ᠳᠠᠯᠠᠨᠲᠠᠢ ᠡᠪᠦᠭᠡᠨДалантай өвгөн
ᠳᠠᠯᠠᠨᠲᠠᠢ ᠡᠪᠦᠭᠡᠨ
ᠡᠷᠲᠡ ᠤᠷᠢᠳᠤ ᠶ᠋ᠢᠨ ᠴᠠᠭ ᠲᠤ᠌ ᠳᠠᠯᠠᠨ
ᠤᠯᠠᠭᠠᠨ ᠦᠬᠡᠷ ᠲᠡᠢ ᠂ ᠳᠡᠯᠢᠭᠦᠦ ᠤᠯᠠᠭᠠᠨ ᠪᠤᠬ᠎ᠠ ᠲᠠᠢ ᠳᠠᠯᠠᠨᠲᠠᠢ ᠭᠡᠳᠡᠭ ᠡᠪᠦᠭᠡᠨ ᠪᠠᠢᠭᠰᠠᠨ ᠭᠡᠨ᠎ᠡ
᠃ ᠲᠡᠭᠦᠨ ᠳ᠋ᠦ᠍ ᠲᠤᠨᠲᠠᠢ ᠂ ᠪᠢᠨᠳᠠᠢ ᠂ ᠬᠠᠨᠲᠠᠢ ᠂ ᠲᠡᠨᠲᠡᠢ ᠂ ᠣᠨᠲᠠᠢ ᠭᠡᠬᠦ
ᠲᠠᠪᠤᠨ ᠠᠬ᠎ᠠ ᠲᠠᠢ ᠭᠡᠨ᠎ᠡ ᠃
ᠨᠢᠭᠡᠨ ᠡᠳᠦᠷ
ᠳᠠᠯᠠᠨᠲᠠᠢ ᠡᠪᠦᠭᠡᠨ ᠳᠠᠯᠠᠨ ᠤᠯᠠᠭᠠᠨ ᠦᠬᠡᠷ ᠢ᠋ᠶ᠋ᠡᠨ ᠤᠰᠤᠯᠠᠭᠠᠳ
ᠵᠣᠭᠰᠣᠵᠤ ᠪᠠᠢᠵᠠᠢ ᠃ ᠲᠡᠭᠡᠭᠰᠡᠨ ᠴᠢᠨᠢ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ
ᠬᠦᠷᠴᠦ ᠢᠷᠡᠭᠰᠡᠨ ᠭᠡᠨ᠎ᠡ ᠃ ᠮᠠᠩᠭᠤᠰ ᠄ 《 ᠴᠢ
ᠳᠠᠯᠠᠨ ᠤᠯᠠᠭᠠᠨ ᠦᠬᠡᠷ ᠲᠦ᠍ ᠪᠡᠨ ᠬᠠᠢᠷᠠᠲᠠᠢ ᠤᠤ? ᠳᠡᠯᠢᠭᠦᠦ
ᠤᠯᠠᠭᠠᠨ ᠪᠤᠬᠠᠨ ᠳ᠋ᠤ᠌ ᠪᠠᠨ ᠬᠠᠢᠷᠠᠲᠠᠢ ᠶᠤᠮ
ᠤᠤ? ᠳᠠᠯᠠᠨ ᠳᠠᠪᠬᠤᠷ ᠬᠠᠷᠪᠢᠩ ᠳ᠋ᠤ᠌ ᠪᠠᠨ ᠬᠠᠢᠷᠠᠲᠠᠢ ᠶᠤᠮ ᠤᠤ? 》 ᠭᠡᠵᠡᠢ
᠃ ᠡᠨᠡ ᠦᠶ᠎ᠡ ᠳ᠋ᠦ᠍ ᠳᠠᠯᠠᠨᠲᠠᠢ
ᠡᠪᠦᠭᠡᠨ ᠄ 《 ᠪᠢ
ᠳᠠᠯᠠᠨ ᠤᠯᠠᠭᠠᠨ ᠦᠬᠡᠷ ᠲᠦ᠍ ᠪᠡᠨ ᠴᠦ᠍ ᠬᠠᠢᠷᠠᠲᠠᠢ
᠂ ᠳᠡᠯᠢᠭᠦᠦ ᠤᠯᠠᠭᠠᠨ ᠪᠤᠬᠠᠨ ᠳ᠋ᠤ᠌ ᠪᠠᠨ ᠴᠤ᠌ ᠬᠠᠢᠷᠠᠲᠠᠢ
᠂ ᠳᠠᠯᠠᠨ ᠳᠠᠪᠬᠤᠷ ᠬᠠᠷᠪᠢᠩ ᠢ᠋ ᠮᠢᠨᠢ
ᠢᠳᠡ ᠳ᠋ᠠ ᠂ ᠮᠢᠨᠦ ᠳᠠᠯᠠᠨ ᠳᠠᠪᠬᠤᠷ ᠬᠠᠷᠪᠢᠩ ᠢ᠋ ᠲᠤᠨᠲᠠᠢ ᠭᠤᠸᠠᠢ ᠶ᠋ᠢᠨ ᠲᠣᠩᠭᠣᠷᠠᠭ ᠡᠴᠡ
ᠥᠭᠡᠷ᠎ᠡ ᠶᠠᠭᠤ ᠴᠤ᠌ ᠳᠠᠭᠠᠭᠠᠳᠠᠭ ᠦᠭᠡᠢ ᠶᠦ᠍ᠮ ᠰᠢᠦ ᠳ᠋ᠠ! 》 ᠭᠡᠵᠡᠢ
᠃ ᠲᠤᠨᠲᠠᠢ ᠭᠤᠸᠠᠢ ᠄ 《 ᠮᠢᠨᠦ ᠲᠣᠩᠭᠣᠷᠠᠭ ᠢ᠋ ᠪᠢᠨᠳᠠᠢ ᠭᠤᠸᠠᠢ ᠶ᠋ᠢᠨ ᠪᠢᠯᠡᠭᠦᠦ ᠪᠡᠷ
ᠪᠢᠯᠡᠭᠦᠳᠡᠬᠦ ᠡᠴᠡ ᠨᠠᠭᠠᠰᠢ ᠶᠠᠭᠤ ᠴᠤ᠌ ᠳᠠᠭᠠᠭᠠᠳᠠᠭ
ᠦᠭᠡᠢ ᠶᠦ᠍ᠮ ᠰᠢᠦ! 》 ᠭᠡᠬᠦ ᠳ᠋ᠦ᠍ ᠮᠠᠩᠭᠤᠰ ᠪᠢᠨᠳᠠᠢ ᠭᠤᠸᠠᠢ ᠶ᠋ᠢᠨ ᠳ᠋ᠦ᠍ ᠣᠴᠢᠭᠠᠳ
᠄ 《 ᠪᠢᠯᠡᠭᠦᠦ ᠪᠡᠨ
ᠥᠭᠭᠦᠭᠡᠴᠢ! 》 ᠭᠡᠵᠡᠢ
᠃ ᠪᠢᠨᠳᠠᠢ ᠭᠤᠸᠠᠢ ᠄ 《 ᠮᠢᠨᠦ ᠪᠢᠯᠡᠭᠦᠦ ᠶ᠋ᠢ ᠬᠠᠨᠲᠠᠢ ᠭᠤᠸᠠᠢ ᠶ᠋ᠢᠨ ᠬᠠᠰᠠᠭ
ᠲᠡᠷᠭᠡᠨ ᠡᠴᠡ ᠥᠭᠡᠷ᠎ᠡ ᠶᠠᠭᠤᠮ᠎ᠠ ᠳᠠᠭᠠᠭᠠᠳᠠᠭ ᠦᠭᠡᠢ
ᠰᠢᠦ! 》 ᠭᠡᠬᠦ ᠳ᠋ᠦ᠍ ᠮᠠᠩᠭᠤᠰ ᠬᠠᠨᠲᠠᠢ ᠭᠤᠸᠠᠢ ᠶ᠋ᠢᠨ ᠳ᠋ᠦ᠍ ᠣᠴᠢᠭᠠᠳ
᠄ 《 ᠬᠠᠨᠲᠠᠢ ᠭᠤᠸᠠᠢ
᠂ ᠬᠠᠰᠠᠭ ᠲᠡᠷᠭᠡ ᠪᠡᠨ ᠥᠭᠭᠦᠭᠡᠴᠢ! 》 ᠭᠡᠪᠡ
᠃ ᠬᠠᠨᠲᠠᠢ ᠭᠤᠸᠠᠢ ᠄ 《 ᠮᠢᠨᠦ ᠬᠠᠰᠠᠭ ᠲᠡᠷᠭᠡ ᠶ᠋ᠢ ᠲᠡᠨᠲᠡᠢ ᠭᠤᠸᠠᠢ ᠶ᠋ᠢᠨ ᠲᠣᠮᠣ
ᠴᠠᠭᠠᠨ ᠠᠵᠢᠷᠭᠠᠨ ᠡᠴᠡ ᠥᠭᠡᠷ᠎ᠡ ᠶᠠᠭᠤᠮ᠎ᠠ ᠬᠥᠳᠡᠯᠭᠡᠵᠦ ᠳᠡᠢᠯᠳᠡᠭ ᠦᠭᠡᠢ ᠶᠦ᠍ᠮ ᠰᠢᠦ! 》 ᠭᠡᠯᠡ ᠃ ᠮᠠᠩᠭᠤᠰ ᠲᠡᠨᠲᠡᠢ ᠭᠤᠸᠠᠢ ᠶ᠋ᠢᠨ ᠳ᠋ᠦ᠍ ᠣᠴᠢᠭᠠᠳ
᠄ 《 ᠲᠡᠨᠲᠡᠢ ᠭᠤᠸᠠᠢ
᠂ ᠲᠣᠮᠣ ᠴᠠᠭᠠᠨ ᠠᠵᠢᠷᠭ᠎ᠠ ᠪᠠᠨ ᠥᠭᠭᠦᠭᠡᠴᠢ! 》 ᠭᠡᠵᠡᠢ ᠃ ᠲᠡᠨᠲᠡᠢ ᠭᠤᠸᠠᠢ
᠄ 《 ᠮᠢᠨᠦ
ᠠᠵᠢᠷᠭ᠎ᠠ ᠶ᠋ᠢ ᠣᠨᠲᠠᠢ ᠭᠤᠸᠠᠢ ᠶ᠋ᠢᠨ ᠤᠷᠲᠤ
ᠬᠤᠰᠤᠨ ᠤᠷᠭᠠᠨ ᠡᠴᠡ ᠥᠭᠡᠷ᠎ᠡ ᠶᠠᠭᠤᠮ᠎ᠠ ᠪᠠᠷ ᠪᠠᠷᠢᠭᠳᠠᠳᠠᠭ ᠦᠭᠡᠢ ᠶᠦ᠍ᠮ ᠰᠢᠦ! 》 ᠭᠡᠵᠡᠢ ᠃ ᠣᠨᠲᠠᠢ ᠭᠤᠸᠠᠢ
᠄ 《 ᠮᠢᠨᠦ
ᠬᠤᠰᠤᠨ ᠤᠷᠭ᠎ᠠ ᠭᠠᠳᠠᠭᠠᠳᠤ ᠳᠠᠯᠠᠢ ᠶ᠋ᠢᠨ ᠴᠠᠭᠠᠳᠤ
ᠵᠠᠬ᠎ᠠ ᠳ᠋ᠤ᠌ ᠪᠣᠢ 》 ᠭᠡᠯᠡ
᠃ ᠮᠠᠩᠭᠤᠰ ᠄ 《 ᠲᠡᠭᠡᠪᠡᠯ
ᠶᠠᠭᠠᠬᠢᠵᠤ ᠠᠪᠳᠠᠭ ᠪᠣᠢ? 》 ᠭᠡᠬᠦ ᠳ᠋ᠦ᠍ ᠣᠨᠲᠠᠢ ᠭᠤᠸᠠᠢ
᠄ 《 ᠬᠦᠵᠦᠭᠦᠨ ᠡᠴᠡ ᠪᠡᠨ ᠲᠣᠮᠣ ᠴᠢᠯᠠᠭᠤ
ᠵᠡᠭᠦᠭᠡᠳ ᠳᠠᠯᠠᠢ ᠶ᠋ᠢ ᠭᠠᠲᠤᠯᠵᠤ
ᠠᠪᠳᠠᠭ ᠶᠤᠮ ᠰᠢᠦ ! 》 ᠭᠡᠬᠦ ᠳ᠋ᠦ᠍ ᠮᠠᠩᠭᠤᠰ
ᠲᠡᠷᠡ ᠶᠣᠰᠣᠭᠠᠷ ᠠᠪᠬᠤ ᠭᠡᠵᠦ ᠳᠠᠯᠠᠢ ᠤᠷᠤᠭᠤ ᠣᠷᠣᠭᠠᠳ ᠵᠢᠪᠴᠦ ᠦᠬᠦᠵᠡᠢ ᠃
ᠢᠩᠭᠢᠭᠡᠳ ᠳᠠᠯᠠᠨᠲᠠᠢ
ᠡᠪᠦᠭᠡᠨ ᠠᠬ᠎ᠠ ᠳᠡᠭᠦᠦ ᠬᠡᠳᠦᠭᠦᠯᠡ ᠪᠡᠨ ᠳᠠᠢᠰᠤᠨ ᠢ᠋ᠶ᠋ᠠᠨ ᠳᠠᠷᠤᠵᠤ ᠠᠮᠤᠷ ᠰᠠᠢᠬᠠᠨ
ᠵᠢᠷᠭᠠᠭᠰᠠᠨ ᠭᠡᠨ᠎ᠡ ᠃
ᠦᠰᠦᠭ ᠬᠠᠲᠠᠭᠰᠠᠨ ᠨᠢ ᠄ ᠮᠥᠩᠭᠦᠨᠴᠡᠴᠡᠭ
ᠦᠰᠦᠭ ᠠᠮᠢᠯᠠᠭᠤᠯᠤᠭᠰᠠᠨ
ᠨᠢ ᠄ ᠮᠥᠩᠭᠦᠨᠴᠡᠴᠡᠭ
ᠬᠢᠨᠠᠭᠴᠢ ᠪᠠᠭᠰᠢ ᠄ ᠣᠳᠤᠨᠭᠡᠷᠡᠯ
