ᠡᠯᠢᠶᠡᠨ ᠪ ᠡᠷᠲᠡᠮ – ᠭᠦᠷᠵᠠᠪ Элээний эрдэм – Гүржав
ᠭᠦᠷᠵᠠᠪ
ᠮᠤᠷᠤᠢ ᠤᠷᠲᠤ ᠬᠢᠮᠤᠰᠤ ᠲᠠᠢ
ᠮᠤᠬᠢᠭᠠᠷ ᠲᠠᠭᠢᠭᠤ ᠬᠣᠰᠢᠭᠤ ᠲᠠᠢ
ᠮᠠᠭᠤᠬᠠᠢ ᠬᠢᠯᠠᠭᠠᠷ ᠨᠢᠲᠦ ᠲᠡᠢ
ᠮᠤᠬᠤᠲᠠᠭ ᠵᠢᠭᠠᠬᠠᠨ ᠲᠣᠯᠣᠭᠠᠢ ᠲᠠᠢ
ᠡᠯᠢᠶ᠎ᠡ ᠭᠡᠳᠡᠭ ᠵᠢᠭᠦᠷᠲᠡᠨ ᠊ᠢ
ᠡᠩᠬᠦᠷᠡᠢ ᠳᠡᠭᠦᠦ ᠨᠡᠷ ᠮᠢᠨᠢ ᠦᠵᠡᠪᠡ ᠦᠦ ?
ᠡᠨᠡᠭᠦᠷ ᠲᠡᠨᠡᠭᠦᠷ ᠵᠢᠭᠤᠯᠴᠢᠯᠠᠬᠤ ᠳ᠋ᠠᠭᠠᠨ
ᠡᠷᠲᠡᠮ ᠴᠢᠲᠠᠪᠤᠷᠢ ᠊ᠢ ᠨᠢ ᠠᠵᠢᠪᠠ ᠤᠤ ?
ᠡᠨᠲᠡ ᠮᠠᠭᠤ ᠠᠬ᠎ᠠ ᠴᠢᠨᠢ ᠪᠢ
ᠡᠷᠢᠶᠡᠪᠡᠷ ᠰᠢᠯᠦᠭ ᠶ᠋ᠢᠡᠨ ᠨᠠᠶ᠋ᠢᠷᠠᠭᠤᠯᠵᠤ
ᠡᠯᠢᠶᠡᠨ ᠪ ᠨᠢᠭᠡᠨ ᠡᠷᠲᠡᠮ ᠊ᠢ
ᠡᠷᠢᠶᠡᠯᠡᠯ ᠦᠭᠡᠢ ᠰᠢᠯᠦᠭᠯᠡᠵᠦ ᠥᠭᠭᠦᠶ᠎ᠡ ᠄
ᠡᠭᠴᠡ ᠥᠨᠲᠥᠷ ᠠᠭᠠᠷ ᠶ᠋ᠢᠠᠷ
ᠡᠷᠭᠢᠯᠲᠦᠨ ᠨᠢᠰᠬᠦ ᠳ᠋ᠡᠭᠡᠨ ᠡᠯᠢᠶ᠎ᠡ
ᠡᠨᠡ ᠲᠡᠷᠡ ᠶ᠋ᠢ ᠴᠠᠭᠲᠠᠨ
ᠢᠲᠡᠰᠢ ᠬᠠᠶ᠋ᠢᠬᠤ ᠳ᠋ᠠᠭᠠᠨ ᠡᠯᠢᠶ᠎ᠡ
ᠬᠥᠮᠦᠨ ᠠᠮᠢᠲᠠᠳ ᠊ᠢ ᠬᠣᠣᠷᠯᠠᠵᠤ
ᠬᠡᠤᠭᠡᠳ ᠨᠢᠯᠬᠠᠰ ᠊ᠢ ᠠᠶᠤᠯᠭᠠᠭᠴᠢ
ᠬᠥᠨᠥᠭᠡᠯ ᠶᠡᠬᠡᠲᠡᠢ ᠮᠣᠭᠠᠢ ᠶ᠋ᠢ
ᠬᠥᠲᠡᠯᠵᠦ ᠵᠠᠪᠲᠤᠬᠤ ᠠ᠋ᠴᠠ ᠨᠢ ᠡᠮᠦᠨ᠎ᠡ
ᠡᠷᠡᠰᠬᠢᠨ ᠳᠠᠭᠠᠷᠢᠨ ᠣᠷᠣᠵᠤ
ᠡᠯᠢᠭᠡ ᠶ᠋ᠢ ᠨᠢ ᠤᠷᠪᠠᠲᠠᠯᠠ ᠰᠢᠭᠦᠷᠡᠳᠡᠭ ᠪᠢᠯᠡ
ᠡᠪᠯᠢᠭ ᠪᠠᠶ᠋ᠢᠷᠢᠨ ᠳ᠋ᠠᠭᠠᠨ ᠠᠪᠠᠴᠢᠵᠤ
ᠡᠯᠲᠡᠪ ᠦ᠋ᠨ ᠶᠠᠩᠵᠤ ᠪᠠᠷ ᠲᠣᠭᠯᠠᠲᠠᠭ ᠪᠢᠯᠡ ᠃
ᠪᠠᠵᠠᠬᠤ ᠂ ᠬᠠᠵᠠᠬᠤ ᠂ ᠰᠠᠮᠠᠷᠲᠠᠬᠤ
ᠪᠠᠭᠠᠲᠤᠷ ᠮᠡᠷᠭᠡᠨ ᠠᠷᠬ᠋᠎ᠠ ᠪᠠᠷ ᠶ᠋ᠢᠠᠨ
ᠪᠠᠭᠠᠰᠤ ᠶ᠋ᠢ ᠨᠢ ᠭᠠᠷᠲᠠᠯ᠎ᠠ ᠦᠢᠯᠡᠤᠠᠴᠦ
ᠪᠠᠷᠮᠠᠨᠤᠰ ᠦ᠋ᠨ ᠠᠮᠢ ᠶ᠋ᠢ ᠨᠢ ᠲᠡᠭᠦᠰᠭᠡᠳᠡᠭ ᠪᠢᠯᠡ ᠃
ᠡᠯᠢᠶᠡᠨ ᠪ ᠡᠶ᠋ᠢᠮᠦ ᠡᠷᠲᠡᠮ ᠊ᠢ
ᠡᠷᠪᠡᠭᠡᠷ ᠲᠠ ᠨᠠᠷ ᠮᠢᠨᠢ ᠮᠡᠲᠡᠪᠡ ᠤᠤ ⁈
ᠡᠭᠡᠷᠡᠮ᠎ᠡ ᠬᠥᠲᠡᠭᠡ ᠪᠡᠷ ᠲᠣᠭᠣᠷᠢᠬᠤ ᠳ᠋ᠠᠭᠠᠨ
ᠡᠷᠭᠢᠴᠡᠭᠦᠯᠵᠦ ᠰᠢᠨᠵᠢᠵᠦ ᠶᠠᠪᠤᠭᠠᠷᠠᠢ ᠡ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠳᠠᠰᠢᠮ᠎ᠠ
ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 3 ᠤ ᠡᠲᠦᠷ
