ᠡᠪᠦᠯ ᠦᠨ ᠠᠭᠤᠷ – ᠭᠦᠷᠵᠠᠪ Өвлийн уур – Гүржав
ᠡᠪᠦᠯ ᠦᠨ ᠠᠭᠤᠷ
ᠭᠦᠷᠵᠠᠪ
ᠡᠪᠦᠯ ᠦ᠋ᠨ ᠠᠭᠤᠷ ᠣᠷᠣᠯ᠎ᠠ ᠰᠢᠦ
ᠥᠷᠯᠥᠭᠡ ᠣᠷᠣᠢ ᠳ᠋ᠠᠭᠠᠨ ᠬᠦᠢᠲᠡᠷᠡᠯᠡ ᠰᠢᠦ !
ᠥᠩᠭᠡᠷᠡᠦ ᠨᠢᠮᠭᠡᠯᠡᠵᠦ ᠪᠣᠯᠬᠤ ᠦᠭᠡᠢ ᠳ᠋ᠠ
ᠡᠮᠦᠰᠬᠡ ᠪᠡᠨ ᠳᠠᠪᠬᠤᠷᠯᠠᠵᠤ ᠡᠮᠦᠰᠦᠯᠲᠡᠢ ᠳ᠋ᠠ !
ᠥᠰᠬᠦ ᠪᠡᠶ᠎ᠡ ᠡᠷᠡᠭᠦᠯ ᠰᠠᠶ᠋ᠢᠬᠠᠨ ᠰᠢᠦ
ᠡᠪᠡᠤᠠᠴᠢᠨ ᠲᠠᠬᠤᠯ ᠦᠭᠡᠢ ᠰᠠᠷᠠᠭᠤᠯ ᠭᠣᠶᠣᠬᠠᠨ ᠰᠢᠦ !
ᠡᠲᠦᠷ ᠡᠲᠦᠷ ᠬᠢᠴᠢᠶᠡᠬᠦ ᠬᠡᠷᠡᠭᠲᠡᠢ ᠰᠢᠦ
ᠥᠪᠡᠷ ᠥᠪᠡᠷ ᠲᠡᠭᠡᠨ ᠮᠡᠲᠡᠬᠦ ᠴᠢᠬᠤᠯᠠ ᠲᠠᠢ ᠰᠢᠦ !
ᠬᠣᠩᠭᠣᠷ ᠪᠠᠬ᠋᠎ᠠ ᠵᠢᠭᠠᠯ ᠦ᠋ᠳ ᠮᠢᠨᠢ
ᠬᠤᠪᠴᠠᠰᠤ ᠬᠤᠨᠠᠷ ᠶ᠋ᠢᠠᠨ ᠭᠠᠶ᠋ᠢᠭᠤᠢ ᠵᠤᠵᠠᠭᠠᠯᠠᠵᠤ
ᠬᠢᠮᠤᠷᠠᠬ᠋᠎ᠠ ᠲᠠᠭᠰᠢᠭᠤᠷ ᠲᠤ ᠨᠡᠷᠪᠡᠭᠳᠡᠯ ᠦᠭᠡᠢ
ᠬᠢᠴᠢᠶᠡᠯ ᠰᠤᠷᠤᠯᠬ᠋ᠠ ᠳ᠋ᠠᠭᠠᠨ ᠰᠢᠮᠲᠠᠵᠤ ᠶᠠᠪᠤᠵᠠᠬ᠋ᠠ ᠳ᠋ᠠ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 3 ᠤ ᠡᠲᠦᠷ
