ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –8 Монгол оньсгын түүвэр –Хоёрдугаар бүлэг–8 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –8 Монгол оньсгын түүвэр –Хоёрдугаар бүлэг–8

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –8 Монгол оньсгын түүвэр –Хоёрдугаар бүлэг–8

ᠠᠩᠭᠢᠯᠠᠯ:ᠣᠨᠢᠰᠤᠭ᠎ᠠ
2023-04-04

744

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠬᠡᠷᠡᠭᠯᠡᠵᠦ ᠡᠲᠯᠡᠬᠦ ᠶ᠋ᠢᠨ ᠵᠤᠶ᠋ᠢᠯ – ( ᠨᠢᠭᠡ )


 ᠡᠯᠢᠭᠡᠨ ᠴᠢᠯᠠᠭᠤ ᠳᠠᠪᠬᠤᠷ ᠪᠣᠯᠪᠠᠴᠤ ᠠᠭᠤᠯᠠ ᠪᠢᠰᠢ
 ᠡᠷᠭᠢᠬᠦ ᠵᠠᠮ ᠨᠢ ᠲᠣᠭᠣᠷᠢᠤ ᠪᠣᠯᠪᠠᠴᠤ ᠬᠣᠯᠠ ᠪᠢᠰᠢ
 ᠡᠭᠦᠷᠢᠲᠡ ᠠᠶᠤᠩᠬ᠋᠎ᠠ ᠳᠤᠤᠭᠠᠷᠪᠠᠴᠤ ᠬᠤᠷ᠎ᠠ ᠣᠷᠣᠬᠤ ᠦᠭᠡᠢ
 ᠡᠯᠪᠡᠭ᠋ ᠴᠠᠰᠤ ᠣᠷᠣᠪᠠᠴᠤ ᠬᠦᠢᠲᠡᠨ ᠪᠣᠯᠬᠤ ᠦᠭᠡᠢ
                      ( ᠲᠡᠭᠡᠷᠮ᠎ᠡ )

 ᠠᠭᠤᠯᠠ ᠪᠢᠰᠢ ᠪᠠᠶ᠋ᠢᠲᠠᠯ᠎ᠠ ᠬᠠᠲᠠ ᠲᠠᠢ
 ᠠᠰᠠᠷ ᠪᠢᠰᠢ ᠪᠠᠶ᠋ᠢᠲᠠᠯ᠎ᠠ ᠳᠠᠪᠬᠤᠷᠯᠢᠬ ᠲᠠᠢ
 ᠡᠭᠦᠯᠡ ᠦᠭᠡᠢ ᠪᠠᠶ᠋ᠢᠲᠠᠯ᠎ᠠ ᠠᠶᠤᠩᠬ᠋᠎ᠠ ᠲᠠᠢ
 ᠡᠪᠦᠯ ᠪᠢᠰᠢ ᠪᠠᠶ᠋ᠢᠲᠠᠯ᠎ᠠ ᠴᠠᠰᠤ ᠲᠠᠢ
                     ( ᠲᠡᠭᠡᠷᠮ᠎ᠡ )

 ᠵᠠᠮ ᠪᠠᠶ᠋ᠢᠭᠠᠳ ᠦᠵᠦᠭᠦᠷ ᠦᠭᠡᠢ
                     ( ᠲᠡᠬᠡᠷᠡᠮ᠎ᠡ )

 ᠤᠯᠠᠭᠠᠨ ᠦᠬᠡᠷ ᠬᠠᠷ᠎ᠠ ᠦᠬᠡᠷ ᠊ᠢ ᠳᠣᠯᠢᠶᠠᠨ᠎ᠠ
                     ( ᠭᠠᠯ ᠲᠣᠭᠣᠬ᠋᠎ᠠ )

 ᠬᠠᠨ ᠲᠡᠮᠦᠷ ᠠᠪᠤ ᠲᠠᠢ
 ᠬᠣᠷᠪᠣᠭ ᠰᠣᠷᠪᠣᠭ ( ᠬᠣᠷᠪᠣᠭᠣᠷ ᠰᠣᠷᠪᠣᠭᠣᠷ ) ᠡᠵᠢ ᠲᠡᠢ
 ᠪᠤᠭᠤᠲᠠᠢ ᠴᠠᠭᠠᠨ ᠬᠤᠬᠡᠨ ᠲᠠᠢ
 ᠶᠣᠨᠲᠤᠨ ᠬᠠᠷ᠎ᠠ ᠬᠦᠷᠭᠡᠨ ᠲᠠᠢ
                     ( ᠲᠣᠭᠣᠬ᠋᠎ᠠ ᠭᠠᠯ ᠦᠨᠡᠰᠦ ᠰᠢᠯᠡᠭᠡᠪᠦᠷ )

 ᠬᠠᠨᠵᠤᠨ ᠳᠡᠭᠡᠷᠡᠬᠢ ᠬᠠᠷ᠎ᠠ ᠡᠪᠦᠭᠡᠨ
 ᠬᠠᠯᠠᠭᠤᠨ ᠰᠡᠤᠠᠬᠢᠯ ᠶ᠋ᠢᠡᠷ 
 ᠬᠠᠮᠤᠭ ᠣᠯᠠᠠ ᠊ᠢ ᠬᠠᠩᠭᠠᠨ᠎ᠠ
                     ( ᠲᠣᠭᠣᠬ᠋᠎ᠠ )

 ᠬᠠᠷ᠎ᠠ ᠯᠠᠮᠠ ᠰᠢᠷᠡᠭᠡᠨ  ᠳ᠋ᠤ᠌
 ᠬᠠᠮᠤᠭ ᠦ᠋ᠨ ᠰᠠᠨᠠᠬ᠋᠎ᠠ ᠲᠡᠭᠦᠨ  ᠳ᠋ᠤ᠌
                    ( ᠲᠣᠭᠣᠬ᠋᠎ᠠ )

 ᠰᠠᠭ ᠰᠠᠭ ᠭᠦᠶᠦᠵᠦ ᠢᠷᠡᠭᠡᠳ 
 ᠰᠠᠬᠠᠯ ᠶ᠋ᠢᠠᠨ ᠬᠤᠶ᠋ᠢᠬᠠᠯᠠᠭᠤᠯᠤᠭᠠᠳ ᠪᠤᠴᠠᠨ᠎ᠠ
                   ( ᠲᠣᠭᠣᠭᠠᠨ ᠱᠦᠭᠦᠷ )

 ᠡᠴᠡᠩᠬᠡᠢ ᠲᠡᠮᠡᠭᠡᠨ  ᠳ᠋ᠤ᠌
 ᠡᠰᠡᠨ ᠪᠤᠰᠤᠨ ᠶᠠᠭᠤᠮ᠎ᠠ ᠠᠴᠢᠬᠤ
                  ( ᠲᠣᠭᠣᠭᠠᠨ ᠲᠠᠯᠪᠢᠭᠤᠷ )

 ᠠᠷᠤ ᠨᠢ ᠠᠰᠬ᠎ᠠ
 ᠥᠪᠥᠷ ᠨᠢ ᠵᠦᠯᠭᠡ
                 ( ᠲᠣᠭᠣᠬ᠋᠎ᠠ )

 ᠬᠠᠲᠠᠨ ᠪᠠᠨᠲᠢ ᠶ᠋ᠢᠨ
 ᠭᠡᠲᠡᠰᠦ ᠨᠢ ᠶᠡᠬᠡ
                (  ᠲᠣᠭᠣᠬ᠋᠎ᠠ )

 ᠪᠦᠲᠦᠭᠦᠨ ᠮᠠᠩᠭᠤᠰ
 ᠪᠥᠭᠰᠡ ᠪᠡᠨ ᠰᠢᠷᠠᠨ᠎ᠠ 
               ( ᠲᠣᠭᠣᠬ᠋᠎ᠠ )
 
 ᠳᠡᠭᠡᠭᠰᠢ ᠪᠡᠨ ᠬᠠᠷᠠᠭᠰᠠᠨ ᠭᠠᠬᠠᠢ ᠶ᠋ᠢ
 ᠳᠡᠯᠡᠬᠡᠢ ᠪᠡᠷ ᠶ᠋ᠢᠡᠨ ᠪᠦᠷ ᠱᠠᠭᠠᠶ᠋ᠢᠨ᠎ᠠ
               ( ᠲᠣᠭᠣᠬ᠋᠎ᠠ )

 ᠡᠴᠢᠭᠡ ᠨᠢ ᠳᠣᠩᠬᠣᠭᠣᠷ
 ᠡᠬᠡ ᠨᠢ ᠶᠠᠩᠬᠢᠭᠠᠷ
 ᠬᠦᠦ ᠨᠢ ᠬᠤᠯᠠᠭᠠᠶ᠋ᠢᠴᠢ
 ᠬᠡᠦᠬᠡᠨ ᠨᠢ ᠴᠢᠮᠬᠢᠯᠡᠭᠦᠷ
             ( ᠲᠣᠭᠣᠬ᠋᠎ᠠ ᠲᠤᠯᠬ᠋᠎ᠠ ᠬᠠᠶ᠋ᠢᠴᠢ ᠰᠢᠨᠠᠬ᠋᠎ᠠ )

 ᠢᠲᠡᠬᠦ ᠦᠭᠡᠢ ᠪᠣᠯᠪᠠᠴᠤ
 ᠶᠡᠬᠡ ᠭᠡᠲᠡᠰᠦ ᠲᠡᠢ
            ( ᠲᠣᠭᠣᠬ᠋᠎ᠠ )
 
 ᠲᠦᠯᠡᠭᠡᠳ  ᠲᠦᠯᠡᠭᠳᠡᠳᠡᠭ ᠦᠭᠡᠢ
 ᠲᠦᠨᠲᠦᠭᠡᠷ ᠬᠠᠷ᠎ᠠ
           ( ᠲᠣᠭᠣᠬ᠋᠎ᠠ  )

 ᠶᠠᠪᠤᠭᠠᠳ ᠶᠠᠪᠤᠭᠠᠳ ᠮᠥᠷ ᠦᠬᠡᠢ
 ᠣᠭᠲᠣᠯᠤᠭᠠᠳ ᠴᠢᠰᠤ ᠦᠭᠡᠢ
           ( ᠵᠠᠪᠢ )

 ᠵᠠᠶᠠᠭᠠᠨ ᠪ  ᠡᠮᠨᠢᠭ ᠲᠦ
 ᠰᠠᠨᠠᠭᠠᠨ ᠪ ᠡᠮᠡᠭᠡᠯ ᠲᠣᠬᠣᠨ᠎ᠠ
          ( ᠤᠰᠤᠨ ᠣᠩᠭᠣᠴᠠ )
 
 ᠰᠢᠭᠤᠢ ᠳᠣᠲᠣᠷ᠎ᠠ
 ᠰᠣᠬᠣᠷ ᠴᠢᠤᠠᠬᠥᠷ
          ( ᠰᠠᠯ )
 
 ᠭᠠᠵᠠᠷ ᠠ᠋ᠴᠠ ᠭᠠᠢ ᠲᠠᠢ
 ᠭᠠᠭᠴᠠ ᠮᠤᠲᠤᠨ ᠠ᠋ᠴᠠ ᠬᠥᠯᠭᠡ ᠲᠡᠢ
          ( ᠰᠠᠯ )
 
 ᠬᠠᠷᠭᠤᠢ  ᠳ᠋ᠤ᠌ ᠬᠠᠲᠠᠭᠰᠠᠨ ᠴᠢᠤᠠᠬᠥᠷ
 ᠬᠠᠷᠠᠩᠭᠤᠢ ᠰᠥᠨᠢ  ᠦᠳᠡᠭᠰᠡᠨ ᠴᠢᠤᠠᠬᠥᠷ
          ( ᠰᠠᠯ )

 ᠵᠠᠮ  ᠳ᠋ᠤ᠌ ᠣᠷᠣᠪᠠᠯ ᠵᠠᠶ᠋ᠢᠰᠠᠩ
 ᠵᠠᠮ ᠠ᠋ᠴᠠ ᠭᠠᠷᠪᠠᠯ ᠬᠠᠶ᠋ᠢᠰᠠᠩ
          (  ᠬᠠᠰᠠᠭ )

 ᠳᠠᠩ ᠳᠠᠩ ᠵᠢᠷᠣᠬ᠋᠎ᠠ
 ᠳᠡᠯ ᠰᠡᠭᠦᠯ ᠦᠭᠡᠢ ᠵᠢᠷᠣᠬ᠋᠎ᠠ
 ᠪᠦᠩ ᠪᠦᠩ ᠵᠢᠷᠣᠬ᠋᠎ᠠ
 ᠪᠥᠭᠡᠷ᠎ᠡ ᠵᠢᠷᠦᠬᠡ ᠦᠭᠡᠢ ᠵᠢᠷᠣᠬ᠋᠎ᠠ
          ( ᠦᠬᠡᠷ ᠲᠡᠷᠭᠡ )

 ᠬᠥᠭᠡᠭᠡᠪᠡᠯ ᠭᠦᠢᠴᠡᠬᠦ ᠦᠭᠡᠢ
 ᠬᠦᠯᠢᠶᠡᠪᠡᠯ ᠢᠷᠡᠬᠦ ᠦᠭᠡᠢ
          ( ᠦᠬᠡᠷ ᠲᠡᠷᠭᠡ )
 
 ᠬᠠᠱᠠᠩ ᠬᠠᠲᠠᠭᠤ ᠶᠠᠪᠤᠲᠠᠯ ᠲᠠᠢ
 ᠬᠠᠩᠭᠢᠨᠠᠵᠤ ᠬᠢᠬᠤᠨᠠᠬᠤ ᠳᠠᠭᠤ ᠲᠠᠢ
 ᠲᠣᠭᠣᠷᠢᠬ ᠬᠣᠶᠠᠷ ᠬᠦᠯ ᠲᠡᠢ
 ᠮᠠᠯ ᠦ᠋ᠨ ᠬᠦᠴᠦ ᠶ᠋ᠢ  ᠮᠥᠯᠵᠢᠳᠡᠭ
 ᠣᠯᠠᠨ ᠶᠠᠭᠤᠮ᠎ᠠ ᠠᠴᠢᠲᠠᠭ
 ᠣᠯᠣᠰᠣ ᠳᠡᠭᠡᠰᠦ ᠪᠡᠷ  ᠬᠥᠯᠢᠭᠦᠯᠳᠡᠭ
              ( ᠦᠬᠡᠷ ᠲᠡᠷᠭᠡ)

 ᠶᠠᠭ ᠶᠠᠭ ᠳᠠᠭᠤ ᠲᠠᠢ
 ᠶᠠᠰᠤᠨ ᠬᠡᠯᠬᠢᠶ᠎ᠡ ᠪᠡᠶ᠎ᠡ ᠲᠡᠢ
 ᠳᠠᠰ ᠳᠠᠰ ᠳᠠᠭᠤ ᠲᠠᠢ
 ᠲᠠᠰᠠᠮ᠎ᠠ ᠶ᠋ᠢᠨ ᠬᠡᠯᠬᠢᠶ᠎ᠡ ᠪᠡᠶ᠎ᠡ ᠲᠡᠢ
            ( ᠬᠠᠩᠭᠠᠢ ᠲᠡᠷᠭᠡ)

 ᠰᠠᠷᠠ ᠠᠲᠠᠯᠢ  ᠲᠥᠭᠥᠷᠢᠭ
 ᠰᠠᠮ ᠠᠲᠠᠯᠢ ᠰᠠᠲᠠᠷᠬᠠᠢ
            ( ᠲᠡᠷᠭᠡᠨ ᠬᠦᠷᠲᠦ)

 ᠪᠤᠷᠤᠭᠤᠲᠠᠭᠰᠠᠨ  ᠦᠭᠡᠢ ᠪᠠᠶ᠋ᠢᠲᠠᠯ᠎ᠠ
 ᠪᠣᠭᠣᠯᠢᠲᠠᠭᠰᠠᠨ ᠳᠡᠭᠡᠰᠦ ᠲᠡᠢ
 ᠪᠤᠷᠬᠠᠨ ᠦᠭᠡᠢ ᠪᠠᠶ᠋ᠢᠲᠠᠯ᠎ᠠ
 ᠵᠤᠯᠠ ᠶ᠋ᠢᠨ ᠲᠣᠰᠣ ᠲᠠᠢ
            (  ᠲᠡᠷᠭᠡᠨ ᠲᠣᠰᠣᠨ ᠯᠣᠩᠬᠣ)

 ᠲᠣᠰᠣ ᠲᠠᠢ  ᠬᠤᠤᠠᠲᠤᠭ ᠠ᠋ᠴᠠ
 ᠦᠰᠦ ᠲᠡᠢ ᠬᠣᠪᠣᠭᠣ ᠪᠠᠷ ᠤᠰᠤ ᠲᠠᠲᠠᠨ᠎ᠠ
            ( ᠲᠡᠷᠭᠡ ᠲᠣᠰᠣᠲᠠᠬᠤ)

 ᠢᠳᠡᠭᠰᠡᠨ ᠴᠦ ᠴᠣᠲᠣᠭᠣᠷ
 ᠢᠳᠡᠭᠰᠡᠨ ᠦᠭᠡᠢ ᠴᠦ ᠴᠣᠲᠣᠭᠣᠷ
            ( ᠯᠣᠩᠬᠣ)

 ᠨᠠᠷᠢᠨ ᠬᠠᠷ᠎ᠠ ᠭᠡᠭᠦᠦ
 ᠨᠠᠶᠠᠨ ᠬᠣᠶᠠᠷ ᠲᠠᠮᠠᠬ᠋᠎ᠠ ᠲᠠᠢ
            ( ᠵᠢᠩᠯᠡᠭᠦᠷ)

 ᠨᠢᠷᠤᠭᠤ ᠦᠭᠡᠢ ᠪᠣᠯᠪᠠᠴᠤ ᠳᠠᠭᠠᠭᠠᠮᠠᠭᠠᠢ
 ᠰᠡᠭᠦᠯ ᠦᠭᠡᠢ ᠪᠣᠯᠪᠠᠴᠤ ᠰᠢᠷᠪᠠᠮᠠᠲᠠᠭᠠᠢ
            ( ᠵᠢᠩᠯᠡᠭᠦᠷ)
 
 ᠰᠠᠬᠠᠯ ᠊ᠢ ᠨᠢ ᠲᠠᠲᠠᠪᠠᠯ
 ᠨᠠᠰᠤ ᠪᠠᠨ ᠲᠣᠭᠠᠴᠢᠨ᠎ᠠ
            ( ᠵᠢᠩᠯᠡᠭᠦᠷ)
 
 ᠢᠲᠡᠬᠦ ᠦᠭᠡᠢ ᠪᠠᠶ᠋ᠢᠲᠠᠯ᠎ᠠ
 ᠶᠡᠬᠡ ᠭᠡᠲᠡᠰᠦ ᠲᠡᠢ
 ᠶᠠᠪᠤᠬᠤ ᠦᠭᠡᠢ ᠪᠠᠶ᠋ᠢᠲᠠᠯ᠎ᠠ
 ᠳᠦᠷᠪᠡᠨ ᠬᠦᠯ ᠲᠡᠢ
           ( ᠠᠪᠲᠠᠷ᠎ᠠ)

 ᠮᠣᠭᠠᠢ ᠵᠢᠭᠠᠰᠤᠨ ᠬᠡᠯᠪᠡᠷᠢ ᠲᠡᠢ
 ᠮᠢᠩᠬ᠋᠎ᠠ ᠲᠦᠮᠡᠨ ᠰᠢᠲᠤ ᠲᠠᠢ
 ᠮᠣᠲᠣᠨ ᠦᠷᠦᠪᠲᠡᠰᠦᠨ ᠬᠣᠭᠣᠯᠠ  ᠲᠠᠢ
 ᠮᠠᠷᠠᠵᠤ ᠱᠦᠷᠭᠦᠭᠡᠬᠦ ᠡᠷᠲᠡᠮ ᠲᠡᠢ
          ( ᠮᠣᠲᠣᠨ ᠬᠠᠤᠷᠠᠢ)

 ᠬᠤᠷ  ᠬᠠᠷ ᠴᠢᠮᠡᠭᠡ ᠲᠡᠢ
 ᠬᠣᠶᠠᠷ ᠲᠠᠯ᠎ᠠ ᠳ᠋ᠠᠭᠠᠨ ᠴᠢᠬᠢ ᠲᠡᠢ
 ᠡᠴᠢᠵᠦ ᠢᠷᠡᠬᠦ ᠨᠢ ᠲᠦᠷᠭᠡᠨ
 ᠡᠯᠢᠭᠡ ᠪᠡᠷ  ᠶ᠋ᠢᠠᠨ  ᠢᠳᠡᠳᠡᠭ
 ᠨᠢᠷᠤᠭᠤ ᠪᠠᠷ ᠶ᠋ᠢᠠᠨ ᠪᠠᠭᠠᠲᠠᠭ
            ( ᠬᠠᠷᠤᠭᠤᠯ)

 ᠢᠲᠡᠭᠡᠳ ᠢᠲᠡᠭᠡᠳ ᠴᠠᠤᠠᠲᠠᠭ ᠦᠭᠡᠢ
 ᠢᠳᠡᠭᠰᠡᠨ ᠬᠣᠶ᠋ᠢᠨ᠎ᠠ ᠪᠠᠨ ᠲᠣᠭᠲᠠᠭᠠᠲᠠᠭ ᠦᠭᠡᠢ
            ( ᠬᠠᠷᠤᠭᠤᠯ)
 
 ᠳᠣᠭᠤᠤᠷ ᠶ᠋ᠢᠠᠨ ᠢᠲᠡᠵᠦ
 ᠳᠡᠭᠡᠭᠦᠷ ᠶ᠋ᠢᠡᠨ ᠪᠠᠭᠠᠲᠠᠭ
            ( ᠬᠠᠷᠤᠭᠤᠯ)

 ᠲᠠᠩᠭᠤᠳ ᠦ᠋ᠨ ᠰᠢᠷ᠎ᠠ ᠨᠣᠬᠠᠢ
 ᠲᠠᠷᠢᠬᠢ ᠪᠠᠷ ᠶ᠋ᠢᠠᠨ ᠪᠥᠭᠡᠯᠵᠢᠨ᠎ᠡ
            ( ᠬᠠᠷᠤᠭᠤᠯ)

 ᠤᠷᠤᠭᠤᠯ ᠶ᠋ᠢᠠᠷ ᠶ᠋ᠢᠠᠨ ᠢᠲᠡᠵᠦ
 ᠤᠭᠤᠴᠠ ᠪᠠᠷ ᠶ᠋ᠢᠠᠨ ᠭᠠᠷᠭᠠᠲᠠᠭ
            ( ᠬᠠᠷᠤᠭᠤᠯ)

 ᠬᠡᠪᠲᠡᠭᠡ ᠪᠡᠷ ᠶ᠋ᠢᠡᠨ ᠶᠠᠪᠤᠵᠤ
 ᠬᠡᠪᠡᠯᠢ ᠪᠡᠷ ᠶ᠋ᠢᠡᠨ  ᠢᠳᠡᠳᠡᠭ
            ( ᠬᠠᠷᠤᠭᠤᠯ)

 ᠳᠠᠩ ᠳᠠᠩ ᠳᠠᠭᠤ ᠲᠠᠢ
 ᠳᠠᠯᠠᠨ ᠬᠣᠶᠠᠷ ᠰᠢᠲᠤ ᠲᠠᠢ
           ( ᠬᠢᠷᠥᠭᠡ)

 ᠪᠠᠷᠢᠮ᠎ᠠ ᠪᠡᠶ᠎ᠡ ᠲᠡᠢ
 ᠪᠠᠤᠠᠮᠠᠷᠠᠬ᠋᠎ᠠ ᠵᠢᠩᠰᠡ ᠲᠡᠢ
           ( ᠬᠦᠬᠦᠷ)

 ᠱᠣᠪᠣᠭᠣᠷ ᠡᠪᠦᠭᠡᠨ
 ᠰᠢᠷᠣᠢ ᠶ᠋ᠢᠨ ᠭᠡᠲᠡᠰᠦ ᠲᠡᠢ
          ( ᠬᠦᠬᠦᠷ)
 
 ᠰᠣᠨᠲᠣᠭᠣᠷ ᠡᠪᠦᠭᠡᠨ
 ᠰᠢᠷᠤᠨ ᠬᠣᠲᠣᠭᠣᠲᠣ ᠲᠠᠢ
          ( ᠬᠦᠬᠦᠷ)

 ᠡᠷᠳᠡᠨᠢ ‍ᠶ᠋ᠢᠨ ᠵᠢᠩᠰᠡ ‍ᠢ
 ᠡᠵᠡᠨ ᠨᠢ ᠡᠰᠢ ᠦᠭᠡᠢ ᠵᠡᠭᠦᠭᠡᠳ
 ᠪᠠᠷᠢᠮᠠᠬᠠᠨ ᠪᠡᠶ᠎ᠡ ᠎ᠲᠠᠢ
 ᠪᠠᠳᠮᠠᠷᠠᠭ᠎ᠠ ᠵᠢᠩᠰᠡ ᠎ᠲᠠᠢ
 ᠪᠠᠭᠰᠢ ‍ᠶ᠋ᠢᠨ ᠶᠠᠭᠤᠮ᠎ᠠ ‍ᠶ᠋ᠢ ᠬᠠᠯᠪᠠᠭ᠎ᠠ ᠎ᠪᠠᠷ ᠬᠡᠮᠵᠢᠳᠡᠭ
           ( ᠬᠦᠬᠦᠷ )

 ᠡᠬᠡ ᠨᠢ ᠡᠩᠭᠡᠷ ᠳᠠᠭᠠᠵᠤ
 ᠬᠦᠦ ᠨᠢ ᠬᠥᠮᠦᠨ ᠳᠠᠭᠠᠨ᠎ᠠ
           ( ᠣᠨᠢᠰᠣ ᠲᠦᠯᠬᠢᠭᠦᠷ )

 ᠪᠣᠰᠣᠭᠠᠨ ᠳᠡᠭᠡᠷ᠎ᠡ ᠪᠣᠷᠣ ᠰᠢᠪᠠᠭᠤ
           ( ᠣᠨᠢᠰᠣ )

 ᠡᠬᠡ ᠨᠢ ᠡᠷᠬᠢ ‍ᠶ᠋ᠢᠨ ᠨᠢᠭᠤᠷ ᠎ᠲᠤ᠌
 ᠬᠦᠦ ᠨᠢ ᠬᠥᠮᠦᠨ ‍ᠤ ᠡᠪᠦᠷ ᠎ᠲᠤ᠌
          ( ᠣᠨᠢᠰᠣ ᠲᠦᠯᠬᠢᠭᠦᠷ )

 ᠨᠣᠨ ᠭᠣᠣᠯ ‍ᠤᠨ ᠬᠥᠪᠡᠭᠡᠨ ‍ᠳᠤ
 ᠨᠢᠳᠤᠷᠭᠠᠨ ᠴᠢᠨᠡᠭᠡᠨ  ᠲᠠᠤᠯᠠᠢ
 ᠲᠠᠤᠯᠠᠢ ᠭᠡᠵᠦ ᠲᠠᠤᠯᠠᠢ ‍ᠤᠤ
 ᠲᠣᠷᠭᠠᠨ ᠳᠡᠪᠡᠯ ᠎ᠲᠠᠢ ᠲᠠᠤᠯᠠᠢ
            ( ᠣᠨᠢᠰᠣ )

 ᠵᠠᠩ ᠭᠡᠷ ‍ᠤᠨ ᠡᠮᠦᠨ᠎ᠡ
 ᠵᠠᠪᠢᠯᠤᠭᠠᠳ ※ ᠰᠠᠭᠤᠭᠰᠠᠨ ᠨᠣᠶᠠᠨ
 ᠵᠠᠶᠠᠭᠠᠲᠤ ᠦᠷ᠎ᠡ ᠎ᠪᠠᠨ ᠢᠷᠡᠬᠦᠯᠡᠷ
 ᠵᠠᠶ᠋ᠢᠯᠠᠭᠠᠳ ᠥᠭᠳᠡᠭ ᠨᠣᠶᠠᠨ
            ( ᠣᠨᠢᠰᠣ )


 ※ ᠵᠠᠪᠢᠯᠤᠭᠠᠳ — ᠡᠨᠳᠡ ᠵᠠᠪᠢᠯᠠᠭᠠᠳ ᠰᠠᠭᠤᠭᠰᠠᠨ ‍ᠤ ᠵᠠᠪᠢᠯᠠᠭᠠᠳ ‍ᠢ ᠤᠭ ᠬᠡᠪᠯᠡᠯ ‍ᠳᠤ ᠶᠣᠰᠣᠭᠠᠷ  《  ᠵᠠᠪᠢᠯᠤᠭᠠᠳ 》 ᠭᠡᠵᠦ ᠬᠠᠭᠤᠯᠵᠤ ᠪᠢᠴᠢᠪᠡ ᠃

 ᠬᠠᠵᠠᠭᠤ ᠳᠡᠭᠡᠷᠡᠬᠢ ᠬᠠᠷ᠎ᠠ ᠪᠤᠬ᠎ᠠ ‍ᠶ᠋ᠢ
 ᠬᠡᠨ ᠴᠤ᠌ ᠲᠠᠭᠤᠭᠠᠳ ᠪᠣᠰᠬᠤ ᠦᠭᠡᠢ
 ᠬᠠᠷᠠᠭᠤᠯᠵᠤ ᠪᠠᠶ᠋ᠢᠭ᠎ᠠ ᠡᠵᠡᠨ ᠨᠢ ᠢᠷᠡᠭᠡᠳ
 ᠬᠠᠳᠬᠤᠭᠠᠳ ᠠᠪᠤᠪᠠᠯ ᠪᠣᠰᠴᠢᠬᠠᠨ᠎ᠠ
            ( ᠣᠨᠢᠰᠣ  )

 ᠽᠠᠨᠳᠠᠨ ᠮᠣᠳᠣᠨ ᠬᠠᠵᠠᠭᠤ ‍ᠳᠤ
 ᠵᠠᠪᠢᠯᠤᠭᠠᠳ ᠰᠠᠭᠤᠭᠰᠠᠨ ᠬᠦᠦ ᠭᠡᠨ᠎ᠡ
 ᠵᠠᠶᠠᠭᠠᠲᠤ ᠬᠥᠮᠦᠨ ᠨᠢ ᠢᠷᠡᠭᠰᠡᠨ ‍ᠳᠤ
 ᠵᠠᠶ᠋ᠢᠯᠠᠭᠠᠳ ᠬᠣᠶᠠᠭᠤᠯᠠ ᠶᠠᠪᠤᠵᠤ ᠭᠡᠨ᠎ᠡ
            ( ᠣᠨᠢᠰᠣ ᠲᠦᠯᠬᠢᠭᠦᠷ )

 ᠽᠠᠨᠳᠠᠨ ᠮᠣᠳᠣᠨ ‍ᠤ ᠥᠪᠥᠷ ᠎ᠲᠤ᠌
 ᠵᠠᠶ᠋ᠢᠳᠠᠯᠠᠵᠤ ᠰᠠᠭᠤᠭ᠎ᠠ ᠵᠠᠶ᠋ᠢᠰᠠᠩ
 ᠵᠠᠶᠠᠭᠠᠲᠠᠨ ᠡᠵᠡᠨ ᠨᠢ ᠢᠷᠡᠬᠦᠯᠡᠷ
 ᠵᠠᠶ᠋ᠢᠯᠠᠨ ᠪᠣᠰᠤᠨ ᠬᠠᠷᠠᠶ᠋ᠢᠭ᠎ᠠ
            ( ᠣᠨᠢᠰᠣ ᠲᠦᠯᠬᠢᠭᠦᠷ )

 ᠡᠷᠬᠢ ᠳᠡᠭᠡᠷ᠎ᠡ ᠬᠡᠪᠲᠡᠭᠰᠡᠨ ᠳᠦᠷᠦ ᠎ᠲᠠᠢ ᠪᠢᠷᠠᠭᠤ
 ᠡᠯᠳᠡᠪᠡᠴᠦ ᠪᠣᠰᠬᠤ ᠦᠭᠡᠢ
 ᠬᠥᠭᠡᠭᠡᠪᠡᠴᠦ ᠪᠣᠰᠬᠤ ᠦᠭᠡᠢ
 ᠡᠵᠡᠨ ᠨᠢ ᠢᠷᠡᠭᠡᠳ ᠬᠠᠮᠠᠷ ‍ᠢ ᠨᠢ ᠬᠠᠳᠬᠤᠪᠠᠯ
 ᠡᠷᠬᠡ ᠦᠭᠡᠢ ᠪᠣᠰᠤᠭᠠᠳ ᠰᠠᠯᠵᠤ ᠶᠠᠪᠤᠨ᠎ᠠ
            ( ᠣᠨᠢᠰᠣ ᠲᠦᠯᠬᠢᠭᠦᠷ )

 ᠡᠴᠢᠭᠡ ᠨᠢ  ᠡᠷᠭᠢᠨ ‍ᠳᠤ ᠰᠠᠭᠤᠨ᠎ᠠ
 ᠬᠦᠦ ᠨᠢ ᠬᠣᠲᠠ ᠲᠣᠭᠣᠷᠢᠨ᠎ᠠ
            ( ᠣᠨᠢᠰᠣ ᠲᠦᠯᠬᠢᠭᠦᠷ )

 ᠬᠠᠷᠠᠮᠴᠢ ᠡᠬᠡᠨᠡᠷ ‍ᠤᠨ
 ᠬᠠᠴᠠᠷ ᠴᠣᠭᠣᠷᠣᠬᠠᠢ
           ( ᠣᠨᠢᠰᠣ )

 ᠡᠷᠡᠬᠡᠢ ᠴᠢᠨᠡᠭᠡ ᠪᠡᠶ᠎ᠡ ᠎ᠲᠠᠢ ᠪᠠᠶ᠋ᠢᠭᠠᠳ
 ᠡᠨᠡ ᠭᠡᠷ ‍ᠢ ᠰᠠᠬᠢᠨ᠎ᠠ
           ( ᠣᠨᠢᠰᠣ )

 ᠬᠠᠵᠠᠭᠤ ᠳᠡᠭᠡᠷᠡᠬᠢ ᠬᠥᠬᠡ ᠪᠤᠬ᠎ᠠ
 ᠴᠥᠬᠥ ᠭᠡᠳ ᠪᠣᠰᠬᠤ ᠦᠭᠡᠢ
 ᠴᠢᠴᠢᠪᠡᠯ ᠰᠠᠶᠢ ᠪᠣᠰᠤᠨ᠎ᠠ
           ( ᠣᠨᠢᠰᠣ )

 ᠬᠦᠷᠡᠩ ᠮᠣᠷᠢ ᠬᠦᠳᠡᠷ ᠴᠢᠳᠥᠷ ᠎ᠲᠠᠢ
           ( ᠣᠨᠢᠰᠣ ᠎ᠲᠠᠢ ᠠᠪᠳᠠᠷ᠎ᠠ )

 ᠭᠠᠵᠠᠷ ᠳᠣᠣᠷ᠎ᠠ ᠠ᠋ᠴᠠ ᠭᠠᠢ ᠭᠠᠷᠤᠨ᠎ᠠ
           ( ᠬᠠᠪᠬ᠎ᠠ )

 ᠭᠠᠵᠠᠷ ᠳᠣᠣᠷ᠎ᠠ
 ᠬᠠᠪᠲᠠᠭᠠᠢ ᠪᠤᠤᠷ᠎ᠠ
 ᠭᠠᠶ᠋ᠢᠲᠠᠢ ᠠᠮᠢᠲᠠᠨ ‍ᠢ ᠬᠠᠵᠠᠳᠠᠭ ᠪᠤᠤᠷ᠎ᠠ
            ( ᠬᠠᠪᠬ᠎ᠠ )

 ᠬᠡᠭᠡᠷ᠎ᠡ ᠬᠡᠪᠲᠡᠬᠦ ᠵᠠᠶᠠᠭ᠎ᠠ ᠎ᠲᠠᠢ
 ᠬᠡᠲᠦᠷᠬᠡᠢ ᠶᠡᠬᠡ ᠴᠢᠳᠠᠯ ᠎ᠲᠠᠢ
 ᠲᠠᠯ᠎ᠠ ‍ᠳᠤ ᠬᠡᠪᠲᠡᠬᠦ  ᠵᠠᠶᠠᠭ᠎ᠠ ᠎ᠲᠠᠢ
 ᠳᠠᠪᠤᠤ ᠣᠯᠪᠣᠭ ᠬᠤᠴᠢᠯᠭ᠎ᠠ ᠎ᠲᠠᠢ
             ( ᠬᠠᠪᠬ᠎ᠠ )

 ᠭᠠᠵᠠᠷ ᠳᠣᠣᠷ᠎ᠠ ᠭᠠᠪᠰᠢᠭᠠᠢ ᠬᠤᠯᠠᠭᠠᠶ᠋ᠢᠴᠢ
             ( ᠬᠠᠪᠬ᠎ᠠ )

 ᠪᠥᠭᠲᠥᠷ ᠡᠪᠦᠭᠡᠨ
 ᠪᠥᠭᠰᠡᠨ ᠳ᠋ᠡᠭᠡᠨ ᠰᠢᠳᠦ ᠎ᠲᠠᠢ
              ( ᠰᠠᠪᠠᠷ )

 ᠳᠣᠯᠣᠭᠠᠨ ᠢᠮᠠᠭ᠎ᠠ
 ᠭᠠᠭᠴᠠ ᠡᠪᠡᠷ ᠎ᠲᠠᠢ
             ( ᠰᠠᠪᠠᠷ )

 ᠳᠠᠪᠤᠨ ᠨᠡᠬᠡᠢ ᠎ᠪᠠᠷ ᠬᠢᠭᠰᠡᠨ
 ᠲᠡᠰᠢᠶ᠎ᠡ ᠦᠭᠡᠢ ᠳᠡᠪᠡᠯ
             ( ᠠᠷᠤᠭ )

 ᠶᠡᠬᠡ ᠰᠢᠷᠭ᠎ᠠ ᠎ᠪᠠᠨ  ᠤᠨᠤᠵᠤ
 ᠪᠠᠭ᠎ᠠ ᠰᠢᠷᠭ᠎ᠠ ᠎ᠪᠠᠨ ᠬᠥᠲᠥᠯᠦᠨ᠎ᠡ
             ( ᠠᠷᠤᠭ ᠰᠠᠪᠠᠷ )

 ᠬᠣᠩᠭᠢᠯ ᠮᠣᠳᠣ
 ᠬᠣᠶᠠᠷ ᠲᠠᠯ᠎ᠠ ᠳ᠋ᠠᠭᠠᠨ ᠵᠢᠯᠣᠭᠣ ᠎ᠲᠠᠢ
             ( ᠠᠷᠭᠠᠯ ‍ᠤᠨ ᠳᠥᠷᠪᠡᠯᠵᠢ )

 ᠠᠶ᠋ᠢᠯ ᠠᠶ᠋ᠢᠯ ‍ᠤᠨ ᠭᠠᠳᠠᠨ᠎ᠠ
 ᠠᠯᠠᠭ ᠪᠤᠬ᠎ᠠ
 ᠬᠥᠮᠦᠨ ᠬᠥᠮᠦᠨ ‍ᠤ ᠭᠠᠳᠠᠨ᠎ᠠ
 ᠬᠦᠷᠡᠩ ᠪᠤᠬ᠎ᠠ
            ( ᠣᠪᠣᠭ᠎ᠠ ᠎ᠲᠠᠢ ᠠᠷᠭᠠᠯ )

 ᠳᠦᠭᠦᠷᠡᠩ ᠰᠠᠶ᠋ᠢᠬᠠᠨ
 ᠳᠥᠷᠪᠡᠨ ᠵᠠᠰᠠᠭ
 ᠲᠥᠷᠥ ‍ᠶ᠋ᠢᠨ ᠳᠥᠷᠪᠡᠨ ᠲᠦᠰᠢᠮᠡᠯ
 ᠲᠡᠭᠦᠨ ‍ᠢ ᠳᠠᠭᠠᠭᠰᠠᠨ ᠬᠣᠶᠠᠷ ᠪᠣᠱᠣᠭᠣ
            ( ᠲᠤᠯᠭ᠎ᠠ ᠬᠠᠶ᠋ᠢᠴᠢ )

 ᠭᠡᠷ ‍ᠤᠨ ᠳᠥᠷᠪᠡᠨ ᠰᠠᠶ᠋ᠢᠳ
 ᠰᠠᠶ᠋ᠢᠳ  ‍ᠤᠨ ᠳᠥᠷᠪᠡᠨ ᠲᠤᠰᠠᠯᠠᠭᠴᠢ
 ᠲᠤᠰᠠᠯᠠᠭᠴᠢ ‍ᠶ᠋ᠢᠨ ᠠᠷᠪᠠᠨ ᠵᠢᠷᠭᠤᠭᠠᠨ ᠬᠢᠶ᠎ᠡ
 ᠵᠠᠷᠯᠢᠬ ‍ᠤᠨ ᠪᠢᠴᠢᠭᠡᠴᠢ
            ( ᠲᠤᠯᠭ᠎ᠠ )

 ᠬᠡᠷᠢᠶᠡᠨ ᠬᠣᠰᠢᠭᠤ ᠎ᠲᠠᠢ
 ᠬᠡᠩᠭᠡᠷᠭᠡᠨ ᠭᠡᠳᠡᠰᠦ ᠎ᠲᠠᠢ
           ( ᠲᠤᠯᠭ᠎ᠠ )


 ᠳᠥᠷᠪᠡᠨ ᠲᠡᠭᠡᠭᠡ
 ᠭᠤᠷᠪᠠᠨ ᠳᠤᠭᠤᠢ
 ᠭᠠᠤᠯᠢᠨ ᠪᠤᠷᠬᠠᠨ
          ( ᠲᠤᠯᠬ᠋᠎ᠠ ᠭᠠᠯ )

 ᠣᠷᠣᠢ ᠨᠢ ᠣᠩᠭᠣᠷᠬᠠᠢ
 ᠠᠭᠤᠰᠬᠢ ᠤᠯᠠᠭᠠᠨ
          ( ᠲᠤᠯᠬ᠋᠎ᠠ ᠭᠠᠯ )

 ᠡᠭᠡᠴᠢ ᠳᠡᠭᠦᠦ ᠳᠥᠷᠪᠡᠭᠦᠯᠡ ᠨᠢᠭᠡ ᠪᠡᠨ ᠡᠭᠡᠭᠡᠨ᠎ᠡ
 ᠡᠮᠡᠭᠡᠨ ᠭᠠᠭᠴᠠᠭᠠᠷ ᠶ᠋ᠢᠠᠨ  ᠪᠥᠭᠰᠡ ᠪᠡᠨ ᠲᠥᠭᠡᠨᠡᠨ᠎ᠡ
          ( ᠲᠤᠯᠬ᠋᠎ᠠ ᠲᠣᠭᠣᠬ᠋᠎ᠠ )

 ᠭᠠᠯ ᠬᠠᠯᠠᠭᠤᠨ ᠡᠪᠤᠷ ᠲᠠᠢ
 ᠭᠠᠷᠬᠠᠨ ᠪᠦᠰᠡᠯᠡᠭᠦᠷ ᠦ᠋ᠨ ᠬᠣᠯᠪᠣᠭᠠᠰᠤ ᠲᠠᠢ
 ᠢᠵᠢᠯ  ᠲᠥᠷᠥᠭᠰᠡᠨ ᠡᠭᠡᠴᠢ ᠳᠡᠭᠦᠦ ᠳᠥᠷᠪᠡᠭᠦᠯᠡ
 ᠢᠯᠡᠭᠦᠦ ᠳᠤᠲᠠᠭᠤ ᠦᠭᠡᠢ ᠳᠠᠩ ᠰᠠᠴᠠᠭᠤ 
 ᠬᠦᠨᠲᠦ ᠶ᠋ᠢ ᠲᠤᠯᠬᠤ ᠬᠦᠴᠦ ᠨᠢ ᠨᠢᠭᠡ
 ᠬᠦᠷᠡᠯ ᠬᠠᠷ᠎ᠠ ᠵᠢᠰᠤ ᠨᠢ ᠨᠢᠭᠡ
          ( ᠲᠤᠯᠬ᠋᠎ᠠ )

 ᠤᠯᠠᠭᠠᠨ ᠢᠮᠠᠬ᠋᠎ᠠ
 ᠲᠡᠮᠦᠷ ᠡᠪᠡᠷ ᠲᠡᠢ
          ( ᠭᠠᠯ ᠲᠤᠯᠬ᠋᠎ᠠ )
 
 ᠲᠠᠩᠭᠤᠳ ᠦ᠋ᠨ ᠬᠦᠦ
 ᠲᠠᠪᠤᠨ ᠪᠦᠰᠡ ᠲᠡᠢ
 ᠳᠥᠷᠪᠡᠳ ᠦ᠋ᠨ ᠬᠦᠦ
 ᠳᠦᠷᠪᠡᠨ ᠪᠦᠰᠡ ᠲᠡᠢ
         ( ᠲᠤᠯᠬ᠋᠎ᠠ )
 
 ᠡᠮᠡᠭᠡᠨ ᠡᠪᠦᠭᠡᠨ ᠳᠥᠷᠪᠡᠭᠦᠯᠡ
 ᠡᠩᠭᠡᠷ ᠡᠪᠴᠢᠭᠦᠦ ᠪᠡᠨ ᠡᠭᠡᠭᠡᠨ᠎ᠡ
          ( ᠲᠤᠯᠬ᠋᠎ᠠ ᠶ᠋ᠢᠨ ᠳᠦᠷᠪᠡᠨ ᠳᠣᠳᠤᠭ )

 ᠬᠦᠵᠦᠭᠦᠦ ᠦᠭᠡᠢ ᠲᠡᠮᠡᠭᠡ
 ᠬᠡᠪᠲᠡᠭᠡ ᠪᠡᠷ ᠶ᠋ᠢᠡᠨ ᠢᠲᠡᠨ᠎ᠡ
           ( ᠵᠤᠤᠬ᠎ᠠ )
 
 ᠬᠦᠵᠦᠭᠦᠦ ᠦᠭᠡᠢ ᠲᠡᠮᠡᠭᠡ
 ᠬᠡᠭᠡᠷ᠎ᠡ ᠶ᠋ᠢᠨ ᠡᠪᠡᠰᠦ ᠶ᠋ᠢ ᠪᠠᠷᠠᠨ᠎ᠠ
           ( ᠵᠤᠤᠬ᠎ᠠ ) 

 ᠬᠥᠨᠲᠡᠢ ᠴᠡᠭᠡᠵᠢᠨ  ᠳ᠋ᠤ᠌ ᠭᠠᠯ ᠲᠠᠢ
 ᠬᠥᠮᠦᠨ ᠪᠣᠯᠭᠠᠨ  ᠳ᠋ᠤ᠌ ᠡᠭᠡᠯᠢᠲᠡᠢ
 ᠬᠠᠯᠠᠭᠤᠨ  ᠳ᠋ᠤ᠌ ᠭᠠᠲᠠᠨ᠎ᠠ ᠬᠡᠪᠲᠡᠵᠦ
 ᠬᠦᠢᠲᠡᠨ  ᠳ᠋ᠤ᠌ ᠭᠡᠷ ᠲᠤ ᠰᠠᠭᠤᠲᠠᠭ
          (ᠲᠡᠮᠦᠷ ᠵᠤᠤᠬ᠎ᠠ )

 ᠪᠤᠷᠬᠠᠨ ᠪ ᠭᠡᠷ ᠲᠤ ᠣᠷᠣᠵᠤ ᠪᠣᠯᠬᠤ ᠦᠭᠡᠢ
 ᠪᠤᠭᠤᠲᠠᠢ ᠶ᠋ᠢᠨ ᠭᠤᠯᠢᠷ ᠊ᠢ ᠢᠲᠡᠵᠦ ᠪᠣᠯᠬᠤ ᠦᠭᠡᠢ
           ( ᠵᠤᠤᠬ᠎ᠠ ᠦᠨᠡᠰᠦ )
 
 ᠠᠬ᠎ᠠ ᠳᠡᠭᠦᠦ ᠭᠤᠷᠪᠠᠭᠤᠯᠠ
 ᠳᠤᠮᠳᠠ ᠪᠠᠨ ᠭᠤᠷᠪᠠᠨ ᠪᠦᠰᠡ ᠲᠡᠢ     
           ( ᠭᠤᠷᠪᠠᠨ ᠬᠥᠯ ᠲᠡᠢ ᠲᠤᠯᠬ᠋᠎ᠠ )

ᠤᠯᠠᠶ᠋ᠢᠬᠤ  ᠳ᠋ᠤ᠌ ᠴᠤ᠌ ᠲᠡᠷᠡ
ᠬᠤᠵᠠᠶ᠋ᠢᠬᠤ  ᠳ᠋ᠤ᠌ ᠴᠤ᠌ ᠲᠡᠷᠡ
          ( ᠭᠠᠯ ᠦ᠋ᠨ ᠰᠢᠯᠡᠭᠡᠪᠦᠷ )
 
 ᠲᠦᠷᠦ ᠶ᠋ᠢᠨ ᠳᠦᠷᠪᠡᠨ ᠳᠦᠰᠢᠮᠡᠯ
 ᠲᠥᠭᠥᠷᠢᠭ ᠭᠤᠷᠪᠠᠨ ᠰᠠᠶ᠋ᠢᠳ
 ᠵᠠᠪᠰᠠᠷ ᠦ᠋ᠨ ᠠᠷᠪᠠᠨ ᠬᠣᠶᠠᠷ ᠵᠠᠩᠬᠢ
 ᠵᠠᠪᠲᠤᠲᠠᠭ ᠬᠣᠶᠠᠷ ᠪᠣᠱᠣᠭᠣ
          ( ᠲᠤᠯᠬ᠋᠎ᠠ ᠬᠠᠪᠴᠢᠭᠤᠷ )

 ᠬᠠᠷ᠎ᠠ ᠪᠤᠬ᠎ᠠ
 ᠭᠠᠭᠴᠠ ᠡᠪᠡᠷ ᠲᠡᠢ
          ( ᠵᠤᠤᠬ᠎ᠠ ᠶᠡᠩᠲᠦᠩ )     
         
 ᠬᠦᠨᠳᠡᠢ  ᠳ᠋ᠤ᠌  ᠪᠢᠲᠡᠭᠡᠢ ᠲᠠᠯᠪᠢᠭᠠᠷᠠᠢ
 ᠨᠠᠮᠠᠶ᠋ᠢ ᠳᠤᠤᠭᠠᠷᠪᠠᠯ ᠦᠬᠦᠯ᠎ᠡ ᠭᠡᠵᠦ ᠰᠠᠨᠠᠭᠠᠷᠠᠢ
          ( ᠱᠠᠵᠠᠩ ᠠᠶᠠᠭ᠎ᠠ )

 ᠰᠡᠭᠦᠯ ᠨᠢ ᠡᠷᠬᠢ ᠳᠡᠭᠡᠷ᠎ᠡ
 ᠲᠣᠯᠣᠭᠠᠢ ᠨᠢ ᠳᠠᠯᠠᠢ ᠳᠣᠲᠣᠷ᠎ᠠ
          ( ᠰᠢᠨᠠᠭ᠎ᠠ )

 ᠲᠦᠭᠡ ᠪᠡᠶ᠎ᠡ ᠎ᠲᠡᠢ
 ᠲᠥᠭᠥᠷᠢᠭ ᠨᠢᠭᠤᠷ ᠎ᠲᠠᠢ
         ( ᠰᠢᠨᠠᠭ᠎ᠠ )

 ᠪᠦᠬᠦᠶ᠋ᠢᠪᠡᠯ ᠪᠥᠭᠡᠯᠵᠢᠵᠦ
 ᠭᠡᠳᠡᠶ᠋ᠢᠪᠡᠯ ᠭᠡᠭᠡᠷᠡᠨ᠎ᠡ
         (ᠳᠡᠪᠦᠷ᠎ᠡ )

 ᠬᠠᠷ᠎ᠠ ᠦᠬᠡᠷ
 ᠬᠠᠪᠢᠷᠭ᠎ᠠ ᠎ᠪᠠᠷ ‍ᠢᠶ᠋ᠠᠨ ᠰᠢᠭᠡᠨ᠎ᠡ
         ( ᠳᠡᠪᠦᠷ᠎ᠡ )

 ᠣᠷᠣᠢ ᠳᠡᠭᠡᠷ᠎ᠡ ᠎ᠪᠡᠨ ᠵᠢᠩᠰᠡ ᠎ᠲᠡᠢ
 ᠣᠮᠣᠷᠤᠤ ᠳ᠋ᠠᠭᠠᠨ ᠮᠣᠨᠴᠣᠭ ᠎ᠲᠠᠢ
 ᠣᠯᠠᠨ ᠳ᠋ᠠᠭᠠᠨ ᠥᠩᠭᠡ ᠎ᠲᠡᠢ
         ( ᠳᠡᠪᠦᠷ᠎ᠡ )

 ᠭᠠᠬᠠᠢ ‍ᠶ᠋ᠢᠨ ᠭᠡᠳᠡᠰᠦ ᠎ᠲᠡᠢ
 ᠭᠠᠯᠠᠭᠤᠨ ᠬᠦᠵᠦᠭᠦᠦ ᠎ᠲᠡᠢ
         ( ᠳᠡᠪᠦᠷ᠎ᠡ )

 ᠰᠢᠷ᠎ᠠ ᠴᠠᠭᠠᠨ ᠪᠢᠯᠵᠤᠤᠬᠠᠢ
 ᠰᠢᠷᠡᠭᠡᠨ ᠳᠡᠭᠡᠭᠦᠷ ᠲᠣᠭᠯᠠᠨ᠎ᠠ
 ᠰᠡᠭᠦᠯ ᠎ᠡᠴᠡ ᠨᠢ ᠠᠪᠤᠭᠠᠳ
  ᠠᠮᠠ ᠤᠷᠤᠭᠤ ᠎ᠪᠠᠨ ᠬᠢᠨ᠎ᠡ
         ( ᠬᠠᠯᠪᠠᠭ᠎ᠠ )
           
 ᠠᠬ᠎ᠠ ᠳᠡᠭᠦᠦ ᠬᠣᠶᠠᠭᠤᠯᠠ ᠳᠠᠩ ᠰᠠᠴᠠᠭᠤ
 ᠠᠪᠴᠤ ᠬᠡᠷᠡᠭᠯᠡᠪᠡᠯ ᠬᠠᠷᠢᠯᠴᠠᠨ  ᠬᠡᠷᠡᠯᠳᠦᠨ᠎ᠡ
         ( ᠰᠠᠪᠬ᠎ᠠ )

 ᠥᠯᠥᠰᠪᠡᠯ ᠳᠦᠭᠦᠷᠴᠦ
 ᠡᠮᠬᠦᠪᠡᠯ ᠬᠣᠭᠣᠰᠣᠷᠠᠨ᠎ᠠ
         ( ᠠᠶᠠᠭ᠎ᠠ )

 ᠤᠷᠢᠳᠠ ᠠ᠋ᠴᠠ ᠢᠷᠡᠭᠰᠡᠨ ᠲᠡᠮᠡᠭᠡ
 ᠤᠷᠤᠭᠤᠯ ‍ᠢᠶ᠋ᠠᠨ ᠤᠨᠵᠢᠭᠤᠯᠵᠤ ᠵᠣᠭᠰᠣᠨ᠎ᠠ
         (ᠲᠠᠩᠬᠤ )
 
 ᠨᠣᠶᠠᠨ ᠰᠢᠭ᠋ ᠵᠢᠩᠰᠡ ᠎ᠲᠡᠢ
 ᠨᠣᠬᠠᠢ  ᠰᠢᠭ᠋ ᠰᠠᠭᠤᠳᠠᠯ ᠎ᠲᠠᠢ
 ᠲᠡᠮᠡᠭᠡ  ᠰᠢᠭ᠌ ᠬᠦᠵᠦᠭᠦᠦ ᠎ᠲᠡᠢ
 ᠲᠡᠷᠭᠡ  ᠰᠢᠭ᠌ ᠭᠡᠳᠡᠰᠦ ᠎ᠲᠡᠢ
        ( ᠳᠡᠪᠦᠷ᠎ᠡ )
 
 ᠪᠡᠷᠢ ‍ᠶ᠋ᠢᠨ ᠡᠮᠦᠨ᠎ᠡ
 ᠪᠢᠯᠳᠠᠤᠴᠢ ᠲᠣᠶ᠋ᠢᠮᠣᠭ
         ( ᠰᠢᠨᠠᠭ᠎ᠠ )

 ᠬᠠᠪᠲᠠᠭᠠᠢ ᠳᠥᠷᠪᠡᠯᠵᠢᠨ ᠪᠡᠶ᠎ᠡ ᠎ᠲᠡᠢ
 ᠬᠠᠷ᠎ᠠ ᠪᠠᠷᠠᠭᠠᠨ ᠵᠢᠰᠦ ᠎ᠲᠡᠢ
 ᠨᠣᠭᠣᠭ᠎ᠠ ᠢᠳᠡᠬᠦ ᠎ᠡᠴᠡ ᠪᠢᠰᠢ ᠪᠤᠳᠠᠭ᠎ᠠ ᠢᠳᠡᠬᠦ ᠦᠭᠡᠢ
 ᠮᠢᠬ᠎ᠠ ᠢᠳᠡᠬᠦ ᠎ᠡᠴᠡ ᠪᠢᠰᠢ ᠠᠷᠢᠬᠢ ᠤᠤᠭᠤᠬᠤ ᠦᠭᠡᠢ
          ( ᠪᠣᠣᠳᠣᠣ )

 ᠬᠠᠷ᠎ᠠ ᠦᠬᠡᠷ ‍ᠦᠨ ᠲᠣᠯᠣᠭᠠᠢ ‍ᠶ᠋ᠢ
 ᠬᠤᠶ᠋ᠢᠬᠠᠯᠠᠭᠠᠳ ᠪᠠᠷᠠᠬᠤ ᠦᠭᠡᠢ
          ( ᠲᠣᠭᠣᠭ᠎ᠠ )

 ᠲᠠᠩᠬᠠᠢ ᠬᠦᠦ
 ᠲᠠᠪᠤᠨ ᠪᠦᠰᠡ ᠎ᠲᠡᠢ
 ᠡᠷᠡᠦ ᠳᠤᠲᠠᠭᠤ
 ᠣᠷᠣᠢ  ᠴᠣᠭᠣᠷᠣᠬᠠᠢ
           ( ᠲᠣᠮᠪᠤ )

 ᠪᠣᠷᠣ ᠬᠦᠦ ᠪᠣᠰᠤᠭ᠎ᠠ ᠎ᠪᠠᠷ ‍ᠢᠶ᠋ᠠᠨ ᠬᠣᠨᠣᠨ᠎ᠠ
           ( ᠲᠣᠮᠪᠤ )

 ᠪᠠᠷᠠᠭᠤᠨᠳᠠᠢ ᠠ᠋ᠴᠠ ᠢᠷᠡᠭᠰᠡᠨ 
 ᠪᠠᠨᠳᠢ ‍ᠶ᠋ᠢᠨ ᠡᠷᠡᠦ ᠳᠤᠲᠠᠭᠤ
           ( ᠲᠣᠮᠪᠤ )

 ᠲᠥᠭᠥᠷᠢᠭ ᠪᠡᠶ᠎ᠡ ᠎ᠲᠡᠢ
 ᠲᠦᠷᠦ ‍ᠶ᠋ᠢᠨ ᠪᠠᠶ᠋ᠢᠷᠢ ‍ᠶ᠋ᠢᠨ ᠵᠢᠩᠰᠡ ᠎ᠲᠡᠢ
 ᠬᠠᠪᠢᠷᠭ᠎ᠠ  ᠰᠢᠭ᠋ ᠨᠢᠷᠤᠭᠤ ᠎ᠲᠠᠢ
 ᠬᠠᠷ᠎ᠠ ᠤᠰᠤᠨ ᠳᠣᠲᠣᠷ ᠎ᠲᠠᠢ
           ( ᠲᠠᠩᠬᠤ )

 ᠦᠨᠳᠦᠷ ᠯᠠᠮᠠ
 ᠥᠷᠥᠭᠡᠰᠦᠨ ᠴᠢᠬᠢ ᠎ᠲᠡᠢ
           ( ᠲᠠᠩᠬᠤ )

 ᠨᠢᠷᠤᠭᠤ ᠎ᠪᠠᠷ ‍ᠢᠶ᠋ᠠᠨ ᠤᠤᠭᠤᠵᠤ
 ᠨᠤᠭᠤᠰᠤ ᠎ᠪᠠᠷ ‍ᠢᠶ᠋ᠠᠨ  ᠭᠣᠭᠣᠵᠢᠭᠤᠯᠤᠨ᠎ᠠ
           (ᠲᠠᠩᠬᠤ )

 ᠭᠠᠯᠠᠭᠤ ᠰᠢᠭ᠋ ᠬᠦᠵᠦᠭᠦᠦ ᠎ᠲᠡᠢ
 ᠭᠠᠬᠠᠢ ᠰᠢᠭ᠋ ᠭᠡᠳᠡᠰᠦ ᠎ᠲᠡᠢ
 ᠭᠠᠯ ‍ᠤᠨ ᠵᠠᠬ᠎ᠠ ᠠ᠋ᠴᠠ ᠬᠥᠳᠡᠯᠳᠡᠭ ᠦᠭᠡᠢ
           (  ᠲᠠᠩᠬᠤ )

 ᠦᠨᠳᠦᠷ ᠤᠯᠠᠭᠠᠨ ᠪᠠᠨᠳᠢ
 ᠥᠷᠥᠭᠡᠰᠦᠨ ᠡᠭᠡᠮᠦᠭ ᠎ᠲᠡᠢ
           ( ᠴᠠᠢ ‍ᠶ᠋ᠢᠨ ᠬᠤᠤ )

     ᠦᠰᠦᠭ ᠠᠮᠢᠯᠠᠭᠤᠯᠤᠭᠰᠠᠨ ᠨᠢ :  ᠬᠠᠷᠠᠨᠤᠳ · ᠲᠤᠶᠠᠭ᠎ᠠ  ᠂  ᠬᠠᠲᠠᠴᠢ · ᠤᠷᠠᠨ᠎ᠠ ᠂  
                                ᠣᠶᠤᠨᠲᠤᠨᠠᠯ  ᠂   ᠳ᠋ᠦ᠋ᠩ ᠹᠧᠩ ᠂    ᠮᠢᠩᠭᠠᠳ · ᠴᠢᠮᠡᠭ
        ᠬᠢᠨᠠᠭ᠍ᠴᠢ :  ᠬᠠᠷᠠᠨᠤᠳ · ᠲᠤᠶᠠᠭ᠎ᠠ  ᠂  ᠮᠢᠩᠭᠠᠳ · ᠴᠢᠮᠡᠭ