ᠪᠥᠮᠪᠥᠯᠡᠢ ᠳ᠋ᠡᠭᠡᠨ ᠪᠢᠴᠢᠭᠰᠡᠨ ᠨᠢᠭᠡᠨ ᠬᠤᠪᠢ ᠵᠠᠬᠢᠳᠠᠯ ᠪᠠ ᠬᠠᠷᠢᠭᠤ ᠵᠠᠬᠢᠳᠠᠯБөмбөлойдээ бичсэн нэгэн хувь захидал ба хариу захидал ᠬᠡᠷᠡᠭᠯᠡᠭᠡᠨ ᠦ᠌ ᠬᠡᠪ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠮᠪᠥᠯᠡᠢ ᠳ᠋ᠡᠭᠡᠨ ᠪᠢᠴᠢᠭᠰᠡᠨ ᠨᠢᠭᠡᠨ ᠬᠤᠪᠢ ᠵᠠᠬᠢᠳᠠᠯ ᠪᠠ ᠬᠠᠷᠢᠭᠤ ᠵᠠᠬᠢᠳᠠᠯБөмбөлойдээ бичсэн нэгэн хувь захидал ба хариу захидал

ᠪᠥᠮᠪᠥᠯᠡᠢ ᠳ᠋ᠡᠭᠡᠨ ᠪᠢᠴᠢᠭᠰᠡᠨ ᠨᠢᠭᠡᠨ ᠬᠤᠪᠢ ᠵᠠᠬᠢᠳᠠᠯ ᠪᠠ ᠬᠠᠷᠢᠭᠤ ᠵᠠᠬᠢᠳᠠᠯБөмбөлойдээ бичсэн нэгэн хувь захидал ба хариу захидал

2023-04-04

1699

ᠪᠥᠮᠪᠥᠯᠡᠢ ᠳ᠋ᠡᠭᠡᠨ ᠪᠢᠴᠢᠭᠰᠡᠨ ᠨᠢᠭᠡᠨ ᠬᠤᠪᠢ ᠵᠠᠬᠢᠳᠠᠯ

ᠮᠢᠨᠦ ᠨᠢᠭᠡ ᠮᠠᠭᠤ ᠬᠥᠭᠡᠷᠦᠬᠦᠨ ᠠᠮᠢᠲᠠᠨ
ᠰᠠᠢᠨ ᠰᠠᠭᠤᠵᠤ ᠪᠠᠢᠨ᠎ᠠ ᠤᠤ ?
ᠤᠤᠯ ᠨᠢ ᠪᠢ ᠴᠢᠮ᠎ᠠ ᠶ᠋ᠢ ᠬᠠᠶᠠ ᠨᠢᠭᠡ ᠣᠷᠬᠢᠭᠠᠳ ᠭᠤᠷᠪᠠ ᠲᠠᠪᠤ ᠬᠣᠨᠣᠭᠠᠳ ᠯᠠ ᠢᠷᠡᠳᠡᠭ ᠪᠠᠢᠭᠰᠠᠨ᠃ ᠲᠡᠭᠡᠬᠦ ᠳ᠋ᠦ᠍ ᠴᠢ ᠶᠠᠮᠠᠷ ᠶᠡᠬᠡ ᠪᠠᠶᠠᠷᠯᠠᠳᠠᠭ ᠪᠠᠢᠯ᠎ᠠ ᠭᠡᠵᠦ᠂ ᠨᠠᠮᠠᠶ᠋ᠢ ᠲᠣᠭᠣᠷᠢᠭᠠᠳ ᠦᠰᠦᠷᠴᠦ ᠳᠡᠭᠳᠡᠭᠡᠳ ᠯᠡ ᠭᠡᠷ ᠦ᠋ᠨ ᠢ᠋ᠶ᠋ᠡᠨ ᠬᠠᠶᠠᠭ᠎ᠠ ᠶ᠋ᠢ ᠲᠣᠭᠣᠷᠢᠭᠠᠳ ᠴᠠᠬᠢᠯᠵᠤ ᠭᠦᠶᠦᠭᠡᠳ ᠪᠥᠭᠡᠮ ᠪᠠᠶᠠᠷ ᠪᠣᠯᠳᠠᠭ ᠪᠠᠢᠭᠰᠠᠨ ᠢ᠋ᠶ᠋ᠠᠨ ᠴᠢ ᠴᠡᠭᠡᠵᠢᠯᠡᠵᠦ ᠪᠠᠢᠨ᠎ᠠ ᠤᠤ ? ᠭᠡᠬᠦ ᠳ᠋ᠦ᠍ ᠡᠨᠡ ᠤᠳᠠᠭ᠎ᠠ ᠴᠢ ᠮᠠᠭᠤ ᠡᠵᠡᠨ ᠢ᠋ ᠪᠡᠨ ᠣᠷᠬᠢᠭᠠᠳ᠂ ᠦᠭᠡᠢ ᠮᠠᠭᠤ 《ᠡᠵᠢ 》 ᠶ᠋ᠢ ᠪᠡᠨ ᠣᠷᠬᠢᠭᠠᠳ ᠴᠤ᠌ ᠭᠡᠬᠦ ᠤᠤ ᠳ᠋ᠠ᠂ ᠶᠠᠭᠠᠬᠢᠭᠰᠠᠨ ᠤᠳᠠᠭᠠᠨ ᠬᠣᠨᠣᠭ ᠢ᠋ᠶ᠋ᠠᠷ ᠶᠠᠪᠤᠬᠤ ᠨᠢ ᠪᠣᠢ! ᠬᠠᠷᠢᠵᠤ ᠢᠷᠡᠯ ᠦᠭᠡᠢ ᠪᠦᠷ ᠲᠠᠪᠢᠨ ᠵᠢᠷᠭᠤᠭ᠎ᠠ ᠬᠣᠨᠣᠴᠢᠬᠠᠯ᠎ᠠ ᠰᠢᠲᠠ᠂ ᠭᠡᠷ ᠦ᠋ᠨ ᠡᠭᠦᠳᠡ ᠬᠠᠶᠠᠭ᠎ᠠ᠂ ᠬᠣᠷᠢᠶ᠎ᠠ ᠬᠠᠰᠢᠶ᠎ᠠ ᠬᠣᠭᠣᠰᠣᠳᠠᠭᠠᠳ ᠰᠡᠳᠬᠢᠯ ᠨᠢᠭᠡ ᠯᠡ ᠡᠵᠡᠭᠦᠢ᠂ ᠤᠷᠢᠳᠤ ᠰᠥᠨᠢ ᠪᠢ ᠪᠠᠰᠠ ᠯᠠ ᠴᠢᠮ᠎ᠠ ‍ᠶ᠋ᠢ ᠵᠡᠭᠦᠳᠦᠯᠡᠵᠦ ᠬᠣᠨᠣᠯ᠎ᠠ᠂ ᠴᠢᠨᠦ ᠨᠥᠭᠦᠭᠡ ᠬᠣᠨᠢᠴᠢᠨ ᠬᠠᠯᠲᠠᠷ ᠬᠣᠶᠠᠷ ᠨᠣᠬᠠᠢ ᠨᠠᠢᠵᠠ ᠨᠢ᠂ ᠠ ᠲᠡᠢᠮᠦ᠂ ᠪᠠᠰᠠ ᠪᠣᠭᠵᠣ ᠤᠨᠠᠭ᠎ᠠ ᠳᠡᠭᠦᠦ ᠲᠡᠢ ᠨᠢ᠂ ᠪᠢᠳᠡ ᠬᠡᠳᠦ ᠥᠨᠥ ᠲᠠᠩᠳᠠ ᠣᠴᠢᠵᠤ ᠠᠷᠭᠠᠯ ᠲᠡᠭᠦᠳᠡᠭ ᠳᠠᠷᠠᠰᠤᠲᠠᠢ ᠭᠣᠣᠯ ᠳ᠋ᠠᠭᠠᠨ ᠯᠠ ᠪᠢ ᠠᠷᠭᠠᠯ ᠢ᠋ᠶ᠋ᠠᠨ ᠲᠡᠭᠦᠭᠡᠳ ᠲᠠ ᠬᠡᠳᠦ ᠨᠠᠮᠠᠶ᠋ᠢ ᠲᠣᠭᠣᠷᠢᠭᠠᠳ ᠲᠠᠭᠤᠯᠴᠠᠵᠤ ᠨᠠᠭᠠᠳᠴᠤ ᠪᠠᠢᠨ᠎ᠠ ᠭᠡᠵᠦ ᠵᠡᠭᠦᠳᠦᠯᠡᠯ᠎ᠡ᠃ ᠭᠡᠬᠦ ᠳ᠋ᠦ᠍ ᠴᠢᠮ᠎ᠠ ᠶ᠋ᠢ ᠶᠠᠪᠤᠭᠰᠠᠨ ᠠ᠋ᠴᠠ ᠬᠣᠢᠰᠢ ᠪᠢᠳᠡ ᠬᠡᠳᠦ ᠳᠠᠷᠠᠰᠤᠲᠠᠢ ᠭᠣᠣᠯ ᠳ᠋ᠤ᠌ ᠪᠠᠨ ᠣᠴᠢᠭ᠎ᠠ ᠦᠭᠡᠢ ᠪᠦᠲᠦᠨ ᠬᠣᠶᠠᠷ ᠰᠠᠷ᠎ᠠ ᠪᠣᠯᠤᠭᠰᠠᠨ ᠪᠠᠢᠨ᠎ᠠ ᠪᠢᠯᠡ᠂ ᠳᠡᠷᠡᠰᠦᠨ ᠳ᠋ᠦ᠍ ᠣᠯᠠᠨ ᠲᠠᠤᠯᠠᠢ ᠠᠮᠢᠳᠤᠷᠠᠳᠠᠭ ᠪᠠᠢᠭᠰᠠᠨ ᠰᠢᠲᠠ᠂ ᠬᠠᠶᠠ ᠨᠢᠭᠡ ᠳᠡᠷᠡᠰᠦᠨ ᠦ᠌ ᠨᠥᠮᠥᠷᠢ ᠡᠴᠡ ᠲᠠᠤᠯᠠᠢ ᠶ᠋ᠢᠨ ᠪᠥᠵᠥᠩ ᠪᠣᠰᠤᠭᠠᠳ ᠳᠠᠪᠬᠢᠬᠤ ᠳ᠋ᠤ᠌ ᠨᠢ ᠬᠣᠨᠢᠴᠢᠨ ᠲᠠ ᠬᠣᠶᠠᠷ ᠭᠠᠷᠭᠠᠭᠠᠳ ᠲᠠᠭᠤᠴᠢᠬᠠᠳᠠᠭ ᠪᠠᠢᠭᠰᠠᠨ᠃ ᠪᠥᠮᠪᠥᠯᠡᠢ ᠭᠡᠵᠦ ᠶᠣᠰᠣᠲᠠᠢ ᠨᠢᠭᠡ ᠬᠥᠭᠡᠷᠦᠬᠦᠨ ᠱᠣᠭᠲᠠᠢ ᠠᠮᠢᠲᠠᠨ ᠰᠢᠦ! ᠤᠭ ᠨᠢ ᠪᠢ ᠴᠢᠮ᠎ᠠ ‍ᠶ᠋ᠢ ᠪᠠᠶᠠᠷᠯᠠᠭᠤᠯᠬᠤ ᠯᠠ ᠭᠡᠵᠦ ᠳᠠᠷᠠᠰᠤᠲᠠᠢ ᠭᠣᠣᠯ ᠳ᠋ᠤ᠌ ᠣᠴᠢᠵᠤ ᠠᠷᠭᠠᠯ ᠲᠡᠭᠦᠬᠦ ᠳᠤᠷᠠᠲᠠᠢ ᠪᠠᠢᠭᠰᠠᠨ ᠪᠠᠢᠨ᠎ᠠ ᠪᠢᠯᠡ᠂ ᠲᠡᠭᠡᠭᠡᠳ ᠦᠳᠡ ᠪᠣᠯᠬᠤ ᠪᠠᠷ ᠲᠠ ᠬᠡᠳᠦ ᠲᠠᠩᠳᠠ ᠯᠠ ᠭᠡᠷ ᠦ᠋ᠨ ᠢ᠋ᠶ᠋ᠡᠨ ᠡᠭᠦᠳᠡ ᠪᠡᠷ ᠬᠥᠨᠳᠡᠯᠡᠨ ᠭᠤᠯᠳᠤ ᠦᠭᠡᠢ ᠬᠡᠪᠲᠡᠴᠢᠬᠡᠭᠰᠡᠨ ᠦᠳᠡᠯᠡᠵᠦ ᠪᠠᠢᠳᠠᠭ ᠪᠠᠢᠭᠰᠠᠨ᠃ ᠴᠢᠮ᠎ᠠ ᠶ᠋ᠢ ᠶᠠᠪᠤᠭᠰᠠᠨ ᠠ᠋ᠴᠠ ᠬᠣᠢᠰᠢ ᠴᠢᠨᠦ ᠨᠥᠭᠦᠭᠡ ᠨᠣᠭᠣᠭᠠᠨ ᠬᠡᠪᠢᠰ ᠦ᠋ᠨ ᠳᠡᠪᠢᠰᠬᠡᠷ ᠯᠡ ᠡᠵᠡᠭᠦᠢᠷᠡᠵᠦ ᠬᠠᠷᠠᠭᠳᠠᠬᠤ ᠪᠣᠯᠤᠯ᠎ᠠ᠂ ᠪᠠᠰᠠ ᠴᠢᠨᠦ ᠤᠰᠤᠨ ᠤ᠋ ᠰᠠᠪᠠ᠂ ᠤᠰᠤ ᠬᠣᠭᠣᠯᠠᠨ ᠤ᠋ ᠰᠠᠪᠠ ᠭᠡᠵᠦ ᠶᠠᠷᠢᠬᠤ ᠠ᠋ᠴᠠ ᠲᠠ ᠬᠡᠳᠦ ᠶ᠋ᠢᠨ ᠲᠦᠩᠫᠧᠨ ᠳ᠋ᠦ᠍ ᠴᠢᠨᠦᠬᠢ ᠯᠡ ᠬᠠᠮᠤᠭ ᠤ᠋ᠨ ᠴᠡᠪᠡᠷᠬᠡᠨ ᠪᠠᠢᠳᠠᠭ ᠪᠠᠢᠭᠰᠠᠨ ᠳ᠋ᠠ᠂ ᠡᠵᠢ ᠨᠢ ᠴᠢᠨᠦ ᠶᠠᠭᠤᠮ᠎ᠠ ᠶ᠋ᠢ ᠪᠦᠭᠦᠳᠡ ᠶ᠋ᠢ ᠨᠢ ᠬᠤᠷᠢᠶᠠᠭᠠᠳ ᠴᠠᠭᠠᠰᠢ ᠪᠠᠨ ᠲᠠᠯᠪᠢᠴᠢᠬᠠᠯ᠎ᠠ᠂ ᠶᠠᠭᠠᠬᠢᠬᠤᠪ ᠳ᠋ᠠ! ᠭᠡᠨᠡᠳᠲᠡᠬᠡᠨ ᠪᠠᠰᠠ ᠨᠢᠭᠡ ᠴᠢᠮ᠎ᠠ ᠲᠠᠢ ᠠᠳᠠᠯᠢ ᠡᠬᠡ ᠡᠴᠡ ᠪᠡᠨ ᠲᠥᠭᠡᠷᠢᠯᠳᠦᠵᠦ ᠥᠨᠥᠴᠢᠷᠡᠵᠦ ᠬᠣᠴᠣᠷᠤᠭᠰᠠᠨ ᠬᠥᠭᠡᠷᠦᠬᠦᠢ ᠠᠮᠢᠲᠠᠨ ᠬᠦᠷᠦᠭᠡᠳ ᠢᠷᠡᠬᠦ ᠶᠤᠮ ᠪᠣᠯ ᠬᠡᠷᠡᠭᠯᠡᠬᠦ ᠯᠡ ᠪᠠᠢᠬᠤ ᠳ᠋ᠠ᠃ ᠣᠯᠠᠨ ᠬᠥᠮᠦᠰ ᠡᠵᠢ ᠶ᠋ᠢ ᠨᠢ ᠬᠡᠭᠡᠷ᠎ᠡ ᠶ᠋ᠢᠨ ᠠᠮᠢᠲᠠᠨ ᠢ᠋ᠶ᠋ᠠᠷ ᠦᠷ᠎ᠡ ᠪᠡᠨ ᠪᠤᠤ ᠬᠢ ᠯᠡ ᠭᠡᠳᠡᠭ ᠶᠦ᠍ᠮ᠂ ᠲᠡᠳᠡ ᠨᠠᠷ ᠮᠢᠨᠦ ᠰᠡᠳᠬᠢᠯ ᠢ᠋ ᠶᠠᠭᠠᠬᠢᠵᠤ ᠣᠢᠯᠠᠭᠠᠬᠤ ᠪᠣᠢ ᠳ᠋ᠠ᠃ ᠵᠢᠩᠬᠢᠨᠢ ᠬᠠᠢᠷ᠎ᠠ ᠡᠨᠡᠷᠢᠯ ᠭᠡᠳᠡᠭ ᠴᠢᠨᠢ ᠬᠥᠮᠦᠨ ᠦ᠌ ᠵᠢᠷᠦᠬᠡᠨ ᠦ᠌ ᠤᠭ ᠠ᠋ᠴᠠ ᠯᠠ ᠣᠨᠳᠣᠷᠴᠤ ᠭᠠᠷᠳᠠᠭ ᠶᠤᠮ ᠪᠢᠯᠡ᠂ ᠲᠡᠭᠡᠬᠦᠯᠡᠷ ᠬᠥᠭᠡᠷᠦᠬᠦᠢ ᠥᠯᠥᠰᠴᠦ ᠲᠠᠭᠠᠷᠠᠵᠤ ᠪᠡᠭᠡᠷᠡᠵᠦ ᠪᠠᠢᠭ᠎ᠠ ᠠᠮᠢᠲᠠᠨ ᠭᠣᠣᠯᠳᠠᠨ ᠢ᠋ ᠦᠷᠦ ᠡᠪᠡᠳᠬᠦ ᠦᠭᠡᠢ ᠬᠥᠮᠦᠨ ᠭᠡᠵᠦ ᠴᠥᠭᠡᠬᠡᠨ ᠯᠡ ᠪᠠᠢᠬᠤ᠃ ᠢᠩᠭᠢᠭᠡᠳ ᠶᠠᠷᠢᠬᠤᠯᠠᠷ ᠴᠢᠨᠦ ᠨᠠᠳᠠᠳᠤ ᠠᠩᠬ᠎ᠠ ᠢᠷᠡᠭᠰᠡᠨ ᠲᠡᠷᠡ ᠦᠶ᠎ᠡ ᠰᠠᠨᠠᠭᠳᠠᠬᠤ ᠶᠤᠮ᠂ ᠨᠢᠭᠡ ᠵᠢᠪ ᠵᠢᠭᠠᠬᠠᠨ ᠨᠢᠷᠠᠢ ᠠᠮᠢᠲᠠᠨ ᠰᠦ᠋ ᠪᠡᠨ ᠱᠣᠪ ᠱᠣᠪ ᠤᠤᠭᠤᠴᠢᠬᠠᠭᠠᠳ ᠯᠠ ᠡᠭᠡᠭᠡ ᠯᠡ ᠮᠢᠨᠦ ᠰᠡᠭᠦᠯ ᠶᠤᠮ ᠰᠢᠭ ᠠᠷᠤ ᠠ᠋ᠴᠠ ᠰᠠᠯᠤᠯ ᠦᠭᠡᠢ ᠳᠠᠭᠠᠭᠠᠳ ᠭᠦᠶᠦᠳᠡᠭ ᠪᠠᠢᠭᠰᠠᠨ ᠰᠢᠳᠡ᠂ ᠲᠡᠷᠡ ᠦᠶ᠎ᠡ ᠳ᠋ᠦ᠍ ᠪᠢ ᠴᠢᠮᠠᠶ᠋ᠢ ᠣᠷᠬᠢᠵᠤ ᠶᠠᠪᠤᠬᠤ ᠶᠡᠬᠡ ᠳᠤᠷ᠎ᠠ ᠦᠭᠡᠢ᠂ ᠬᠠᠶᠠ ᠨᠢᠭᠡ ᠠᠷᠭ᠎ᠠ ᠦᠭᠡᠢ ᠭᠠᠳᠠᠭᠰᠢ ᠪᠠᠨ ᠭᠠᠷᠬᠤ ᠪᠠᠷ ᠢ᠋ᠶ᠋ᠠᠨ ᠯᠠ ᠶᠠᠭᠠᠷᠠᠤ ᠰᠠᠨᠳᠤᠷᠤᠤ ᠭᠡᠷ ᠲᠡᠭᠡᠨ ᠬᠠᠷᠢᠳᠠᠭ ᠪᠠᠢᠯ᠎ᠠ᠂ ᠤᠴᠢᠷ ᠨᠢ ᠪᠢ ᠴᠢᠮᠠᠶ᠋ᠢ ᠰᠦ᠋ ᠪᠡᠨ ᠴᠠᠭ ᠴᠠᠭ ᠣᠯᠵᠤ ᠤᠤᠭᠤᠬᠤ ᠦᠭᠡᠢ ᠡᠴᠡ ᠠᠶᠤᠨ᠎ᠠ᠂ ᠡᠰᠡᠬᠦᠯ᠎ᠡ ᠪᠦᠷ ᠬᠡᠲᠦᠷᠡᠲᠡᠯ᠎ᠡ ᠤᠤᠭᠤᠴᠢᠬᠠᠭᠠᠳ ᠭᠡᠳᠡᠰᠦ ᠭᠦᠵᠡᠭᠡ ᠨᠢ ᠡᠪᠡᠳᠴᠢᠬᠡᠬᠦ ᠪᠣᠢ ᠭᠡᠵᠦ ᠵᠣᠪᠠᠨ᠎ᠠ᠃ ᠪᠦᠷ ᠰᠠᠨᠠᠭ᠎ᠠ ᠠᠮᠤᠷ ᠶᠠᠪᠤᠵᠤ ᠴᠢᠳᠠᠳᠠᠭ ᠦᠭᠡᠢ ᠪᠠᠢᠯ᠎ᠠ᠃ ᠶᠠᠭ ᠯᠠ ᠬᠥᠬᠥᠭᠦᠯ ᠬᠡᠦᠬᠡᠳ ᠲᠡᠢ ᠡᠵᠢ ᠰᠢᠭ ᠪᠠᠢᠯ᠎ᠠ᠂ ᠲᠡᠭᠡᠬᠦ ᠳ᠋ᠡᠭᠡᠨ ᠯᠡ ᠮᠠᠭᠤ 《ᠡᠵᠢ 》 ᠨᠢ ᠪᠥᠮᠪᠥᠯᠡᠢ ᠪᠡᠨ ᠮᠠᠰᠢ ᠲᠣᠷᠨᠢᠭᠤᠨ ᠥᠰᠬᠡᠵᠦ ᠴᠢᠳᠠᠭᠰᠠᠨ ᠳ᠋ᠠᠭᠠᠨ ᠯᠠ ᠶᠡᠬᠡ ᠪᠠᠶᠠᠷᠯᠠᠳᠠᠭ ᠶᠤᠮ᠃ ᠮᠢᠨᠦ ᠪᠥᠮᠪᠥᠯᠡᠢ ᠴᠢᠨᠢ ᠭᠠᠭᠴᠠ ᠴᠤ᠌ ᠤᠳᠠᠭ᠎ᠠ ᠡᠪᠡᠳᠴᠢᠨ ᠲᠠᠬᠤᠯ ᠬᠦᠷᠴᠦ ᠦᠵᠡᠭᠡ ᠦᠭᠡᠢ ᠳ᠋ᠠ᠂ ᠰᠡᠷᠭᠦᠯᠡᠩ ᠭᠡᠳᠡᠭ ᠢ᠋ ᠨᠢ ᠴᠦ᠍ ᠶᠠᠭᠠᠬᠢᠨ᠎ᠠ᠃ ᠬᠡᠭᠡᠷ᠎ᠡ ᠶ᠋ᠢᠨ ᠠᠮᠢᠲᠠᠨ ᠪᠠᠢᠵᠤ ᠨᠡᠷ᠎ᠡ ᠪᠡᠨ ᠬᠦᠷᠲᠡᠯ᠎ᠡ ᠴᠡᠭᠡᠵᠢᠯᠡᠴᠢᠬᠡᠨ᠎ᠡ ᠭᠡᠵᠦ ᠪᠣᠳᠣᠬᠤ ᠪᠠᠷ ᠰᠦ ᠬᠣᠭᠣᠯᠠᠨ ᠤ᠋ ᠪᠠᠨ ᠴᠠᠭ ᠢ᠋ ᠪᠣᠯ ᠨᠠᠳᠠ ᠪᠠᠷ ᠵᠢᠭᠠᠯᠭᠠᠬᠤ ᠬᠡᠷᠡᠭ ᠨᠡᠩ ᠴᠦ᠍ ᠠᠯᠠᠭ᠎ᠠ᠃ ᠶᠣᠰᠣᠲᠠᠢ ᠨᠢᠭᠡ ᠮᠤᠨᠳᠠᠭ ᠠᠮᠢᠲᠠᠨ ᠪᠠᠢᠭᠰᠠᠨ ᠳ᠋ᠠ! ᠪᠢᠳᠡ ᠬᠡᠳᠦ ᠥᠷᠯᠥᠭᠡ ᠪᠣᠯᠭᠠᠨ ᠬᠣᠨᠢ ᠪᠠᠨ ᠪᠡᠯᠴᠢᠭᠡᠷ ᠲᠦ᠍ ᠨᠢ ᠭᠠᠷᠭᠠᠴᠢᠬᠠᠭᠠᠳ ᠭᠡᠷ ᠤᠷᠤᠭᠤ ᠪᠠᠨ ᠪᠤᠴᠠᠬᠤ ᠳ᠋ᠠᠭᠠᠨ ᠬᠣᠨᠢᠴᠢᠨ ᠲᠠ ᠬᠣᠶᠠᠷ ᠲᠠᠩᠳᠠ ᠤᠷᠤᠯᠳᠤᠵᠤ ᠨᠠᠭᠠᠳᠳᠠᠭ ᠪᠠᠢᠭᠰᠠᠨ ᠢ᠋ᠶ᠋ᠠᠨ ᠴᠢ ᠴᠡᠭᠡᠵᠢᠯᠡᠵᠦ ᠪᠠᠢᠨ᠎ᠠ ᠤᠤ ? ᠲᠡᠷᠡ ᠦᠶ᠎ᠡ ᠳ᠋ᠦ᠍ ᠴᠢ ᠲᠠᠩᠳᠠ ᠬᠣᠨᠢᠴᠢᠨ ᠳ᠋ᠤ᠌ ᠪᠠᠨ ᠨᠠᠢᠷ ᠲᠠᠯᠪᠢᠳᠠᠭ᠂ ᠶᠠᠭᠠᠬᠢᠭᠠᠳ ᠶᠤᠮ ᠪᠣᠯ! ᠲᠡᠭᠡᠭᠡᠳ ᠬᠣᠨᠢᠴᠢᠨ ᠮᠠᠨᠢ ᠥᠪᠡᠷ ᠢ᠋ᠶ᠋ᠡᠨ ᠲᠦᠷᠦᠭᠦᠯᠡᠭᠰᠡᠨ ᠶᠤᠮ ᠰᠢᠭ ᠨᠢᠭᠡ ᠶᠡᠬᠡ ᠪᠠᠶᠠᠷᠯᠠᠭᠠᠳ ᠬᠥᠭᠡᠷᠦᠭᠡᠳ ᠭᠦᠶᠦᠳᠡᠭ ᠪᠠᠢᠭᠰᠠᠨ ᠰᠢᠳᠡ᠂ ᠤᠭ ᠨᠢ ᠴᠢ ᠦᠨᠡᠬᠡᠷ ᠬᠣᠨᠢᠴᠢᠨ ᠢ᠋ᠶ᠋ᠠᠨ ᠪᠠᠶᠠᠷᠯᠠᠭᠤᠯᠬᠤ ᠭᠡᠵᠦ ᠨᠠᠢᠷ ᠲᠠᠯᠪᠢᠳᠠᠭ ᠪᠠᠢᠭᠰᠠᠨ ᠪᠣᠯ ᠤᠤ ? ᠶᠡᠬᠡ ᠯᠡ ᠱᠣᠭᠲᠠᠢ ᠪᠠᠢᠳᠠᠭ᠃ ᠪᠢᠳᠡ ᠬᠡᠳᠦ ᠪᠠᠰᠠ ᠬᠤᠳᠳᠤᠭ ᠳᠡᠭᠡᠷ᠎ᠡ ᠣᠴᠢᠵᠤ ᠮᠠᠯ ᠢ᠋ᠶ᠋ᠠᠨ ᠤᠰᠤᠯᠠᠳᠠᠭ᠃ ᠴᠢ ᠬᠤᠳᠳᠤᠭ ᠳᠡᠭᠡᠷ᠎ᠡ ᠣᠴᠢᠬᠤ ᠶᠡᠬᠡ ᠳᠤᠷᠠᠲᠠᠢ ᠪᠠᠢᠭᠰᠠᠨ᠃ ᠪᠠᠰᠠ ᠨᠢᠭᠡ ᠤᠳᠠᠭ᠎ᠠ ᠬᠤᠳᠳᠤᠭ ᠳᠡᠭᠡᠷ᠎ᠡ ᠪᠠᠢᠭᠰᠠᠨ ᠬᠣᠨᠢᠨ ᠰᠦᠷᠦᠭ ᠢ᠋ᠶ᠋ᠡᠨ ᠪᠤᠲᠠᠷᠠᠲᠠᠯ᠎ᠠ ᠲᠠᠭᠤᠭᠠᠳ ᠠᠯᠠᠭ᠎ᠠ ᠪᠣᠯᠳᠠᠭ ᠰᠢᠲᠠ᠃ ᠪᠢ ᠴᠢᠮᠠᠶ᠋ᠢ ᠬᠠᠷᠠᠭᠠᠳ ᠪᠣᠭᠰᠢᠲᠠᠯ᠎ᠠ ᠪᠠᠨ ᠢᠨᠢᠶᠡᠭᠡᠳ ᠬᠣᠴᠣᠷᠤᠭᠰᠠᠨ᠃ ᠬᠡᠷᠪᠡ ᠲᠡᠷᠡ ᠦᠶ᠎ᠡ ᠳ᠋ᠦ᠍ ᠬᠣᠶᠠᠷ ᠨᠣᠬᠠᠢ ᠨᠢ ᠬᠣᠨᠢ ᠪᠠᠨ ᠲᠣᠭᠣᠭᠰᠠᠨ ᠪᠣᠯ ᠪᠢ ᠶᠠᠭᠠᠬᠢᠵᠤ ᠠᠭᠤᠷᠯᠠᠬᠤ ᠪᠠᠢᠭᠰᠠᠨ ᠶᠤᠮ ᠪᠣᠯ! ᠭᠡᠬᠦ ᠳ᠋ᠦ᠍ ᠪᠡᠨ ᠮᠠᠭᠤ 《ᠡᠵᠢ ᠨᠢ ᠪᠥᠮᠪᠥᠯᠠᠢ ᠳ᠋ᠤ᠌ ᠪᠠᠨ ᠭᠠᠭᠴᠠ ᠴᠤ᠌ ᠤᠳᠠᠭ᠎ᠠ ᠠᠭᠤᠷᠯᠠᠵᠤ ᠦᠵᠡᠭᠡ ᠦᠭᠡᠢ ᠳ᠋ᠠ! ᠢᠩᠭᠢᠭᠡᠳ ᠬᠠᠮᠢᠭ᠎ᠠ ᠶᠠᠪᠤᠭᠰᠠᠨ ᠴᠤ᠌ ᠨᠢᠭᠡ ᠦᠯᠢᠭᠡᠷ ᠪᠣᠯᠤᠭᠰᠠᠨ ᠬᠡᠳᠦᠨ ᠶᠠᠭᠤᠮ᠎ᠠ ᠬᠡᠯᠬᠢᠶᠡᠯᠳᠦᠵᠦ ᠶᠠᠪᠤᠭᠰᠠᠭᠠᠷ ᠪᠠᠢᠵᠤ ᠪᠢᠳᠡ ᠬᠡᠳᠦ ᠴᠢᠨᠢ ᠪᠦᠲᠦᠨ ᠬᠣᠶᠠᠷ ᠵᠢᠯ ᠢ᠋ ᠳᠤᠭᠤᠯᠤᠯ᠎ᠠ᠃ ᠭᠡᠬᠦ ᠳ᠋ᠦ᠍ ᠪᠡᠨ ᠮᠠᠭᠤ ᠡᠵᠢ ᠨᠢ ᠶᠠᠭᠠᠬᠢᠭᠰᠠᠨ ᠴᠤ᠌ ᠠᠵᠠ ᠦᠭᠡᠢ ᠶᠤᠮ ᠳ᠋ᠠ ⁈
ᠲᠡᠷᠡ ᠰᠥᠨᠢ ᠴᠢᠨᠦ ᠡᠨᠳᠡᠯ ᠳ᠋ᠦ᠍ ᠤᠴᠠᠷᠠᠭᠰᠠᠨ ᠴᠢᠮᠡᠭᠡ ᠲᠡᠷᠡᠬᠡᠨ ᠬᠣᠷᠣᠮ ᠳ᠋ᠤ᠌ ᠨᠠᠮ᠎ᠠ ‍ᠶ᠋ᠢ ᠨᠢᠯᠪᠤᠰᠤᠨ ᠳᠠᠯᠠᠢ ᠳ᠋ᠤ᠌ ᠵᠢᠪᠦᠭᠦᠯᠦᠯ᠎ᠡ᠃ 《ᠡᠵᠢ 》 ᠨᠢ ᠴᠢᠮ᠎ᠠ ‍ᠶ᠋ᠢ ᠬᠠᠮᠠᠭᠠᠯᠠᠭᠰᠠᠭᠠᠷ ᠬᠠᠢᠷᠠᠯᠠᠭᠰᠠᠭᠠᠷ ᠪᠠᠢᠵᠤ ᠵᠢᠩᠬᠢᠨᠢ ᠬᠠᠮᠠᠭᠠᠯᠠᠬᠤ ᠶᠣᠰᠣᠲᠠᠢ ᠴᠠᠭ ᠲᠤ᠌ ᠨᠢ ᠳᠡᠷᠭᠡᠳᠡ ᠴᠢᠨᠢ ᠪᠠᠢᠵᠤ ᠴᠢᠳᠠᠭ᠎ᠠ ᠦᠭᠡᠢ ᠳ᠋ᠦ᠍ ᠪᠠᠨ ᠯᠠ ᠪᠡᠶ᠎ᠡ ᠪᠡᠨ ᠵᠢᠮᠡᠯᠡᠬᠦ ᠶᠦ᠍ᠮ᠂ ᠬᠡᠷᠪᠡ ᠲᠡᠷᠡ ᠡᠳᠦᠷ ᠬᠦᠷᠢᠶᠡᠨ ᠦ᠌ ᠪᠡᠨ ᠡᠭᠦᠳᠡ ‍ᠶ᠋ᠢ ᠬᠠᠭᠠᠭᠰᠠᠨ ᠪᠣᠯ ᠴᠢ ᠭᠠᠷᠴᠤ ᠶᠠᠪᠤᠭᠠᠳ ᠲᠥᠭᠡᠷᠢᠬᠦ ᠤᠴᠢᠷ ᠦᠭᠡᠢ ᠯᠡ ᠪᠠᠢᠭᠰᠠᠨ ᠶᠤᠮ᠃ ᠲᠡᠷᠡᠴᠢᠯᠡᠨ ᠲᠠᠨᠢᠬᠤ ᠦᠭᠡᠢ ᠠᠢᠯ ᠤ᠋ᠨ ᠭᠠᠳᠠᠨ᠎ᠠ ᠣᠴᠢᠵᠤ ᠠᠢᠯ ᠤ᠋ᠨ ᠨᠣᠬᠠᠢ ᠳ᠋ᠤ᠌ ᠬᠠᠵᠠᠭᠳᠠᠬᠤ ᠤᠴᠢᠷ ᠨᠡᠩ ᠴᠦ᠍ ᠪᠠᠢᠬᠤ ᠦᠭᠡᠢ᠃ ᠬᠥᠭᠡᠷᠦᠬᠦᠢ ᠳᠡ᠂ ᠮᠢᠨᠦ ᠨᠢᠭᠡ ᠠᠮᠢᠲᠠᠨ ᠨᠢ! ᠤᠭ ᠠ᠋ᠴᠠ ᠪᠠᠨ ᠪᠢ ᠴᠢᠮ᠎ᠠ ᠳ᠋ᠤ᠌ ᠪᠤᠷᠤᠭᠤ ᠲᠠᠢ ᠯᠠ ᠶᠠᠪᠤᠭᠰᠠᠨ ᠶᠤᠮ᠂ ᠬᠥᠮᠦᠨ ᠦ᠌ ᠭᠠᠷ ᠲᠤ᠌ ᠥᠰᠦᠭᠰᠡᠨ ᠶᠤᠮ ᠪᠣᠯᠬᠣᠷ ᠥᠪᠡᠷ ᠦ᠋ᠨ ᠭᠡᠰᠡᠨ ᠵᠡᠷᠯᠢᠭ ᠴᠢᠨᠠᠷ ᠢ᠋ᠶ᠋ᠠᠨ ᠮᠠᠷᠲᠠᠵᠤ ᠣᠷᠬᠢᠭᠰᠠᠨ ᠴᠠᠭᠠᠬᠠᠨ ᠠᠮᠢᠲᠠᠨ ᠶᠤᠮ ᠳ᠋ᠠ! ᠠᠢᠯ ᠤ᠋ᠨ ᠨᠣᠬᠠᠢ ‍ᠶ᠋ᠢ ᠥᠪᠡᠷ ᠦ᠋ᠨ ᠬᠣᠶᠠᠷ ᠨᠠᠢᠵᠠ ᠰᠢᠬ ᠢ᠋ᠶ᠋ᠡᠨ ᠠᠨᠳᠠᠭᠤᠷᠠᠴᠢᠬᠠᠳᠠᠭ ᠪᠠᠢᠵᠠᠢ᠃ ᠴᠢᠮ᠎ᠠ ‍ᠶ᠋ᠢ ᠶᠠᠪᠤᠭᠰᠠᠨ ᠠ᠋ᠴᠠ ᠬᠣᠢᠰᠢ ᠮᠠᠭᠤ ᠬᠠᠯᠲᠠᠷ ᠨᠣᠬᠠᠢ ᠨᠢ ᠡᠳᠦᠷᠵᠢᠨ ᠠᠯᠠᠭ᠎ᠠ ᠪᠠᠢᠵᠤ ᠪᠠᠢᠵᠤ ᠢᠷᠡᠭᠰᠡᠨ᠂ ᠴᠢᠮ᠎ᠠ ‍ᠶ᠋ᠢ ᠡᠷᠢᠭᠡᠳ ᠬᠠᠮᠢᠭ᠎ᠠ ᠴᠤ᠌ ᠶᠠᠪᠤᠭᠰᠠᠨ ᠪᠣᠯ ? ᠪᠠᠰᠠ ᠮᠠᠭᠤ ᠬᠥᠭᠰᠢᠨ ᠮᠤᠤᠷ ᠨᠢ ᠪᠠᠢᠨ ᠪᠠᠢᠨ ᠭᠠᠷᠴᠤ ᠣᠷᠣᠭᠠᠳ ᠯᠠ ᠶᠡᠬᠡ ᠯᠡ ᠲᠠᠪᠲᠤᠷ ᠠᠯᠳᠠᠳᠠᠭ ᠪᠠᠢᠯ᠎ᠠ᠃ ᠶᠠᠭᠤ ᠴᠤ᠌ ᠭᠡᠰᠡᠨ ᠴᠢᠨᠦ ᠮᠠᠭᠤ ᠬᠡᠳᠦᠨ ᠨᠠᠢᠵᠠ ᠴᠢᠨᠢ 《ᠡᠵᠢ 》 ᠲᠡᠢ ᠨᠢ ᠠᠳᠠᠯᠢᠬᠠᠨ ᠴᠢᠮ᠎ᠠ ᠳ᠋ᠤ᠌ ᠵᠠᠬᠢᠳᠠᠯ ᠪᠢᠴᠢᠵᠦ ᠴᠢᠳᠠᠭ᠎ᠠ ᠦᠭᠡᠢ ᠴᠦ᠍ ᠭᠡᠰᠡᠨ ᠴᠢᠮ᠎ᠠ ‍ᠶ᠋ᠢ ᠶᠡᠬᠡ ᠯᠡ ᠳᠤᠷᠠᠰᠴᠤ ᠪᠠᠢᠨ᠎ᠠ ᠭᠡᠳᠡᠭ ᠢ᠋ ᠨᠢ ᠡᠵᠢ ᠨᠢ ᠡᠨᠳᠡ ᠡᠴᠡ ᠳᠠᠮᠵᠢᠭᠤᠯᠵᠤ ᠪᠠᠢᠨ᠎ᠠ ᠰᠢᠦ! ᠣᠳᠣ 《ᠡᠵᠢ 》 ᠨᠢ ᠤᠭ ᠤ᠋ᠨ ᠬᠢ ᠰᠢᠬ ᠢ᠋ᠶ᠋ᠡᠨ ᠤᠬᠢᠯᠠᠵᠤ ᠤᠨᠵᠢᠭᠠᠳ ᠭᠤᠨᠢᠵᠤ ᠰᠠᠭᠤᠬᠤ ᠪᠠᠨ ᠪᠣᠯᠢᠭᠰᠠᠨ᠂ ᠤᠴᠢᠷ ᠨᠢ ᠮᠢᠨᠦ ᠪᠥᠮᠪᠥᠯᠠᠢ ᠴᠢᠨᠢ ᠪᠢᠳᠡ ᠬᠡᠳᠦ ‍ᠶ᠋ᠢ ᠪᠡᠨ ᠣᠷᠬᠢᠵᠤ ᠶᠠᠪᠤᠭ᠎ᠠ ᠦᠭᠡᠢ ᠶᠤᠮ ᠪᠠᠢᠨ᠎ᠠ ᠪᠢᠯᠡ᠃ ᠶᠡᠷᠦᠨᠢ ᠲᠡᠭᠡᠭᠡᠳ ᠬᠠᠢᠷᠠᠲᠠᠢ ᠬᠥᠮᠦᠨ ᠨᠢ ᠬᠠᠢᠷᠠᠲᠠᠢ ᠬᠥᠮᠦᠰ ᠢ᠋ᠶ᠋ᠡᠨ ᠬᠡᠵᠢᠶ᠎ᠡ ᠴᠦ᠍ ᠣᠷᠬᠢᠳᠠᠭ ᠦᠭᠡᠢ᠂ ᠬᠠᠷᠢᠨ ᠲᠡᠭᠦᠨ ᠦ᠌ ᠪᠡᠨ ᠵᠢᠷᠦᠬᠡᠨ ᠳ᠋ᠦ᠍ ᠥᠨᠢᠳᠡ ᠦᠯᠡᠳᠡᠳᠡᠭ ᠶᠤᠮ ᠭᠡᠨ᠎ᠡ ᠪᠢᠯᠡ᠃ ᠦᠨᠡᠬᠡᠷ ᠮᠢᠨᠦ ᠪᠥᠮᠪᠥᠯᠠᠢ ᠴᠢᠨᠢ 《ᠡᠵᠢ 》 ᠶᠢᠨ ᠢ᠋ᠶ᠋ᠡᠨ ᠰᠡᠳᠬᠢᠯ ᠳ᠋ᠦ᠍ ᠥᠨᠢᠳᠡ ᠦᠯᠡᠳᠡᠭᠰᠡᠨ ᠬᠥᠭᠡᠷᠦᠬᠦᠨ ᠠᠮᠢᠲᠠᠨ ᠶᠤᠮ ᠳ᠋ᠠ!

ᠦᠰᠦᠭ ᠠᠮᠢᠯᠠᠭᠤᠯᠤᠭᠴᠢ ᠄ ᠪᠠᠶᠠᠨᠰᠡᠷᠡᠩ
ᠦᠰᠦᠭ ᠬᠠᠲᠠᠭᠴᠢ ᠄ ᠠᠵᠠᠵᠠᠶᠠᠭ᠎ᠠ
ᠬᠢᠨᠠᠭᠴᠢ ᠄ ᠮᠥᠩᠭᠥᠨᠴᠡᠴᠡᠭ ᠭᠠᠷᠮ᠎ᠠ

ᠪᠥᠮᠪᠥᠯᠠᠢ ᠶᠢᠨ ᠬᠠᠷᠢᠭᠤ ᠵᠠᠬᠢᠳᠠᠯ

ᠪᠥᠮᠪᠥᠯᠠᠢ ᠶᠢᠨ ᠬᠠᠷᠢᠭᠤ ᠵᠠᠬᠢᠳᠠᠯ
— ᠪᠥᠮᠪᠥᠯᠠᠢ ᠳ᠋ᠤ᠌ ᠪᠢᠴᠢᠭᠰᠡᠨ ᠪᠢᠴᠢᠯᠯᠢᠭ ᠢ᠋ ᠦᠵᠡᠭᠡᠳ
                  ᠭ·ᠰᠠᠶ᠋ᠢᠨ᠎ᠠ
ᠤᠶᠠᠬᠠᠨ《 ᠡᠵᠢ 》 ᠶ᠋ᠢᠨ ᠨᠢᠯᠪᠤᠰᠤ ᠲᠠᠢ ᠵᠠᠬᠢᠳᠠᠯ ᠢ᠋ ᠬᠣᠷᠢᠶᠠᠨ ᠣᠯᠤᠯ᠎ᠠ
ᠤᠷᠢᠬᠠᠨ ᠬᠠᠪᠤᠷ ᠤ᠋ᠨ ᠤᠯᠠᠭᠠᠨ ᠰᠢᠭᠤᠷᠭᠠᠨ ᠳ᠋ᠤ᠌ ᠤᠩᠰᠢᠨ ᠳᠠᠭᠤᠰᠬᠠᠯ᠎ᠠ
ᠣᠯᠠᠨ ᠰᠠᠢᠬᠠᠨ ᠡᠳᠦᠷ ᠬᠣᠨᠣᠭ ᠦ᠋ᠳ ᠨᠢᠳᠦᠨ ᠳ᠋ᠦ᠍ ᠢᠯᠡᠷᠡᠯ᠎ᠡ
ᠤᠬᠠᠭᠠᠨ ᠦᠭᠡᠢ ᠬᠠᠨᠢᠯᠠᠭᠰᠠᠨ ᠬᠡᠳᠦᠨ ᠠᠨᠳᠠ ᠪᠠᠨ ᠡᠩᠰᠡᠷᠡᠲᠡᠯ᠎ᠡ ᠰᠠᠨᠠᠯ᠎ᠠ ᠃

ᠣᠶᠤᠲᠠᠨ ᠡᠵᠡᠨ ᠦ᠌ ᠥᠭᠭᠢᠶᠡᠮᠦᠷ ᠬᠠᠶ᠋ᠢᠷᠠᠨ ᠳ᠋ᠤ᠌ ᠤᠭᠵᠢᠭᠤᠯᠵᠤ ᠦᠰᠦᠯ᠎ᠡ
ᠣᠨᠴᠠᠭᠠᠢ ᠬᠠᠷᠠᠭᠠᠯᠵᠠᠯ ᠲᠠᠢ ᠨᠣᠭᠣᠭᠠᠨ ᠬᠡᠪᠢᠰ ᠢ᠋ᠶ᠋ᠡᠷ ᠥᠯᠥᠭᠡᠶ᠋ᠢᠲᠡᠭᠦᠯᠵᠦ ᠲᠣᠷᠨᠢᠯ᠎ᠠ
ᠤᠷᠢᠲᠠᠢ ᠳᠠᠪᠬᠢᠳᠠᠭ 《 ᠬᠣᠨᠢᠴᠢᠨ 》 ᠨᠠᠶ᠋ᠢᠵᠠ ᠲᠠᠢ ᠪᠠᠨ ᠤᠷᠤᠯᠳᠤᠵᠤ ᠪᠣᠶ᠋ᠢᠵᠢᠯ᠎ᠠ
ᠤᠨᠲᠠᠩᠬᠠᠢ ᠵᠥᠭᠡᠯᠡᠨ ᠰᠢᠷ᠎ᠠ ᠮᠤᠤᠷ ᠲᠠᠢ ᠪᠠᠨ ᠬᠠᠨᠢᠰᠴᠦ ᠵᠢᠷᠭᠠᠯ᠎ᠠ ᠃

ᠦᠭᠡᠶ᠋ᠢᠯᠡᠵᠦ ᠭᠡᠩᠰᠡᠷᠡᠭ᠍ᠰᠡᠨ《 ᠬᠠᠯᠲᠠᠷ 》 ᠠᠬ᠎ᠠ ᠶ᠋ᠢᠨ ᠢ᠋ᠶ᠋ᠡᠨ ᠰᠡᠳᠬᠢᠯ ᠊ᠢ ᠣᠶ᠋ᠢᠯᠠᠭᠠᠯ᠎ᠠ
ᠦᠳᠡ ᠶ᠋ᠢᠨ ᠨᠣᠶ᠋ᠢᠷ ᠲᠠᠢ ᠡᠭᠦᠳᠡᠨ ᠡᠮᠦᠨᠡᠬᠢ ᠠᠮᠠᠷᠠᠯᠲᠠ ᠪᠠᠨ ᠳᠤᠷᠠᠰᠤᠯ᠎ᠠ
ᠥᠨᠳᠥᠷ ᠳᠠᠷᠠᠰᠤᠲᠠᠢ ᠭᠣᠣᠯ ᠤ᠋ᠨ ᠢ᠋ᠶ᠋ᠠᠨ ᠦᠷᠭᠦᠭ᠍ᠰᠡᠨ ᠲᠠᠤᠯᠠᠢ ᠪᠠᠨ ᠡᠷᠭᠢᠴᠡᠭᠦᠯᠦᠯ᠎ᠡ
ᠥᠯᠥᠰᠴᠦ ᠤᠮᠳᠠᠭᠠᠰᠬᠤ ᠶ᠋ᠢᠨ ᠡᠷᠢᠨ ᠳ᠋ᠦ᠍ ᠤᠭᠵᠢᠭᠤᠷ ᠤ᠋ᠨ ᠰᠠᠪᠠ ᠪᠠᠨ ᠴᠤ᠌ ᠰᠠᠨᠠᠯ᠎ᠠ ᠃

ᠪᠥᠮᠪᠥᠯᠠᠢ ᠭᠡᠰᠡᠨ ᠨᠡᠷ᠎ᠡ ᠲᠡᠢ ᠥᠨᠥᠴᠢᠨ ᠢᠨᠵᠠᠭ᠎ᠠ ᠴᠢᠨᠢ ᠰᠠᠢᠨ ᠪᠠᠶ᠋ᠢᠨ᠎ᠠ !
ᠪᠣᠭᠵᠣ ᠤᠨᠠᠭ᠎ᠠ ᠪᠠᠨ ᠳᠠᠭᠠᠭᠤᠯᠤᠭᠰᠠᠨ ᠪᠤᠯᠪᠠᠷᠠᠢ ᠡᠵᠡᠨ ᠮᠢᠨᠢ ᠰᠠᠢᠨ ᠪᠠᠶ᠋ᠢᠨ᠎ᠠ ‍ᠤᠤ?
ᠪᠤᠷᠬᠠᠨ ᠤ᠋ ᠭᠠᠵᠠᠷ ᠢᠷᠡᠭᠰᠡᠨ ᠬᠥᠭᠡᠷᠦᠬᠦᠨ ᠠᠮᠢᠲᠠᠨ ᠴᠢᠨᠢ ᠰᠠᠢᠨ ᠪᠠᠶ᠋ᠢᠨ᠎ᠠ !
ᠪᠤᠶᠠᠨ ᠤ᠋ ᠬᠡᠰᠢᠭ ᠬᠤᠷᠤᠶ᠋ᠢᠯᠠᠭᠰᠠᠨ 《 ᠪᠤᠶᠠᠨᠲᠤ ᠢᠵᠢ 》 ᠮᠢᠨᠢ ᠰᠠᠢᠨ ᠪᠠᠶ᠋ᠢᠨ᠎ᠠ ‍ᠤᠤ?

ᠡᠭᠦᠳᠡ ᠪᠡᠨ ᠪᠡᠬᠢᠯᠢᠭ ᠤᠶᠠᠭᠰᠠᠨ ᠪᠣᠯ ᠭᠡᠵᠦ ᠥᠩᠭᠡᠷᠡᠦ ᠪᠢᠲᠡᠭᠡᠢ ᠵᠣᠪᠠᠭᠠᠷᠠᠢ ! 《 ᠢᠵᠢ ᠮᠢᠨᠢ 》
ᠡᠬᠡ ᠶ᠋ᠢᠨ ᠢ᠋ᠶ᠋ᠡᠨ ᠰᠤᠷᠠᠭ ᠊ᠢ ᠬᠠᠶ᠋ᠢᠬᠤ ᠪᠠᠷ ᠥᠪᠡᠷ ᠢ᠋ᠶ᠋ᠡᠨ ᠪᠢ ᠶᠠᠪᠤᠭᠰᠠᠨ ᠶᠤᠮ
ᠡᠨᠡᠬᠡᠨ ᠽᠠᠮᠪᠤᠯᠢᠩ ᠠ᠋ᠴᠠ ᠶᠠᠪᠤᠬᠤ ᠳᠤᠷ᠎ᠠ ᠦᠭᠡᠢ ᠡᠷᠭᠢᠭᠡᠳ ᠪᠤᠴᠠᠭᠠᠳ ᠳᠠᠪᠬᠢᠭᠰᠠᠨ ᠶᠤᠮ
ᠡᠷᠯᠢᠭ ᠨᠣᠮᠣᠨ ᠬᠠᠨ ᠤ᠋ ᠡᠯᠴᠢ ᠶ᠋ᠢᠨ ᠨᠣᠬᠠᠢ ᠳ᠋ᠤ᠌ ᠬᠠᠭᠤᠷᠲᠠᠭᠰᠠᠨ ᠶᠤᠮ ᠃

ᠡᠬᠡᠰᠢᠭ ᠳᠣᠯᠣᠭᠠᠨ ᠠᠪᠢᠶ᠎ᠠ ᠲᠠᠢ ᠲᠠᠮᠤᠴᠢ ᠶ᠋ᠢᠨ ᠲᠠᠯ᠎ᠠ ᠳ᠋ᠤ᠌ ᠪᠠᠨ ᠲᠠᠯᠠᠷᠬᠠᠨᠠᠮ !
ᠡᠪ ᠦ᠋ᠨ ᠲᠠᠩᠰᠤᠭ ᠠᠮᠢᠳᠤᠷᠠᠯ ᠲᠠᠢ 《 ᠮᠣᠩᠭᠣᠯ ᠢᠵᠢ 》 ᠳ᠋ᠦ᠍ ᠪᠡᠨ ᠰᠥᠬᠥᠷᠡᠨᠡᠮ !
ᠡᠷᠭᠢᠬᠦ ᠲᠥᠷᠥᠯ ᠪᠠᠶ᠋ᠢᠲᠠᠭ ᠪᠣᠯ ᠦᠷ᠎ᠡ ᠴᠢᠨᠢ ᠪᠣᠯᠵᠤ ᠵᠠᠶᠠᠭᠠᠶ᠎ᠠ !
ᠡᠪᠬᠡᠷᠡᠵᠦ ᠪᠢᠴᠢᠭᠰᠡᠨ ᠵᠠᠬᠢᠳᠠᠯ ᠊ᠢ ᠮᠢᠨᠢ ᠡᠪᠯᠡᠭᠦᠯᠵᠦ ᠣᠶ᠋ᠢᠯᠠᠭᠠᠵᠤ ᠠᠪᠤᠭᠠᠷᠠᠢ !

ᠡᠷᠬᠡ ᠬᠣᠩᠭᠣᠷ ᠪᠥᠮᠪᠥᠯᠠᠢ ᠠ᠋ᠴᠠ
ᠡᠪᠦᠳᠦᠭ ᠰᠥᠭᠥᠳᠦᠨ ᠮᠥᠷᠭᠥᠮᠦ !
ᠦᠵᠡᠰᠬᠦᠯᠡᠩ ᠪᠣᠯᠭᠠᠭᠴᠢ ᠤᠰᠤᠨ ᠲᠠᠤᠯᠠᠢ ᠵᠢᠯ
ᠦᠵᠡᠮᠵᠢᠲᠦ ᠦᠨᠡᠨ ᠦ᠌ ᠭᠠᠵᠠᠷ ᠠ᠋ᠴᠠ ᠢᠯᠡᠭᠡᠪᠡ ᠃

   ᠰᠠᠶ᠋ᠢᠨᠬᠤᠷᠠᠬᠤ ᠥᠷᠦᠭᠡᠨ᠎ᠡ
      2023.3.23
  ᠦᠰᠦᠭ ᠠᠮᠢᠯᠠᠭᠤᠯᠤᠭᠴᠢ ᠄ ᠣᠳᠤᠨᠭᠡᠷᠡᠯ
  ᠦᠰᠦᠭ ᠬᠠᠳᠠᠭᠴᠢ ᠄ ᠠᠵᠠᠵᠠᠶᠠᠭ᠎ᠠ
  ᠬᠢᠨᠠᠭᠴᠢ ᠄  ᠮᠥᠩᠭᠦᠨᠴᠡᠴᠡᠭ ᠂ ᠣᠳᠤᠨᠭᠡᠷᠡᠯ