ᠬᠠᠮᠤᠭ ᠡᠴᠡ ᠰᠠᠢᠬᠠᠨ- ᠨ ᠪᠣᠶᠠᠨᠲᠡᠯᠭᠡᠷХамгаас сайхан- н буянтөлгөөр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠤᠭ ᠡᠴᠡ ᠰᠠᠢᠬᠠᠨ- ᠨ ᠪᠣᠶᠠᠨᠲᠡᠯᠭᠡᠷХамгаас сайхан- н буянтөлгөөр

ᠬᠠᠮᠤᠭ ᠡᠴᠡ ᠰᠠᠢᠬᠠᠨ- ᠨ ᠪᠣᠶᠠᠨᠲᠡᠯᠭᠡᠷХамгаас сайхан- н буянтөлгөөр

ᠠᠩᠭᠢᠯᠠᠯ:ᠳᠠᠭᠤᠤ ᠬᠥᠭᠵᠢᠮ
2023-04-03

310

ᠬᠠᠮᠤᠭ ᠡᠴᠡ ᠰᠠᠢᠬᠠᠨ

  ᠰᠢᠯᠦᠭ   · ᠡᠩᠬᠡᠰᠠᠶ᠋ᠢᠬᠠᠨ
  ᠠᠶᠠᠯᠭᠤ ᠄  · ᠪᠠᠰᠠᠩᠳᠣᠷᠵᠢ
  
ᠳᠠᠭᠤᠴᠢᠨ᠄ ᠨ · ᠪᠣᠶᠠᠨᠲᠡᠯᠭᠡᠷ 

ᠪᠣᠷᠣ ᠡᠳᠦᠷ ᠦ᠋ᠨ ᠠᠮᠵᠢᠷᠠᠭ᠎ᠠ ᠶᠠᠭᠠᠬᠢᠬᠤ ᠪᠣᠢ
ᠪᠣᠯᠬᠤ ᠳ᠋ᠤ᠌ ᠪᠠᠨ ᠯᠠ ᠪᠣᠯᠤᠨ᠎ᠠ ᠳᠠ ᠢᠲᠡᠭᠡᠭᠡᠷᠡᠢ
ᠪᠣᠳᠣᠯ ᠵᠥᠪ ᠲᠡᠢ ᠠᠮᠢᠳᠤᠷᠠᠵᠤ ᠶᠠᠪᠤᠬᠤ ᠳ᠋ᠤ᠌
ᠣᠯᠠᠨ ᠤ᠋ ᠪᠠᠨ ᠳᠠᠮ ᠢ᠋ᠶ᠋ᠠᠷ ᠥᠭᠡᠳᠡᠯᠡᠬᠦ ᠳ᠋ᠦ᠍ ᠪᠡᠨ ᠯᠡ ᠥᠭᠡᠳᠡᠯᠡᠨ᠎ᠡ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠣᠭᠣᠷᠢᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠠ᠋ᠴᠠ ᠰᠠᠢᠬᠠᠨ ᠳᠠ

ᠴᠠᠭ ᠴᠠᠭ ᠤ᠋ᠨ ᠠᠮᠢᠰᠬᠤᠭ᠎ᠠ ᠶᠠᠭᠠᠬᠢᠬᠤ ᠪᠣᠢ
ᠨᠠᠮᠳᠠᠬᠤ ᠳ᠋ᠠᠭᠠᠨ ᠯᠠ ᠨᠠᠮᠳᠠᠨ᠎ᠠ ᠳᠠ ᠢᠲᠡᠭᠡᠭᠡᠷᠡᠢ
ᠴᠠᠭᠠᠨ᠎ᠠ ᠲᠠᠢ ᠨᠠᠭᠠᠨ᠎ᠠ ᠲᠠᠢ ᠠᠮᠢᠳᠤᠷᠠᠵᠤ ᠯᠠ ᠶᠠᠪᠤᠬᠤ ᠳ᠋ᠤ᠌
ᠰᠡᠳᠬᠢᠯ ᠦ᠋ᠨ ᠢ᠋ᠶ᠋ᠡᠨ ᠭᠡᠭᠡ ᠪᠡᠷ ᠳᠡᠪᠵᠢᠬᠦ ᠳ᠋ᠡᠭᠡᠨ ᠯᠡ ᠳᠡᠪᠵᠢᠨ᠎ᠡ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠣᠭᠣᠷᠢᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠠ᠋ᠴᠠ ᠰᠠᠢᠬᠠᠨ ᠳᠠ

ᠰᠡᠷᠢᠭᠦᠨ ᠨᠠᠮᠤᠷ ᠤ᠋ᠨ ᠪᠤᠳᠠᠩ ᠶᠠᠭᠠᠬᠢᠬᠤ ᠪᠣᠢ
ᠦᠷᠭᠦᠬᠦ ᠳ᠋ᠡᠭᠡᠨ ᠯᠡ ᠦᠷᠭᠦᠨ᠎ᠡ ᠳᠡ ᠢᠲᠡᠭᠡᠭᠡᠷᠡᠢ
ᠰᠡᠳᠬᠢᠯ ᠳ᠋ᠡᠭᠡᠨ ᠨᠠᠷᠠ ᠲᠠᠢ ᠠᠮᠢᠳᠤᠷᠠᠵᠤ ᠶᠠᠪᠤᠬᠤ ᠳ᠋ᠤ᠌
ᠦᠷᠡᠰ ᠦ᠋ᠨ ᠢ᠋ᠶ᠋ᠡᠨ ᠪᠤᠶᠠᠨ ᠢ᠋ᠶ᠋ᠠᠷ ᠥᠭᠡᠳᠡᠯᠡᠬᠦ ᠳ᠋ᠦ᠍ ᠪᠠᠨ ᠯᠠ ᠥᠭᠡᠳᠡᠯᠡᠨ᠎ᠡ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠣᠭᠣᠷᠢᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠠ᠋ᠴᠠ ᠰᠠᠢᠬᠠᠨ ᠳᠠ

ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠣᠭᠣᠷᠢᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠠ᠋ᠴᠠ ᠰᠠᠢᠬᠠᠨ ᠳᠠ
ᠬᠠᠮᠤᠭ ᠠ᠋ᠴᠠ ᠰᠠᠢᠬᠠᠨ ᠳᠠ