ᠮᠣᠩᠭᠣᠯ ᠤᠨ ᠲᠠᠯ᠎ᠠ ᠨᠤᠲᠤᠭ-ᠠ᠋᠊᠂ ᠳᠠᠰᠢᠨᠢᠮ᠎ᠠ᠂ ᠳᠠᠰᠢᠴᠢᠨᠠᠷᠠᠪМонголын тал нутаг-Э.Дашням. Дашчанарав ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤᠨ ᠲᠠᠯ᠎ᠠ ᠨᠤᠲᠤᠭ-ᠠ᠋᠊᠂ ᠳᠠᠰᠢᠨᠢᠮ᠎ᠠ᠂ ᠳᠠᠰᠢᠴᠢᠨᠠᠷᠠᠪМонголын тал нутаг-Э.Дашням. Дашчанарав

ᠮᠣᠩᠭᠣᠯ ᠤᠨ ᠲᠠᠯ᠎ᠠ ᠨᠤᠲᠤᠭ-ᠠ᠋᠊᠂ ᠳᠠᠰᠢᠨᠢᠮ᠎ᠠ᠂ ᠳᠠᠰᠢᠴᠢᠨᠠᠷᠠᠪМонголын тал нутаг-Э.Дашням. Дашчанарав

ᠠᠩᠭᠢᠯᠠᠯ:ᠳᠠᠭᠤᠤ ᠬᠥᠭᠵᠢᠮ
2023-04-04

1177

ᠮᠣᠩᠭᠣᠯ ᠤ᠋ᠨ ᠲᠠᠯ᠎ᠠ ᠨᠤᠲᠤᠭ

   ᠦᠭᠡ᠄ ᠽ ∙ ᠲᠦᠮᠡᠨᠵᠢᠷᠭᠠᠯ 
   ᠠᠶ᠎ᠠ᠄ ᠪ ∙ ᠰᠢᠷᠠᠪ 
   ᠳᠠᠭᠤᠴᠢᠨ᠄  ᠠ᠋᠊᠂ ᠳᠠᠰᠢᠨᠢᠮ᠎ᠠ᠂ ᠳᠠᠰᠢᠴᠢᠨᠠᠷᠠᠪ 
ᠲᠡᠭᠦᠵᠢᠭᠦᠤ ᠠᠯᠤᠰ ᠠ᠋ᠴᠠ ᠢᠷᠡᠭᠡᠳ 
ᠳᠦᠭᠦᠷᠡᠩ ᠠᠮᠢᠰᠬᠤᠭ᠎ᠠ ᠠᠪᠬᠤ ᠳ᠋ᠤ᠌ ᠮᠢᠨᠢ 
ᠮᠥᠩᠬᠡ ᠶ᠋ᠢᠨ ᠤᠰᠤ ᠶ᠋ᠢ ᠠᠮᠰᠠᠬᠤ ᠰᠢᠭ᠋ 
ᠴᠡᠭᠡᠵᠢ ᠵᠢᠷᠦᠬᠡ ᠮᠢᠨᠢ ᠴᠡᠯᠮᠡᠷᠡᠭᠡᠳ 
ᠦ᠂ ᠬᠦ᠂ ᠠᠢ᠂ ᠬᠦ᠂ ᠠ᠋᠂ ᠬᠦ᠁ 
ᠠᠯᠢᠮᠠᠨ ᠴᠠᠭᠠᠨ ᠰᠠᠷᠠ ᠠ 
ᠲᠣᠷᠮᠣᠰ ᠲᠣᠷᠮᠣᠰ ᠮᠦᠰᠢᠶᠡᠬᠦ ᠪᠡᠷ 
ᠠᠯᠲᠠᠨ ᠮᠥᠩᠭᠥᠨ ᠣᠳᠣᠳ 
ᠲᠣᠳᠣᠷᠠᠨ ᠲᠣᠳᠣᠷᠠᠨ ᠵᠢᠷᠪᠢᠯᠵᠡᠨ᠎ᠡ 
ᠶᠠᠮᠠᠷ ᠴᠡᠯᠮᠡᠭ ᠶᠦᠮ ᠪᠣᠢ 
ᠮᠣᠩᠭᠣᠯ ᠤ᠋ᠨ ᠬᠥᠬᠡ ᠲᠩᠷᠢ
ᠶᠠᠭᠠᠬᠢᠭᠰᠠᠨ ᠴᠡᠩᠭᠡᠭ ᠶᠦᠮ ᠪᠣᠢ 
ᠮᠣᠩᠭᠣᠯ ᠤ᠋ᠨ ᠠᠷᠢᠭᠤᠨ ᠠᠭᠠᠷ
ᠠᠶᠠᠨ ᠤ᠋ ᠰᠢᠪᠠᠭᠤᠳ ᠤ᠋ᠨ ᠴᠤᠪᠤᠭ᠎ᠠ
ᠠᠯᠵᠢᠶᠠᠵᠤ ᠴᠤᠴᠠᠵᠤ ᠭᠠᠲᠤᠯᠤᠭᠠᠳ
ᠠᠯᠠᠭ ᠨᠢᠳᠦᠨ ᠦ᠌ ᠦᠵᠦᠭᠦᠷ ᠲᠤ
ᠬᠠᠶᠠᠭ᠎ᠠ ᠬᠢᠵᠠᠭᠠᠷ ᠦᠭᠡᠢ ᠪᠡᠷ ᠴᠡᠯᠡᠢᠭᠡᠳ
ᠶᠠᠮᠠᠷ ᠠᠭᠤᠳᠠᠮ ᠶᠤᠮ ᠪᠣᠢ
ᠮᠣᠩᠭᠣᠯ ᠤ᠋ᠨ ᠲᠠᠯ᠎ᠠ ᠨᠤᠲᠤᠭ
ᠶᠠᠭᠠᠬᠢᠭᠰᠠᠨ ᠠᠭᠤᠵᠢᠭᠤ ᠶᠤᠮ ᠪᠣᠢ
ᠮᠣᠩᠭᠣᠯ ᠬᠥᠮᠦᠨ ᠦ᠌ ᠰᠡᠳᠬᠢᠯ
ᠶᠠᠮᠠᠷ ᠴᠡᠩᠭᠡᠭ ᠶᠦᠮ ᠪᠣᠢ
ᠮᠣᠩᠭᠣᠯ ᠤ᠋ᠨ ᠠᠷᠢᠭᠤᠨ ᠠᠭᠠᠷ
ᠶᠠᠭᠠᠬᠢᠭᠰᠠᠨ ᠴᠡᠯᠮᠡᠭ ᠶᠦᠮ ᠪᠣᠢ
ᠮᠣᠩᠭᠣᠯ ᠤ᠋ᠨ ᠬᠥᠬᠡ ᠲᠩᠷᠢ
ᠮᠣᠩᠭᠣᠯ᠁ ᠮᠣᠩᠭᠣᠯ᠁ ᠰᠡᠳᠬᠢᠯ᠁
ᠮᠣᠩᠭᠣᠯ᠁ ᠮᠣᠩᠭᠣᠯ ᠤ᠋ᠨ᠁ ᠲᠠᠯ᠎ᠠ ᠨᠤᠲᠤᠭ᠁

   ᠦᠰᠦᠭ ᠠᠮᠢᠯᠠᠭᠤᠯᠤᠭᠰᠠᠨ ᠨᠢ᠄ ᠠᠩᠴᠢᠨ
   ᠦᠰᠦᠭ ᠬᠠᠲᠠᠭᠰᠠᠨ ᠨᠢ᠄ ᠠᠩᠴᠢᠨ
   ᠬᠢᠨᠠᠭᠴᠢ ᠪᠠᠭᠰᠢ᠄ ᠢᠷᠡᠭᠡᠳᠦᠢ