ᠤᠷᠠᠳ ᠮᠠᠯᠴᠢᠨ- ᠦ · ᠪᠣᠷᠣᠭᠠᠨУрд малчин-ө · бороон
ᠤᠷᠠᠳ ᠮᠠᠯᠴᠢᠨ
ᠦ · ᠪᠣᠷᠣᠭᠠᠨ
ᠬᠥᠳᠡᠭᠡ ᠨᠤᠲᠤᠭ ᠲᠤ᠌ ᠪᠣᠷᠣᠭᠠᠨ
ᠬᠤᠷ᠎ᠠ ᠲᠠᠢ ᠰᠠᠢᠬᠠᠨ
ᠬᠠᠨᠠᠲᠤ ᠭᠡᠷ ᠦ᠋ᠨ ᠬᠣᠶ᠋ᠢᠮᠣᠷ
ᠳᠦᠭᠦᠷᠭᠡᠵᠦ ᠬᠠᠰᠢᠷ ᠪᠤᠭᠤᠷᠤᠯᠴᠤᠤᠯ ᠦᠯᠢᠭᠡᠷ ᠬᠠᠭᠤᠴᠢᠯᠠᠬᠤ ᠰᠠᠢᠬᠠᠨ
ᠬᠠᠩᠭᠠᠢ ᠳᠡᠯᠡᠬᠡᠢ ᠪᠡᠨ ᠤᠮᠳᠠᠯᠠᠵᠤ ᠬᠠᠶᠠ ᠬᠠᠶᠠ ᠪᠣᠷᠣᠭᠠᠨ
ᠱᠠᠭᠢᠬᠤ ᠰᠠᠢᠬᠠᠨ
ᠬᠠᠨᠠᠭᠠᠷ ᠭᠣᠪᠢ ᠶ᠋ᠢᠨ ᠬᠥᠨᠳᠡᠢ ᠳ᠋ᠦ᠍ ᠪᠣᠲᠣᠭᠣ ᠪᠤᠶ᠋ᠢᠯᠠᠬᠤ ᠰᠠᠢᠬᠠᠨ
ᠬᠥᠳᠡᠭᠡ ᠨᠤᠲᠤᠭ
ᠭᠡᠵᠦ ᠬᠥᠮᠦᠨ ᠦ᠌ ᠰᠡᠳᠬᠢᠯ ᠳ᠋ᠦ᠍ ᠪᠠᠶᠠᠰᠤᠯ
ᠴᠠᠯᠭᠢᠭᠤᠯᠬᠤ ᠰᠠᠢᠬᠠᠨ
ᠥᠭᠭᠢᠶᠡᠮᠦᠷ ᠪᠠᠶᠠᠨ
ᠮᠣᠩᠭᠣᠯ ᠨᠤᠲᠤᠭ ᠲᠤ᠌ ᠤᠯᠠᠷᠢᠯ ᠤᠯᠠᠷᠢᠯ ᠢ᠋ᠶ᠋ᠠᠷ ᠪᠣᠷᠣᠭᠠᠨ
ᠣᠷᠣᠬᠤ ᠰᠠᠢᠬᠠᠨ
ᠥᠨᠳᠥᠷ ᠲᠩᠷᠢ ᠶ᠋ᠢᠨ ᠬᠥᠬᠡ ᠮᠠᠨᠳᠠᠯ ᠳ᠋ᠤ᠌ ᠰᠢᠪᠠᠭᠤ ᠵᠢᠷᠭᠢᠬᠦ ᠰᠠᠢᠬᠠᠨ
ᠪᠤᠳᠠᠩ ᠮᠠᠨᠠᠨ ᠲᠠᠢ ᠬᠠᠶᠠ
ᠬᠠᠶᠠ ᠪᠣᠷᠣᠭᠠᠨ ᠪᠠᠭᠤᠬᠤ ᠰᠠᠢᠬᠠᠨ
ᠪᠣᠲᠣᠭᠣᠨ ᠪᠣᠷᠣ ᠲᠤᠯᠤᠭᠠᠳ ᠳᠡᠭᠡᠷ᠎ᠡ ᠲᠣᠭᠣᠷᠤᠤ ᠳᠡᠷᠪᠡᠬᠥ ᠰᠠᠢᠬᠠᠨ
ᠪᠤᠲᠠᠷᠠᠭᠠᠨ᠎ᠠ ᠲᠠᠢ ᠬᠥᠨᠳᠡᠢ ᠳ᠋ᠦ᠍ ᠮᠠᠯ
ᠪᠡᠯᠴᠢᠬᠦ ᠰᠠᠢᠬᠠᠨ
ᠪᠣᠷᠣᠬᠠᠨ ᠭᠡᠷ ᠦ᠋ᠨ ᠬᠠᠶᠠᠭᠠᠨ ᠳ᠋ᠤ᠌ ᠲᠥᠯ ᠦ᠋ᠨ ᠳᠠᠭᠤᠨ
ᠰᠠᠢᠬᠠᠨ
ᠠᠷᠭᠠᠯ ᠤ᠋ᠨ ᠴᠠᠩᠬᠢᠷ ᠤᠲᠤᠭ᠎ᠠ ᠠᠭᠠᠷ ᠲᠤ᠌ ᠰᠤᠭᠤᠨᠠᠭᠯᠠᠬᠤ ᠰᠠᠢᠬᠠᠨ
ᠣᠬᠢ ᠲᠠᠢ ᠴᠡᠩᠬᠡᠷ ᠬᠣᠭᠣᠯᠠᠢ ᠳ᠋ᠤ᠌ ᠠᠳᠤᠭᠤ ᠳᠣᠷᠭᠢᠯᠳᠤᠬᠤ ᠰᠠᠢᠬᠠᠨ
ᠠᠭᠠᠭ ᠲᠠᠢ ᠰᠢᠷᠭᠠᠯ
ᠴᠠᠢ ᠪᠠᠨ ᠠᠶᠠᠭᠠᠯᠠᠨ ᠪᠠᠷᠢᠬᠤ ᠰᠠᠢᠬᠠᠨ
ᠠᠶᠨᠨ ᠵᠠᠮ ᠤ᠋ᠨ ᠲᠡᠷᠲᠡᠭᠡ ᠡᠴᠡ ᠨᠤᠲᠤᠭ ᠢ᠋ᠶ᠋ᠠᠨ ᠵᠣᠷᠢᠬᠤ ᠰᠠᠢᠬᠠᠨ
ᠵᠡᠭᠡᠷ᠎ᠡ ᠶ᠋ᠢᠨ ᠰᠦᠷᠦᠭ ᠲᠡᠢ ᠲᠠᠯ᠎ᠠ ᠳ᠋ᠤᠨᠢ ᠵᠡᠷᠭᠡᠯᠭᠡᠨ ᠲᠠᠲᠠᠬᠤ ᠰᠠᠢᠬᠠᠨ
ᠵᠡᠯᠡᠯᠡᠨ ᠲᠠᠲᠠᠭᠰᠠᠨ
ᠱᠣᠩ ᠤ᠋ᠨ ᠳᠡᠷᠭᠡᠳᠡ ᠡᠴᠡ ᠵᠦᠢᠯ ᠦ᠋ᠨ ᠥᠩᠭᠡ ᠲᠡᠢ ᠰᠣᠯᠣᠩᠭ᠎ᠠ ᠲᠠᠲᠠᠬᠤ
ᠰᠠᠢᠬᠠᠨ
ᠵᠢᠷᠭᠢᠨ ᠱᠤᠯᠤᠭᠠᠨᠠᠬᠤ ᠬᠠᠷᠢᠶᠠᠴᠠᠢ
ᠵᠢᠨᠲᠡᠵᠤ ᠨᠢᠰᠬᠦ ᠰᠠᠢᠬᠠᠨ
ᠵᠢᠩᠰᠡ ᠶ᠋ᠢᠨ ᠣᠭ᠌ᠶᠤ
ᠴᠢᠯᠠᠭᠤᠳ ᠨᠢ ᠵᠠᠶ᠋ᠢᠷ ᠭᠦᠶᠦᠭᠰᠡᠨ ᠠᠯᠠᠭ ᠨᠢᠳᠦᠨ ᠦ᠌ ᠨᠢᠯᠪᠤᠰᠤ ᠰᠢᠭ᠋
ᠪᠣᠷᠣᠭᠠᠨ ᠴᠠᠰᠤᠨ ᠤ᠋ ᠪᠣᠯᠣᠷ
ᠭᠢᠯᠲᠠᠭᠠᠨᠠᠬᠤ ᠰᠠᠢᠬᠠᠨ
ᠠᠮᠢᠲᠠᠨ ᠭᠣᠣᠯᠳᠠᠨ ᠬᠣᠣᠰᠠᠯᠠᠭᠰᠠᠨ
ᠠᠮᠤᠭᠤᠯᠠᠩ ᠬᠥᠳᠡᠭᠡ ᠰᠠᠢᠬᠠᠨ
ᠠᠶ᠋ᠢᠷᠠᠭ ᠨᠠᠶ᠋ᠢᠷᠠᠭ ᠴᠠᠯᠭᠢᠯᠠᠭᠰᠠᠨ
ᠠᠷᠠᠳ ᠤ᠋ᠨ ᠳᠠᠭᠤᠤ ᠰᠠᠢᠬᠠᠨ
ᠠᠰᠢᠳᠠ ᠶ᠋ᠢᠨ ᠢᠷᠦᠭᠡᠯ ᠵᠦᠩᠨᠡᠭᠰᠡᠨ ᠠᠮᠠᠨ ᠪᠡᠯᠡᠭ ᠰᠠᠢᠬᠠᠨ
ᠠᠮᠤᠷ ᠲᠠᠶ᠋ᠢᠪᠤᠩ ᠣᠷᠣᠰᠢᠬᠤ
ᠠᠯᠠᠭ ᠳᠡᠯᠡᠬᠡᠢ ᠮᠢᠨᠢ ᠰᠠᠢᠬᠠᠨ ᠁
2023 ᠣᠨ ᠤ᠋4
ᠰᠠᠷ᠎ᠠ ᠶ᠋ᠢᠨ2
ᠠᠮᠢᠯᠠᠭᠤᠯᠤᠭᠰᠠᠨ ᠄ ᠣᠳᠬᠣᠨᠴᠡᠴᠡᠭ
ᠬᠢᠨᠠᠭᠴᠢ ᠄ ᠣᠳᠬᠠᠨᠰᠸ᠎ᠠ ᠂
ᠰᠡᠬᠡᠭᠡᠷᠡᠯ
