ᠴᠠᠬᠠᠷ ᠨᠠᠢ᠍ᠮᠠᠨ ᠬᠣᠰᠢᠭᠤ- ᠠᠷᠠᠳ ᠤ᠋ᠨ ᠳᠠᠭᠤᠤ- ᠴᠢᠯᠠᠭᠤ ᠂ ᠲᠦᠬᠦᠢᠮᠡЦахар найман хошуу-ардын дуу-чулуу , түхийм
ᠴᠠᠬᠠᠷ ᠨᠠᠢ᠍ᠮᠠᠨ ᠬᠣᠰᠢᠭᠤ- ᠠᠷᠠᠳ ᠤ᠋ᠨ ᠳᠠᠭᠤᠤ
ᠠᠯᠳᠠᠷᠲᠤ ᠳᠠᠭᠤᠴᠢᠨ ᠴᠢᠯᠠᠭᠤ ᠂ ᠲᠦᠬᠦᠢᠮᠡ ᠳᠠᠭᠤᠯᠠᠪᠠ
ᠨᠣᠭᠣᠭᠠᠨ ᠮᠣᠳᠣᠨ ᠳ᠋ᠤ᠌ ᠨᠢ ᠬᠥᠬᠥᠭᠡ
ᠳᠣᠩᠭᠣᠳᠤᠭᠰᠠᠨ
ᠨᠣᠮᠢᠨ ᠤᠰᠤᠨ ᠳ᠋ᠤ᠌ ᠨᠢ ᠠᠩᠭᠢᠷ ᠱᠤᠮᠪᠠᠭᠰᠠᠨ
ᠮᠠᠨ ᠤ᠋ ᠴᠠᠬᠠᠷ ᠨᠠᠢ᠍ᠮᠠᠨ
ᠬᠣᠰᠢᠭᠤ ᠭᠡᠳᠡᠭ
ᠶᠠᠭᠠᠬᠢᠭᠰᠠᠨ ᠰᠠᠢᠬᠠᠨ ᠨᠤᠲᠤᠭ ᠶᠤᠮ ᠳᠠ ᠬᠥ
ᠪᠤᠷᠭᠠᠰᠤ ᠮᠠᠩᠬᠠᠨ ᠳ᠋ᠤ᠌
ᠨᠢ ᠭᠥᠷᠥᠭᠡᠰᠦ ᠬᠠᠷᠠᠶ᠋ᠢᠭᠰᠠᠨ
ᠪᠤᠷᠤᠭᠤ ᠬᠠᠵᠠᠭᠤ ᠳ᠋ᠤ᠌
ᠨᠢ ᠵᠢᠮᠢᠰ ᠪᠥᠩᠵᠢᠭᠡᠨᠡᠭᠰᠡᠨ
ᠮᠠᠨ ᠤ᠋ ᠴᠠᠬᠠᠷ ᠨᠠᠢ᠍ᠮᠠᠨ ᠬᠣᠰᠢᠭᠤ ᠭᠡᠳᠡᠭ
ᠶᠠᠭᠠᠬᠢᠭᠰᠠᠨ ᠰᠠᠢᠬᠠᠨ ᠨᠤᠲᠤᠭ ᠶᠤᠮ ᠳᠠ ᠬᠥ
ᠠᠭᠤᠯᠠ ᠤᠰᠤ ᠨᠢ
ᠬᠥᠬᠡᠷᠡᠨ ᠲᠤᠨᠤᠯᠵᠠᠭᠰᠠᠨ
ᠠᠭᠤᠳᠠᠮ ᠲᠠᠯ᠎ᠠ ᠨᠢ
ᠨᠣᠭᠣᠭᠠᠷᠠᠨ ᠬᠥᠬᠡᠷᠡᠭᠰᠡᠨ
ᠮᠠᠨ ᠤ᠋ ᠴᠠᠬᠠᠷ ᠨᠠᠢ᠍ᠮᠠᠨ
ᠬᠣᠰᠢᠭᠤ ᠭᠡᠳᠡᠭ ᠴᠢᠨᠢ
ᠶᠠᠭᠠᠬᠢᠭᠰᠠᠨ ᠭᠣᠶᠣᠬᠠᠨ
ᠨᠤᠲᠤᠭ ᠶᠤᠮ ᠳᠠ ᠬᠥ
ᠬᠠᠯᠠᠭᠤᠨ ᠰᠡᠳᠬᠢᠯ ᠊ᠢ ᠣᠷᠭᠢᠯᠤᠭᠤᠯᠤᠨ
ᠲᠠᠲᠠᠭᠰᠠᠨ
ᠬᠠᠶ᠋ᠢᠷᠠᠲᠤ ᠨᠤᠲᠤᠭ ᠠ᠋ᠴᠠ ᠪᠠᠨ ᠬᠣᠯᠠᠳᠠᠬᠤ ᠳᠤᠷ᠎ᠠ ᠦᠭᠡᠢ ᠬᠥ
ᠬᠠᠶ᠋ᠢᠷᠠᠯᠠᠵᠤ ᠰᠠᠨᠠᠭᠰᠠᠨ ᠠᠮᠠᠷᠠᠭ
ᠴᠢᠮ᠎ᠠ ᠠ᠋ᠴᠠ ᠪᠠᠨ
ᠬᠠᠷᠢᠨ ᠶᠠᠭᠠᠬᠢᠭᠰᠠᠨ
ᠴᠤ᠌ ᠰᠠᠯᠬᠤ ᠦᠭᠡᠢ ᠰᠢᠦ ᠳᠡ ᠬᠥ
ᠦᠵᠡᠬᠦ ᠨᠢᠳᠦᠨ ᠦ᠌ ᠴᠡᠴᠡᠭᠡᠢ ᠪᠣᠯᠤᠭᠰᠠᠨ
ᠥᠪᠡᠷ ᠦ᠋ᠨ ᠨᠤᠲᠤᠭ ᠠ᠋ᠴᠠ ᠪᠠᠨ ᠬᠣᠯᠠᠳᠠᠬᠤ ᠳᠤᠷ᠎ᠠ ᠦᠭᠡᠢ
ᠥᠷᠥᠴᠡ ᠴᠡᠭᠡᠵᠢᠨ ᠦ᠌ ᠬᠠᠶ᠋ᠢᠷ᠎ᠠ ᠬᠦᠰᠡᠯ ᠊ᠢ ᠪᠤᠯᠢᠶᠠᠭᠰᠠᠨ
ᠦᠨᠡᠨᠴᠢ ᠴᠢᠮ᠎ᠠ ᠠ᠋ᠴᠠ ᠪᠠᠨ ᠶᠠᠭᠠᠬᠢᠭᠰᠠᠨ ᠴᠤ᠌
ᠰᠠᠯᠬᠤ ᠦᠭᠡᠢ ᠬᠥ
ᠬᠠᠷᠠᠬᠤ ᠨᠢᠳᠦᠨ ᠦ᠌ ᠬᠠᠷᠠᠭ᠎ᠠ ᠪᠣᠯᠤᠭᠰᠠᠨ
ᠬᠠᠨᠠᠭᠠᠷ ᠨᠤᠲᠤᠭ ᠠ᠋ᠴᠠ ᠪᠠᠨ ᠬᠣᠯᠠᠳᠠᠬᠤ ᠳᠤᠷ᠎ᠠ ᠦᠭᠡᠢ
ᠬᠠᠶ᠋ᠢᠷᠠᠨ ᠴᠡᠭᠡᠵᠢᠨ ᠦ᠌ ᠬᠠᠶ᠋ᠢᠷ᠎ᠠ ᠬᠦᠰᠡᠯ ᠊ᠢ ᠲᠠᠲᠠᠭᠰᠠᠨ
ᠬᠠᠶ᠋ᠢᠷᠠᠲᠠᠢ ᠴᠢᠮ᠎ᠠ ᠠ᠋ᠴᠠ ᠪᠠᠨ ᠶᠠᠭᠠᠬᠢᠭᠰᠠᠨ ᠴᠤ᠌
ᠰᠠᠯᠬᠤ ᠦᠭᠡᠢ ᠬᠥ
ᠠᠭᠤᠳᠠᠮ ᠬᠠᠩᠭᠠᠢ
ᠨᠤᠲᠤᠭ ᠲᠠᠭᠠᠨ ᠬᠥ
ᠣᠷᠣᠬᠤ ᠭᠡᠷ ᠢ᠋ᠶ᠋ᠡᠨ ᠪᠠᠶ᠋ᠢᠭᠤᠯᠤᠶᠠ ᠳᠠ ᠬᠥ
ᠠᠭᠤᠰᠬᠢ ᠵᠢᠷᠦᠬᠡᠨ ᠦ᠌ ᠢᠨᠠᠭ ᠴᠢᠮ᠎ᠠ ᠠ᠋ᠴᠠ ᠪᠠᠨ
ᠤᠷᠤᠭ ᠬᠣᠯᠪᠣᠨ
ᠠᠮᠢᠳᠤᠷᠠᠨ᠎ᠠ ᠰᠢᠦ ᠳᠡ
ᠦᠰᠦᠭ
ᠠᠮᠢᠯᠠᠭᠤᠯᠤᠭᠰᠠᠨ ᠨᠢ ᠄ ᠣᠲᠣᠨᠬᠡᠷᠡᠯ
ᠬᠢᠨᠠᠭᠴᠢ
᠄ ᠮᠥᠩᠭᠥᠨᠴᠡᠴᠡᠭ
