ᠮᠠᠭᠤ ᠨᠥᠬᠥᠷ Муу нөхөр
ᠮᠠᠭᠤ ᠨᠥᠬᠥᠷ
ᠵᠤᠨ ᠪ ᠲᠤᠩᠭᠠᠯᠠᠭ ᠨᠢᠭᠡᠨ ᠡᠲᠦᠷ ᠪᠠᠲᠤ ᠥᠯᠵᠡᠢ ᠬᠣᠶᠠᠭᠤᠯᠠ ᠣᠢ ᠪᠠᠷ ᠲᠣᠭᠣᠷᠢᠵᠤ ᠶᠡᠬᠡ ᠯᠡ ᠪᠠᠶᠠᠷ ᠬᠥᠷ ᠲᠡᠢ ᠨᠠᠭᠠᠤᠠᠴᠤ ᠪᠠᠶ᠋ᠢᠯ᠎ᠠ ᠃ ᠮᠣᠲᠣᠨ ᠪ ᠴᠠᠭᠠᠨ᠎ᠠ ᠠ᠋ᠴᠠ ᠭᠡᠨᠡᠤᠠᠲᠡ ᠲᠣᠮᠣ ᠪᠠᠭᠠᠪᠠᠭᠠᠢ ᠭᠠᠷᠴᠤ ᠢᠷᠡᠬᠦ ᠶ᠋ᠢ ᠪᠠᠲᠤ ᠣᠯᠵᠤ ᠦᠵᠡᠪᠡ ᠃ ᠪᠠᠲᠤ ᠠᠶᠤᠨ ᠰᠣᠴᠢᠬᠤ ᠳ᠋ᠤ᠌ ᠪᠠᠨ ᠥᠯᠵᠡᠢ ᠪᠡᠨ ᠳᠠᠭᠤᠳᠠᠨ ᠄ 《 ᠬᠥᠶᠢ ᠂ ᠦᠵᠡᠭᠡᠴᠢ ! ᠮᠣᠲᠣᠨ ᠪ ᠴᠠᠭᠠᠨ᠎ᠠ ᠠ᠋ᠴᠠ ᠲᠣᠮᠣ ᠪᠠᠭᠠᠪᠠᠭᠠᠢ ᠢᠷᠡᠯ᠎ᠡ ᠃ ᠣᠲᠣ ᠪᠢᠲᠡ ᠶᠠᠭᠠᠬᠢᠲᠠᠭ ᠪᠢᠯᠡ? 》 ᠭᠡᠪᠡ ᠃
ᠪᠠᠲᠤ ᠥᠯᠵᠡᠢ ᠬᠣᠶᠠᠭᠤᠯᠠ ᠠᠶᠤᠭᠠᠳ ᠶᠠᠭᠠᠬᠢᠬᠤ ᠪᠠᠨ ᠣᠯᠬᠤ ᠦᠭᠡᠢ ᠰᠠᠨᠲᠤᠷᠬᠤ ᠳ᠋ᠤ᠌ ᠪᠠᠨ ᠣᠬᠢᠯᠠᠬᠤ ᠰᠢᠬᠠᠪᠠ ᠃ ᠲᠣᠮᠣ ᠪᠠᠭᠠᠪᠠᠭᠠᠢ ᠤᠯᠠᠮ ᠣᠶ᠋ᠢᠷᠠᠤᠠᠪᠠ ᠃ ᠥᠯᠵᠡᠢ ᠪᠠᠲᠤ ᠶ᠋ᠢ ᠬᠠᠶᠠᠭᠠᠳ ᠮᠣᠲᠣᠨ ᠳᠡᠭᠡᠷ᠎ᠡ ᠠᠪᠠᠷᠢᠨ ᠭᠠᠷᠪᠠ ᠃ ᠪᠠᠲᠤ ᠨᠢᠭᠡᠨᠲᠡ ᠳᠤᠲᠠᠭᠠᠬᠤ ᠵᠠᠪ ᠦᠭᠡᠢ ᠪᠣᠯᠤᠭᠰᠠᠨ ᠲᠤᠯᠠ ᠵᠠᠮ ᠦ᠋ᠨ ᠬᠠᠵᠠᠭᠤ ᠶ᠋ᠢᠨ ᠡᠪᠡᠰᠦᠨ ᠳᠣᠲᠣᠷ᠎ᠠ ᠬᠡᠪᠲᠡᠬᠦ ᠡᠴᠡ ᠥᠭᠡᠷ᠎ᠡ ᠠᠷᠬ᠋᠎ᠠ ᠦᠭᠡᠢ ᠪᠣᠯᠵᠠᠢ ᠃ ᠲᠣᠮᠣ ᠪᠠᠭᠠᠪᠠᠭᠠᠢ ᠣᠶ᠋ᠢᠷᠠᠤᠠᠴᠤ ᠢᠷᠡᠬᠦ ᠳ᠋ᠤ᠌ ᠪᠠᠲᠤ ᠵᠠᠮ ᠦ᠋ᠨ ᠬᠠᠵᠠᠭᠤ ᠳ᠋ᠠᠬᠢ ᠡᠪᠡᠰᠦᠨ ᠳᠣᠲᠣᠷ᠎ᠠ ᠦᠬᠦᠭᠰᠡᠨ ᠮᠡᠲᠦ ᠣᠪᠯᠠᠨ ᠬᠡᠪᠲᠡᠪᠡ ᠃ ᠪᠠᠭᠠᠪᠠᠭᠠᠢ ᠬᠦᠷᠴᠦ ᠢᠷᠡᠭᠡᠳ ᠥᠯᠥᠩ ᠳᠣᠲᠣᠷ᠎ᠠ ᠬᠡᠪᠲᠡᠵᠦ ᠪᠠᠶ᠋ᠢᠬ᠋᠎ᠠ ᠪᠠᠲᠤ ᠶ᠋ᠢ ᠦᠨᠦᠷᠯᠡᠯᠡ ᠃ ᠪᠠᠲᠤ ᠠᠮᠢᠰᠬᠤᠯ ᠶ᠋ᠢᠠᠨ ᠳᠠᠷᠤᠵᠤ ᠬᠥᠲᠡᠯᠬᠦ ᠦᠭᠡᠢ ᠬᠡᠪᠲᠡᠵᠦ ᠯᠡ ᠪᠠᠶ᠋ᠢᠪᠠ ᠃ ᠪᠠᠭᠠᠪᠠᠭᠠᠢ ᠪᠠᠲᠤ ᠶ᠋ᠢᠨ ᠲᠣᠯᠣᠭᠠᠢ ᠶ᠋ᠢ ᠦᠨᠦᠷᠯᠡᠵᠦ ᠦᠨᠦᠷᠯᠡᠭᠡᠳ ᠶᠠᠪᠤᠴᠢᠬᠠᠪᠠ ᠃
ᠪᠠᠭᠠᠪᠠᠭᠠᠢ ᠬᠣᠯᠠ ᠶᠠᠪᠤᠭᠰᠠᠨ ᠬᠣᠶ᠋ᠢᠨ᠎ᠠ ᠥᠯᠵᠡᠢ ᠮᠣᠲᠣᠨ ᠳᠡᠭᠡᠷ᠎ᠡ ᠡᠴᠡ ᠪᠠᠭᠤᠵᠤ ᠢᠷᠡᠭᠡᠳ ᠄ 《 ᠪᠠᠭᠠᠪᠠᠭᠠᠢ ᠴᠢᠨᠦ ᠴᠢᠬᠢᠨ ᠳ᠋ᠤ᠌ ᠶᠠᠭᠤ ᠰᠢᠪᠡᠨᠡᠭᠰᠡᠨ ᠪᠤᠢ ? 》 ᠭᠡᠵᠦ ᠪᠠᠲᠤ ᠠ᠋ᠴᠠ ᠠᠰᠠᠭᠤᠪᠠ ᠃
ᠪᠠᠲᠤ ᠄ 《 ᠠᠶᠤᠯ ᠲᠠᠢ ᠦᠶ᠎ᠡ ᠳ᠋ᠤ᠌ ᠬᠤᠪᠢ ᠪᠠᠨ ᠯᠠ ᠪᠣᠲᠣᠭᠠᠳ ᠨᠥᠬᠥᠷ ᠶ᠋ᠢᠡᠨ ᠬᠠᠪᠰᠤᠷᠬᠤ ᠦᠭᠡᠢ ᠬᠥᠮᠦᠨ ᠪᠣᠯ ᠮᠠᠭᠤ ᠨᠥᠬᠥᠷ ᠮᠥᠨ ᠭᠡᠵᠦ ᠪᠠᠭᠠᠪᠠᠭᠠᠢ ᠬᠡᠯᠡᠭᠰᠡᠨ 》 ᠭᠡᠪᠡ ᠃
ᠬᠡᠯᠡ ᠪᠢᠴᠢᠭ᠌ ᠬᠣᠶᠠᠲᠤᠭᠠᠷ ᠣᠨ ( ᠳᠣᠣᠷᠠᠳᠤ )
2012 ᠣᠨ ᠪ 11 ᠰᠠᠷ᠎ᠠ ᠳᠤ ᠠᠩᠬᠠᠲᠤᠭᠠᠷ ᠬᠡᠪ ᠡᠴᠡ ᠬᠠᠭᠤᠯᠪᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠲᠦᠮᠡᠳ · ᠠᠵᠠᠲᠦ
