠲᠡᠮᠦᠷ ᠪᠤᠬ᠎ᠠ
ᠮᠣᠳᠣᠨ ᠳᠦᠷᠦ ᠲᠠᠢ
( ᠰᠦᠬᠡ )
ᠠᠳᠬᠤ ᠨᠠᠴᠢᠨ
ᠠᠴᠠ ᠰᠡᠭᠦᠯ ᠲᠠᠢ
ᠨᠢᠷᠭᠡᠬᠦ ᠨᠠᠴᠢᠨ
ᠨᠢᠭᠡ ᠰᠡᠭᠦᠯ ᠲᠡᠢ
( ᠥᠷᠥᠯᠪᠢ ᠠᠯᠤᠬ᠎ᠠ )
ᠨᠠᠷᠢᠨ ᠮᠣᠳᠣ
ᠨᠠᠪᠴᠢ ᠪᠠᠨ ᠳᠠᠭᠠᠭᠠᠬᠤ ᠦᠭᠡᠢ
( ᠬᠥᠭᠡᠨ᠎ᠡ )
ᠳᠠᠪᠬᠤᠷ ᠨᠡᠶ᠋ᠢᠳᠬᠡᠮᠡᠯ ᠡᠷᠴᠢ ᠲᠠᠢ
ᠳᠠᠩ ᠰᠦᠯᠵᠢᠮᠡᠯ ᠵᠠᠩᠭᠢᠯᠠᠬ᠋ᠠ ᠲᠠᠢ
ᠬᠡᠨ ᠪᠦᠬᠦᠨ ᠳ᠋ᠤ᠌ ᠪᠠᠶ᠋ᠢᠬᠤ ᠦᠭᠡᠢ
ᠬᠡᠷᠡᠭᠯᠡᠬᠦ ᠴᠠᠭ ᠲᠦ ᠴᠢᠬᠤᠯᠠ
( ᠬᠥᠭᠡᠨ᠎ᠡ )
ᠳᠥᠪ ᠳᠦᠭᠦᠷᠡᠩ ᠡᠭᠦᠯᠡᠨ ᠡᠴᠡ
ᠲᠦᠷᠭᠡᠨ ᠪᠣᠷᠣᠭᠠᠨ ᠣᠷᠣᠨ᠎ᠠ
( ᠰᠠᠶ᠋ᠢᠵᠠ )
ᠨᠠᠷᠢᠨ ᠭᠤᠤ ᠳ᠋ᠤ᠌
ᠨᠠᠷᠠ ᠲᠤᠰᠬᠤ ᠦᠭᠡᠢ
( ᠭᠠᠩᠰᠠ ᠶ᠋ᠢᠨ ᠮᠤᠲᠤ )
ᠭᠠᠵᠠᠷ ᠳᠡᠭᠡᠷ᠎ᠡ ᠤᠷᠭᠤᠲᠠᠭ ᠦᠭᠡᠢ ᠴᠡᠴᠡᠭ
ᠭᠠᠷ ᠳᠡᠭᠡᠷ᠎ᠡ ᠦᠨᠲᠦᠰᠦ ᠦᠭᠡᠢ ᠴᠡᠴᠡᠭ
ᠬᠤᠷᠴᠠ ᠨᠠᠷᠠᠨ ᠳ᠋ᠤ᠌ ᠴᠤ᠌ ᠳᠡᠯᠭᠡᠷᠡᠨ᠎ᠡ
ᠬᠤᠷ᠎ᠠ ᠪᠣᠷᠣᠭᠠᠨ ᠳ᠋ᠤ᠌ ᠳᠡᠯᠭᠡᠷᠡᠨ᠎ᠡ
( ᠰᠢᠭᠦᠷ )
ᠠᠰᠬᠠᠨ ᠰᠠᠢᠬᠠᠨ ᠬᠥᠯ ᠶ᠋ᠢᠡᠨ
ᠠᠤᠠᠬᠤᠨ ᠳ᠋ᠤ᠌ ᠮᠢᠨᠢ ᠴᠢᠬᠢᠵᠦ
ᠠᠯᠲᠠ ᠥᠨᠲᠥᠷ ᠪᠡᠶ᠎ᠡ ᠪᠡᠨ
ᠠᠭᠠᠷ ᠳᠤᠮᠳᠠ ᠭᠡᠲᠡᠶ᠋ᠢᠵᠦ
ᠠᠷᠪᠠᠨ ᠵᠥᠭ ᠦ᠋ᠨ ᠬᠤᠷ᠎ᠠ ᠠ᠋ᠴᠠ
ᠬᠠᠯᠬᠠᠯᠠᠨ ᠰᠡᠷᠭᠡᠶ᠋ᠢᠯᠡᠬᠦ ᠡᠭᠦᠷᠭᠡ ᠲᠡᠢ
ᠠᠭᠠᠷ ᠲᠩᠷᠢ ᠶ᠋ᠢᠨ ᠨᠠᠷᠠ ᠠ᠋ᠴᠠ
ᠬᠠᠮᠠᠭᠠᠯᠠᠵᠤ ᠳᠠᠯᠳᠠᠯᠠᠬᠤ ᠲᠤᠰᠢᠶᠠᠯ ᠲᠠᠢ
( ᠰᠢᠭᠦᠷ )
ᠨᠣᠶᠠᠨ ᠰᠢᠭ᠋ ᠰᠠᠭᠤᠲᠠᠯ ᠲᠠᠢ
ᠨᠣᠬᠠᠢ ᠰᠢᠭ᠋ ᠭᠢᠨᠵᠢ ᠲᠡᠢ
( ᠪᠤᠮᠪᠠ )
ᠶᠡᠬᠡ ᠬᠡᠭᠡᠷ ᠮᠣᠷᠢ
ᠶᠡᠷᠡ ᠶᠢᠰᠦᠨ ᠲᠠᠮᠠᠬ᠋᠎ᠠ ᠲᠠᠢ
( ᠬᠡᠪᠢᠰ )
ᠪᠤᠬ᠎ᠠ ᠶ᠋ᠢᠨ ᠰᠢᠭᠢᠷ᠎ᠡ ᠶ᠋ᠢᠨ ᠬᠠᠭᠠᠰ
ᠪᠤᠷᠭᠠᠰᠤᠨ ᠮᠤᠲᠤᠨ ᠪ ᠬᠠᠭᠠᠰ
ᠪᠤᠯᠠᠭ ᠱᠠᠩᠲᠠᠨ ᠶ᠋ᠢᠨ ᠬᠠᠭᠠᠰ
( ᠬᠣᠪᠣᠭᠣ )
ᠳᠡᠭᠳᠡᠬᠡᠢ ᠳᠡᠭᠡᠰᠦᠨ ᠵᠢᠯᠣᠭᠣ ᠲᠠᠢ
( ᠬᠥᠨᠥᠭ )
ᠬᠤᠤᠠᠲᠤᠭ ᠳᠣᠲᠣᠷ᠎ᠠ ᠬᠣᠪᠤ ᠢᠰᠢᠭᠡ
( ᠬᠣᠪᠣᠭᠣ )
ᠨᠢᠷᠤᠭᠤ ᠦᠭᠡᠢ ᠨᠢ ᠨᠤᠭᠤᠷᠠᠬᠤ ᠳ᠋ᠤ᠌
ᠨᠤᠭᠤᠰᠤ ᠨᠢ ᠬᠠᠷᠢᠨ ᠲᠠᠰᠤᠷᠠᠬᠤ ᠦᠭᠡᠢ
( ᠰᠤᠸᠡᠮᠫᠠᠨ )
ᠲᠠᠯ᠎ᠠ ᠳᠡᠭᠡᠷ᠎ᠡ ᠳᠠᠪᠠᠭᠠᠷ ᠬᠤᠤᠠᠲᠤᠭ
( ᠰᠠᠭᠤᠯᠠᠬ᠋ᠠ )
ᠥᠩᠭᠡ ᠴᠠᠭᠠᠨ ᠳᠡᠪᠡᠯ ᠲᠡᠢ
ᠥᠷᠭᠡᠨ ᠬᠠᠷ᠎ᠠ ᠡᠮᠵᠢᠶᠡᠷᠢ ᠲᠡᠢ
ᠦᠵᠡᠬᠦ ᠦᠭᠡᠢ ᠳᠦᠷᠪᠡᠨ ᠨᠢᠲᠤ ᠲᠠᠢ
ᠰᠣᠨᠣᠰᠬᠤ ᠦᠭᠡᠢ ᠬᠣᠶᠠᠷ ᠴᠢᠬᠢ ᠲᠡᠢ
ᠭᠡᠲᠡᠶ᠋ᠢᠪᠡᠯ ᠬᠡᠬᠡᠷᠡᠨᠡ
ᠪᠥᠬᠥᠶ᠋ᠢᠪᠡᠯ ᠪᠥᠭᠡᠯᠵᠢᠨᠡ
(ᠰᠠᠭᠤᠯᠠᠬ᠋ᠠ )
ᠭᠠᠲᠠᠷ ᠶ᠋ᠢᠠᠨ ᠶᠠᠰᠤ ᠲᠠᠢ
ᠳᠣᠲᠣᠷ᠎ᠠ ᠪᠠᠨ ᠦᠰᠦ ᠲᠡᠢ
ᠠᠮᠢ ᠦᠭᠡᠢ ᠪᠠᠶ᠋ᠢᠭᠠᠳ
ᠠᠮᠢᠰᠬᠤᠯ ᠲᠠᠢ
( ᠬᠥᠭᠡᠷᠭᠡ )
ᠰᠡᠭᠦᠯ ᠳᠡᠭᠡᠷ᠎ᠡ ᠪᠡᠨ ᠨᠣᠭᠣᠭᠠᠨ ᠬᠤᠨ
ᠰᠡᠭᠦᠵᠢᠨ ᠳᠡᠭᠡᠷ᠎ᠡ ᠪᠡᠨ ᠭᠣᠶᠣᠬᠠᠨ ᠬᠤᠨ
( ᠲᠣᠭᠣᠰ ᠦ᠋ᠨ ᠰᠡᠭᠦᠯ )
ᠠᠪᠤ ᠶ᠋ᠢᠨ ᠬᠢᠭᠰᠡᠨ ᠬᠤᠪᠢᠩ ᠊ᠢ
ᠬᠥᠮᠥᠷᠴᠦ ᠪᠣᠯᠲᠠᠭ ᠦᠭᠡᠢ
( ᠬᠤᠤᠠᠲᠤᠭ )
ᠬᠣᠭᠣᠰᠣᠨ ᠲᠣᠯᠣᠭᠠᠢ
ᠬᠣᠶᠠᠷ ᠴᠢᠬᠢ ᠲᠡᠢ
( ᠸᠠᠭᠠᠷ ᠰᠠᠪᠠ )
ᠲᠦᠭᠡ ᠴᠢᠨᠡᠭᠡᠨ ᠪᠡᠶ᠎ᠡ ᠲᠡᠢ
ᠲᠠᠯ᠎ᠠ ᠳᠤᠬᠤᠨ ᠳ᠋ᠠᠭᠠᠨ ᠦᠰᠦ ᠲᠡᠢ
ᠶᠠᠰᠤ ᠮᠢᠬᠠᠨ ᠪ ᠵᠠᠪᠰᠠᠷ
ᠶᠠᠪᠤᠲᠠᠯ ᠮᠥᠷ ᠦ᠋ᠨ ᠠᠯᠪᠠ ᠲᠠᠢ
( ᠰᠢᠲᠦᠨ ᠱᠤᠸᠠᠵᠠ )
ᠠᠮᠠ ᠳᠥᠷᠪᠡᠯᠵᠢᠨ ᠪᠡᠶ᠎ᠡ ᠲᠡᠢ
ᠠᠯᠲᠠ ᠤᠷᠲᠤ ᠰᠡᠭᠦᠯ ᠲᠡᠢ
( ᠬᠦᠷᠵᠡ )
ᠦᠰᠦᠭ ᠠᠮᠢᠯᠠᠭᠤᠯᠤᠭᠴᠢ ᠄ ᠮᠢᠩᠭᠠᠳ · ᠴᠢᠮᠡᠭ ᠂ ᠬᠠᠷᠠᠨᠤᠳ · ᠲᠤᠶᠠᠭ᠎ᠠ ᠂ ᠬᠠᠳᠠᠴᠢ · ᠤᠷᠠᠨ᠎ᠠ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
