ᠨᠢᠳᠦᠨ ᠪᠦᠰᠡᠭᠦᠢ- ᠳᠠᠸᠠᠳᠠᠯᠠᠢНүдэн бүсгүй-Даваадалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠳᠦᠨ ᠪᠦᠰᠡᠭᠦᠢ- ᠳᠠᠸᠠᠳᠠᠯᠠᠢНүдэн бүсгүй-Даваадалай

ᠨᠢᠳᠦᠨ ᠪᠦᠰᠡᠭᠦᠢ- ᠳᠠᠸᠠᠳᠠᠯᠠᠢНүдэн бүсгүй-Даваадалай

ᠠᠩᠭᠢᠯᠠᠯ:ᠳᠠᠭᠤᠤ ᠬᠥᠭᠵᠢᠮ
2023-04-04

336

ᠨᠢᠳᠦᠨ ᠪᠦᠰᠡᠭᠦᠢ

   ᠦᠭᠡ ᠠᠶ᠎ᠠ᠄ ᠪ  ᠴᠣᠭᠪᠠᠳᠠᠷᠠᠬᠤ

   ᠳᠠᠭᠤᠴᠢᠨ᠄ ᠭ  ᠳᠠᠸᠠᠳᠠᠯᠠᠢ

ᠨᠠᠷᠠᠨ ᠰᠡᠳᠬᠢᠯ ᠳ᠋ᠦ᠍ ᠨᠢ ᠲᠤᠶᠠᠭᠠᠷᠠᠵᠤ ᠰᠠᠭᠤᠮᠠᠷ
ᠨᠠᠮᠤᠭᠤᠨ ᠠᠭᠠᠰᠢᠨ ᠳ᠋ᠤ᠌ ᠨᠢ ᠤᠶᠠᠷᠠᠵᠤ ᠰᠠᠭᠤᠮᠠᠷ
ᠤᠶᠠᠬᠠᠨ ᠬᠠᠶ᠋ᠢᠷ᠎ᠠ ᠳ᠋ᠤ᠌ ᠨᠢ ᠵᠢᠷᠭᠠᠨ ᠰᠠᠭᠤᠮᠠᠷ
ᠤᠬᠠᠭᠠᠯᠢᠭ ᠲᠥᠷᠥᠭᠰᠡᠨ ᠮᠣᠩᠭᠣᠯ ᠪᠦᠰᠡᠭᠦᠢ
ᠳᠤᠷᠠᠯᠠᠯ ᠬᠠᠶ᠋ᠢᠷ᠎ᠠ ᠶ᠋ᠢᠨ ᠠᠯᠠᠭ ᠨᠢᠳᠦᠨ
ᠳᠠᠭᠤᠯᠠᠯ ᠰᠢᠯᠦᠭ ᠦ᠋ᠨ ᠬᠠᠷᠠᠬᠠᠨ ᠨᠢᠳᠦᠨ
ᠤᠴᠠᠷᠠᠯ ᠢᠷᠦᠭᠡᠯ ᠦ᠋ᠨ ᠭᠡᠭᠡᠨ ᠵᠠᠶᠠᠭ᠎ᠠ
ᠤᠭᠲᠤᠬᠤ ᠠᠮᠢᠳᠤᠷᠠᠯ ᠤ᠋ᠨ ᠰᠠᠷᠠᠭᠤᠯ ᠲᠤᠶᠠᠭ᠎ᠠ

ᠣᠯᠣᠮ ᠦᠭᠡᠢ ᠬᠦᠰᠡᠯ ᠦ᠋ᠨ ᠵᠢᠭᠦᠷ ᠳᠡᠪᠢᠭᠡᠳ
ᠣᠨ ᠵᠢᠯ ᠦ᠋ᠳ ᠊ᠢ ᠲᠤᠭᠤᠯᠤᠨ ᠣᠴᠢᠮᠠᠷ
ᠰᠠᠷᠠᠨ ᠤ᠋ ᠳᠣᠣᠷᠠᠬᠢ ᠰᠠᠷᠠᠨ ᠭᠡᠮᠡᠷ
ᠰᠠᠢᠬᠠᠨ ᠮᠣᠩᠭᠣᠯ ᠪᠦᠰᠡᠭᠦᠢ ᠶᠦ᠍ᠮ
ᠲᠠᠬᠢᠯᠲᠠ
ᠥᠷᠯᠥᠭᠡᠨ ᠦ᠌ ᠰᠢᠭᠦᠳᠡᠷᠢ ᠲᠡᠢ ᠡᠷᠦᠬᠡ ᠪᠡᠨ ᠲᠠᠲᠠᠬᠤ ᠳ᠋ᠤ᠌
ᠥᠷᠭᠥᠭᠡ ᠭᠡᠷ ᠦ᠋ᠨ ᠮᠢᠨᠢ ᠭᠡᠷᠡᠯ ᠭᠡᠶ᠋ᠢᠭᠰᠡᠨ
ᠲᠤᠤᠯᠢᠮ᠎ᠠ ᠬᠣᠷᠸ᠋᠎ᠠ ᠳ᠋ᠤ᠌ ᠳᠡᠭᠡᠳᠦᠯᠡᠵᠦ ᠬᠠᠶ᠋ᠢᠷᠠᠯᠠᠨ
ᠳᠠᠭᠤᠤ ᠰᠢᠭ᠋ ᠲᠥᠷᠥᠭᠰᠡᠨ ᠪᠦᠰᠡᠭᠦᠢ ᠶᠦ᠍ᠮ
ᠳᠠᠬᠢᠯᠲᠠ
   ᠦᠰᠦᠭ ᠬᠠᠲᠠᠭᠰᠠᠨ ᠨᠢ ᠄ ᠰᠡᠷᠭᠦᠯᠡᠩ᠂ ᠪᠦᠷᠢᠨᠵᠢᠷᠭᠠᠯ
   ᠦᠰᠦᠭ ᠠᠮᠢᠯᠠᠭᠤᠯᠤᠭᠰᠠᠨ ᠨᠢ ᠄ ᠰᠡᠷᠭᠦᠯᠡᠩ᠂ ᠪᠦᠷᠢᠨᠵᠢᠷᠭᠠᠯ
   ᠬᠢᠨᠠᠭᠴᠢ ᠄ ᠪᠠᠶᠠᠷᠴᠡᠴᠡᠭ᠂ ᠡᠷᠳᠡᠨᠢᠪᠢᠯᠢᠭ