ᠰᠢᠨᠠᠯᠠᠮ᠎ᠠ- ᠤᠷᠳᠤᠰ ᠠᠷᠠᠳ ᠤᠨ ᠳᠠᠭᠤᠤШанаалам-ордос ардын дуу
ᠰᠢᠨᠠᠯᠠᠮ᠎ᠠ
ᠤᠷᠳᠤᠰ ᠠᠷᠠᠳ ᠤᠨ ᠳᠠᠭᠤᠤ
ᠦᠯᠵᠡᠢᠵᠢᠷᠭᠠᠯ ᠲᠤᠸᠠᠨᠵᠠᠩ ᠤᠨ
ᠤᠳᠤᠷᠢᠳᠤᠭᠰᠠᠨ ᠬᠤᠪᠢᠰᠬᠠᠯ ᠨᠢ
ᠤᠷᠳᠤᠰ ᠨᠤᠲᠤᠭ ᠤᠨ ᠳᠡᠨᠵᠢᠨ ᠳᠡᠭᠡᠷ᠎ᠡ
ᠤᠯᠠᠭᠠᠨ ᠲᠤᠭ ᠢᠶᠠᠨ ᠮᠠᠨᠳᠤᠭᠤᠯᠵᠠᠢ᠃
ᠤᠯᠠᠭᠠᠨ ᠴᠡᠷᠢᠭ ᠤᠨ ᠪᠠᠢᠯᠳᠤᠭᠴᠢ
ᠤᠷᠳᠤᠰ ᠮᠤᠩᠭᠤᠯ ᠤᠨ ᠮᠠᠯᠴᠢᠨ ᠬᠦᠤ
ᠤᠷᠢᠳᠤ ᠵᠦᠭ ᠤᠨ ᠵᠢᠩ ᠵᠢᠢ ᠶᠢ
ᠡᠤ ᠳ᠋ᠢᠩ ᠾᠧ ᠪᠠᠷ ᠬᠦᠭᠡᠭᠡᠯ᠎ᠡ᠃
ᠤᠯᠠᠭᠠᠨᠲᠤᠯᠤᠭᠠᠢ ᠪᠠᠷ ᠡᠷᠭᠢᠭᠦᠯᠦᠭᠡᠳ
ᠤᠷᠤᠭᠤ ᠬᠠᠨᠳᠤᠭᠤᠯᠵᠤ ᠭᠦᠭᠡᠭᠡᠭᠡᠳ
ᠤᠷᠢᠳᠤ ᠵᠦᠭ ᠤᠨ ᠳᠠᠢᠰᠤᠨ ᠢ
ᠤᠷᠤ ᠮᠦᠷ ᠦᠭᠡᠢ ᠪᠤᠯᠭᠠᠯ᠎ᠠ᠃
ᠬᠤᠷᠢᠶ᠎ᠠ ᠪᠠᠲ᠋ᠠᠯᠢᠶᠤᠨ ᠢ ᠪᠠᠢᠭᠤᠯᠵᠤ
ᠬᠤᠨᠢᠴᠢᠨ ᠠᠷᠠᠳ ᠢᠶᠠᠨ ᠳᠠᠢᠴᠢᠯᠠᠭᠠᠳ
ᠬᠤᠷᠴᠠ ᠵᠡᠪᠰᠡᠭ ᠤᠨ ᠬᠦᠴᠦᠨ ᠢᠶᠠᠷ
ᠬᠤᠤᠷᠳᠠᠨ ᠳᠠᠢᠰᠤᠨ ᠢ ᠳᠠᠷᠤᠯ᠎ᠠ᠃
ᠰᠠᠯᠪᠤᠷᠢ ᠳᠤᠭᠤᠢᠯᠠᠩ ᠪᠠᠢᠭᠤᠯᠵᠤ
ᠰᠠᠬᠢᠯᠭ᠎ᠠ ᠪᠠᠳᠤ ᠪᠠᠨ ᠳᠤᠭᠳᠠᠭᠠᠭᠠᠳ
ᠰᠠᠨᠠᠭ᠎ᠠ ᠰᠡᠳᠭᠢᠯ ᠢᠶᠠᠨ ᠨᠢᠭᠡᠳᠭᠡᠵᠤ
ᠰᠠᠮᠠᠭᠤᠨ ᠳᠠᠢᠰᠦᠨ ᠢ ᠳᠠᠷᠤᠯ᠎ᠠ᠃
ᠮᠤᠩᠭᠤᠯ ᠤᠨ ᠬᠡᠢ ᠮᠤᠷᠢ ᠶᠢ ᠮᠠᠨᠳᠤᠭᠤᠯᠵᠤ
ᠮᠠᠭᠤ ᠬᠤᠯᠠᠭᠠᠢ ᠶᠢ ᠰᠦᠨᠦᠭᠡᠯᠡ
ᠮᠤᠩᠬᠠᠭ ᠬᠤᠯᠠᠭᠠᠢ ᠵᠢᠩ ᠲᠦᠩ ᠯᠢᠩ
ᠮᠠᠭᠤ ᠳᠠᠭᠤ ᠪᠠᠷ ᠳᠤᠳᠠᠭᠠᠯ᠎ᠠ᠃
ᠵᠢᠩ ᠤᠨ ᠴᠡᠷᠢᠭ ᠭᠠᠯᠵᠠᠭᠤᠷᠠᠵᠤ
ᠵᠡᠷᠭᠡ ᠪᠠᠷ ᠮᠤᠷᠳᠠᠭᠠᠳ ᠢᠷᠡᠭᠰᠡᠨ ᠴᠤ᠌
ᠵᠢᠩᠭᠢᠷ ᠭᠠᠩᠭᠠᠷ ᠰᠤᠮᠦ ᠪᠠᠷ ᠢᠶᠠᠨ
ᠵᠢᠯᠪᠢ ᠶᠢ ᠨᠢ ᠳᠠᠷᠤᠭᠠᠳ ᠡᠷᠭᠢᠭᠦᠯᠦᠯ᠎ᠡ᠃
ᠵᠢᠩ ᠤᠨ ᠴᠡᠷᠢᠭ ᠴᠢ ᠪᠢᠩ ᠲᠤᠸᠠᠨ
ᠵᠡᠷᠭᠡ ᠪᠠᠷ ᠳᠠᠷᠤᠭᠠᠳ ᠢᠷᠡᠭᠰᠡᠨ ᠴᠤ᠌
ᠵᠢᠩ ᠭᠠᠩ ᠰᠤᠮᠤ ᠶᠢ ᠬᠦᠷᠳᠡᠭᠦᠯᠦᠭᠡᠳ
ᠵᠢᠯᠪᠢ ᠶᠢ ᠨᠢ ᠳᠠᠷᠤᠭᠠᠳ ᠮᠤᠷᠳᠠᠭᠤᠯᠤᠯᠠ᠃
ᠵᠢᠷᠤᠭ᠎ᠠ ᠵᠢᠷᠤᠭ᠎ᠠ ᠮᠤᠷᠢ ᠶᠢ ᠪᠠᠨ
ᠵᠢᠯᠤᠭᠤ ᠶᠢ ᠨᠢ ᠰᠤᠢᠭᠠᠳ ᠮᠤᠷᠳᠠᠶ᠎ᠠ ᠳ᠋ᠤᠤ
ᠵᠢᠪᠬᠤᠯᠠᠩᠳᠤ ᠲᠦᠷᠤ ᠶᠢᠨ ᠡᠵᠡᠨ ᠪᠢᠳᠠ
ᠵᠤᠷᠢᠭᠰᠠᠨ ᠭᠠᠵᠠᠷ ᠲᠠᠭᠠᠨ ᠬᠦᠷᠴᠢᠭᠡᠶᠡ ᠳ᠋ᠤᠤ᠃
ᠰᠢᠨᠠᠯᠠᠮ᠎ᠠ ᠶᠢᠨ ᠴᠡᠷᠢᠭ ᠤᠳ ᠨᠢ
ᠰᠢᠯᠢᠭᠰᠡᠨ ᠬᠤᠷᠴᠠ ᠴᠡᠷᠢᠭ ᠰᠢᠤ
ᠰᠢᠨᠵᠢ ᠮᠠᠭᠤᠲᠠᠢ ᠵᠢᠩ ᠵᠢᠢ ᠶᠢᠨ
ᠰᠢᠯᠪᠢ ᠶᠢ ᠤᠭᠳᠤᠯᠤᠭᠠᠳ ᠬᠦᠭᠡᠭᠡᠯ᠎ᠡ᠃
ᠰᠢᠪᠠᠷ ᠳᠡᠷᠡᠰᠥᠨ ᠴᠠᠢᠳᠠᠮ ᠳᠤ
ᠰᠢᠯᠢᠨ ᠡ᠊ᠡᠭᠨᠡᠵᠤ ᠰᠠᠭᠤᠵᠤ ᠪᠠᠢᠨ᠎ᠠ
ᠰᠢᠷᠭᠤᠨ ᠢᠷᠡᠭᠰᠡᠨ ᠳᠠᠢᠰᠤᠨ ᠢ
ᠰᠢᠯᠢ ᠶᠢ ᠨᠢ ᠳᠠᠰᠢᠭᠠᠳ ᠬᠦᠭᠡᠭᠡᠯ᠎ᠡ᠃
ᠰᠢᠨᠡᠯᠠᠮ᠎ᠠ ᠶᠢᠨ ᠠᠨᠳᠠ ᠪᠢᠳᠡ
ᠰᠢᠯᠢᠳᠡᠭ ᠴᠢᠩᠭ᠎ᠠ ᠪᠠᠢᠯᠭᠦᠢ ᠳ᠋ᠤᠤ
ᠰᠢᠨᠵᠢ ᠮᠠᠭᠤᠲᠠᠢ ᠬᠠᠷᠬᠢᠰᠴᠤᠳ ᠢ
ᠰᠦᠨᠡᠰᠦ ᠶᠢ ᠨᠢ ᠠᠪᠦᠭᠠᠳ ᠳᠠᠷᠤᠯ᠎ᠠ᠃
ᠰᠢᠨᠡᠯᠠᠮ᠎ᠠ ᠪᠠᠨᠳᠢᠳᠠ ᠲᠠᠢ ᠪᠠᠨ
ᠵᠠᠩᠵᠦᠨ ᠪᠤᠯᠵᠤ ᠢᠷᠡᠭᠡᠳ
ᠵᠠᠩ ᠵᠢᠶᠠ ᠺᠸᠦ ᠠᠴᠠ ᠴᠡᠷᠢᠭ ᠠᠪᠦᠭᠠᠳ
ᠳᠠᠭᠠᠭᠤᠯᠤᠭᠠᠳ ᠢᠷᠡᠯ᠎ᠡ ᠳ᠋ᠤᠤ᠃
ᠰᠢᠨᠡᠯᠡᠮᠠ ᠶᠢᠨ ᠠᠬ᠎ᠠ ᠳᠡᠭᠦᠦ ᠪᠢᠳᠠ
ᠰᠢᠯᠭᠠᠷᠠᠵᠤ ᠪᠠᠢᠨ᠎ᠠ ᠰᠢᠤ ᠳ᠋ᠤᠤ
ᠰᠢᠨ᠎ᠠ ᠴᠠᠭ ᠤᠨ ᠵᠢᠷᠤᠮ ᠶᠤᠰᠤ ᠶᠢ
ᠳᠠᠭᠠᠵᠠᠭᠠᠶᠠ ᠳ᠋ᠤᠤ᠃
ᠬᠠᠷᠭᠢᠰ ᠳᠠᠢᠰᠦᠨ ᠨᠤᠭᠤᠳ ᠬᠠᠪᠰᠤᠷᠤᠯᠴᠠᠭᠠᠳ
ᠬᠠᠩᠬᠢᠨ ᠴᠡᠷᠢᠭ ᠲᠠᠢ ᠨᠡᠢᠯᠡᠯᠴᠡᠭᠡᠳ
ᠬᠠᠷ᠎ᠠ ᠬᠢᠳᠠᠳ ᠵᠢᠩ ᠵᠢᠢ ᠲᠠᠢ
ᠬᠠᠮᠵᠢᠪᠠᠴᠤ ᠶᠠᠭᠠᠬᠢᠭᠰᠠᠨ ᠦᠭᠡᠢ᠃
ᠰᠧ ᠳ᠋ᠠᠢ ᠰᠤᠮᠤ ᠪᠠᠨ ᠪᠦᠰᠡᠯᠡᠭᠡᠳ
ᠰᠧᠯᠡᠢᠳᠠᠢ ᠫᠤᠤ ᠪᠠᠨ ᠡᠬᠦᠷᠤᠭᠡᠳ
ᠰᠢ ᠪᠸᠢ ᠵᠠᠰᠠᠭ ᠵᠢᠩ ᠵᠢᠢ ᠶᠢ
ᠰᠧᠯᠢᠨ ᠲᠠᠪᠠᠭᠠᠨ ᠳᠤ ᠮᠤᠷᠳᠠᠭᠤᠯᠤᠯᠠ᠃
ᠰᠠᠯᠠᠭᠠᠨ ᠲᠠᠷᠤᠭ᠎ᠠ ᠯᠢᠶᠠᠨᠵᠠᠩ ᠤᠨ
ᠰᠠᠯᠪᠤᠷᠢ ᠠᠩᠭᠢ ᠶᠢᠨ ᠳ᠋ᠢ ᠰᠢᠶᠦ᠋ᠡᠭ ᠤᠳ
ᠰᠠᠨᠠᠭ᠎ᠠ ᠵᠤᠷᠢᠭ ᠢᠶᠠᠨ ᠨᠢᠭᠡᠳᠭᠡᠭᠡᠳ
ᠰᠠᠮᠠᠭᠤᠨ ᠲᠠᠢᠰᠤᠨ ᠢ ᠲᠠᠷᠤᠵᠠᠭᠠᠶᠠ ᠳ᠋ᠤᠤ᠃
ᠠᠷᠪᠠ ᠶᠢᠨ ᠲᠠᠷᠤᠭ᠎ᠠ ᠱᠢ ᠵᠠᠩ ᠤᠳ
ᠠᠬ᠎ᠠ ᠲᠡᠬᠦᠤ ᠳ᠋ᠢ ᠰᠢᠶᠦ᠋ᠡᠭ ᠤᠳ
ᠠᠶᠤᠯᠳᠤ ᠲᠠᠢᠰᠤᠨ ᠢ ᠲᠠᠷᠤᠴᠢᠬᠠᠭᠠᠳ
ᠠᠮᠤᠷ ᠲᠠᠢᠪᠤᠡᠭ ᠵᠢᠷᠭᠠᠵᠠᠭᠠᠶ᠎ᠠ ᠳ᠋ᠤᠤ᠃
ᠲᠠᠪᠤ ᠶᠢᠨ ᠲᠠᠷᠤᠭ᠎ᠠ ᠦ᠋ ᠵᠠᠩ ᠤᠳ
ᠲᠠᠩᠭᠠᠷᠢᠭ ᠰᠠᠢᠳᠤ ᠳ᠋ᠢ ᠰᠢᠶᠦ᠋ᠡᠭ ᠤᠳ
ᠲᠡᠮᠢᠷ ᠮᠠᠭᠤᠳᠤ ᠵᠢᠩ ᠵᠢᠢ ᠶᠢ
ᠲᠠᠮᠤ ᠶᠢᠨ ᠤᠷᠤᠨ ᠳᠤ ᠵᠤᠯᠢᠶ᠎ᠠ᠃
ᠮᠠᠨ ᠤ ᠴᠡᠷᠢᠭ ᠤᠨ ᠲᠤᠸᠠᠨᠵᠠᠩ ᠨᠢ
ᠮᠠᠯᠴᠢᠨ ᠠᠷᠠᠳ ᠤᠨ ᠮᠠᠩᠯᠠᠢ ᠬᠦᠤ᠂
ᠮᠤᠩᠭᠤᠯ ᠠᠷᠠᠳ ᠤᠯᠠᠨ ᠳᠠᠭᠠᠨ
ᠮᠠᠰᠢ ᠬᠠᠯᠠᠭᠤᠨ ᠰᠡᠳᠬᠢᠯ ᠲᠠᠢ᠃
ᠦᠨᠳᠤᠷ ᠴᠠᠭᠠᠨ ᠮᠠᠩᠬ᠎ᠠ ᠨᠢ
ᠡᠳᠤᠷ ᠤᠨ ᠭᠠᠵᠠᠷ ᠠᠴᠠ ᠬᠠᠷᠠᠬᠳᠠᠨ᠎ᠠ᠂
ᠦᠯᠵᠡᠢᠵᠢᠷᠭᠠᠯ ᠤᠨ ᠠᠨᠳᠠ ᠪᠢᠳᠡ
ᠦᠭᠡᠳᠡᠯᠡᠨ ᠮᠠᠨᠳᠤᠵᠤ ᠲᠠᠪᠰᠢᠨ᠎ᠠ᠃
ᠠᠪᠤ ᠡᠵᠢ ᠶᠢᠨ ᠠᠰᠠᠷᠠᠯ ᠬᠠᠢᠷ᠎ᠠ
ᠠᠷᠪᠢᠨ ᠢᠯᠡᠬᠦᠤ ᠪᠠᠢᠨ᠎ᠠ᠂
ᠠᠴᠢ ᠦᠷ᠎ᠡ ᠪᠢᠳᠡ ᠨᠠᠷ
ᠠᠴᠢᠯᠠᠨ ᠬᠠᠷᠢᠭᠤᠯᠤᠶ᠎ᠠ᠃
ᠠᠮᠢᠳᠠᠨ ᠤ ᠡᠷᠬᠢᠮ ᠮᠠᠩᠯᠠᠢ
ᠪᠤᠯᠤᠬᠰᠠᠨ(ᠴᠤ᠌)ᠬᠤᠢᠨ᠎ᠠ
ᠠᠴᠢ ᠦᠷ᠎ᠡ ᠭᠡᠤᠭᠡᠳ ᠪᠢᠳᠡᠨ
ᠬᠦᠭᠵᠢᠬᠦᠯᠵᠤ ᠮᠠᠨᠳᠤᠭᠤᠯᠤᠶ᠎ᠠ᠃
ᠤᠷᠳᠤᠰ ᠲᠤᠯᠤᠭᠠᠨ ᠬᠤᠰᠢᠭᠤ ᠶᠢ ᠲᠤᠬᠳᠤᠯᠭᠠᠬᠰᠠᠨ ᠦᠨᠳᠤᠰᠤᠳᠠᠨ ᠤ ᠪᠠᠭᠠᠳᠤᠷ ᠬᠤᠪᠢᠰᠬᠠᠯᠴᠢ ᠰᠢᠨᠡᠯᠠᠮ᠎ᠠ ᠶᠢᠨ ᠲᠤᠬᠠᠢ ᠨᠡᠯᠢᠶᠡᠳ ᠭᠡᠳᠤᠨ ᠲᠠᠭᠤᠤ ᠪᠠᠢᠳᠠᠭ ᠪᠤᠯᠪᠠᠴᠤ ᠪᠠᠶ᠎ᠠ ᠪᠠᠨ ᠲᠠᠭᠠᠬᠰᠠᠨ ᠲᠤᠰᠬᠠᠢ ᠠᠶᠠᠯᠭᠤ ᠭᠡᠵᠤ ᠪᠠᠢᠳᠠᠭ ᠦᠭᠡᠢ ᠳᠡᠭᠡᠨ ᠪᠦᠷ ᠴᠤ᠌ ᠠᠷᠠᠳ ᠤᠨ ᠲᠠᠭᠤᠤ ᠶᠢᠨ ᠠᠶᠠᠯᠭᠤ ᠲᠡᠭᠡᠷ᠎ᠡ ᠦᠭᠡ ᠲᠠᠭᠠᠷᠠᠭᠤᠯᠤᠬᠰᠠᠨ ᠪᠠᠢᠳᠠᠭ᠃ ᠰᠢᠨᠡᠯᠠᠮ᠎ᠠ ᠶᠢᠨ ᠲᠠᠭᠤᠤ ᠭᠡᠳᠡᠭ ᠨᠢ ᠰᠢᠨᠡᠯᠠᠮ᠎ᠠ ᠦᠪᠡᠷ ᠢᠶᠠᠨ ᠵᠤᠬᠢᠶᠠᠬᠰᠠᠨ ᠪᠢᠰᠢ᠂ ᠠᠷᠠᠳ ᠲᠦᠮᠡᠨ ᠤ ᠵᠤᠬᠢᠶᠠᠯ ᠪᠤᠯᠬᠤ ᠪᠦᠭᠡᠳ ᠵᠢᠴᠢ ᠲᠡᠬᠦᠨ ᠤ ᠤᠳᠤᠷᠢᠳᠤᠬᠰᠠᠨ ᠠᠷᠠᠳᠴᠢᠯᠠᠬᠰᠠᠨ ᠬᠤᠪᠢᠰᠬᠠᠯ ᠤᠨ ᠦᠢᠯᠡ ᠶᠠᠪᠤᠳᠠᠯ ᠢ ᠮᠠᠬᠳᠠᠨ ᠲᠠᠭᠤᠯᠠᠬᠰᠠᠨ ᠶᠤᠮ᠃
ᠡᠬᠢ ᠰᠤᠷᠪᠤᠯᠵᠢ᠄ ᠣᠷᠳᠣᠰ ᠬᠣᠲᠠᠶᠢᠨ ᠠᠷᠠᠳᠤᠨ ᠵᠠᠰᠠᠭ ᠤᠨ ᠣᠷᠳᠣᠨ ᠤ ᠰᠦᠯᠵᠢᠶ᠎ᠡ ᠡᠴᠡ
