ᠤᠨᠠᠭ᠎ᠠ Унага
ᠤᠨᠠᠭ᠎ᠠ
ᠤᠨᠠᠬ᠋᠎ᠠ ᠡᠵᠢ ᠲᠡᠢ ᠪᠡᠨ ᠬᠠᠮᠲᠤ ᠠᠮᠢᠲᠤᠷᠠᠵᠤ ᠦᠷᠭᠦᠯᠵᠢ ᠡᠵᠢ ᠪᠡᠷ ᠶ᠋ᠢᠡᠨ ᠲᠤᠰᠠᠯᠠᠭᠤᠯᠲᠠᠭ ᠪᠠᠶ᠋ᠢᠵᠠᠢ ᠃
ᠨᠢᠭᠡ ᠡᠲᠦᠷ ᠂ ᠤᠨᠠᠬ᠋᠎ᠠ ᠭᠠᠭᠴᠠᠭᠠᠷ ᠶ᠋ᠢᠠᠨ ᠭᠣᠣᠯ ᠭᠠᠲᠤᠯᠬᠤ ᠪᠣᠯᠪᠠ ᠃
ᠲᠡᠷᠡ ᠂ ᠭᠣᠣᠯ ᠦ᠋ᠨ ᠬᠥᠪᠡᠭᠡᠨ ᠳᠤ ᠪᠠᠶ᠋ᠢᠬ᠋᠎ᠠ ᠦᠬᠡᠷ ᠡᠴᠡ 《 ᠪᠢ ᠭᠣᠣᠯ ᠭᠠᠲᠤᠯᠵᠤ ᠳᠡᠶ᠋ᠢᠯᠦᠨᠡ ᠦᠦ ? 》 ᠭᠡᠵᠦ ᠠᠰᠠᠭᠤᠪᠠ ᠃
ᠦᠬᠡᠷ ᠄《 ᠭᠣᠣᠯ ᠭᠦᠢᠬᠡᠨ ᠪᠠᠶ᠋ᠢᠨ᠎ᠠ 》 ᠭᠡᠪᠡ ᠃
ᠡᠨᠡ ᠦᠶ᠎ᠡ ᠳᠤ ᠬᠡᠷᠡᠮᠦ ᠬᠦᠷᠴᠦ ᠢᠷᠡᠭᠡᠳ ᠄ 《 ᠭᠣᠣᠯ ᠳᠤ ᠣᠷᠣᠵᠤ ᠪᠣᠯᠬᠤ ᠦᠭᠡᠢ ᠂ ᠮᠠᠰᠢ ᠭᠦᠨ ᠂ ᠵᠢᠪᠦᠨᠡ ᠰᠢᠦ 》 ᠭᠡᠪᠡ ᠃
ᠤᠨᠠᠬ᠋᠎ᠠ ᠶᠡᠬᠡᠲᠡ ᠭᠠᠶ᠋ᠢᠬᠠᠵᠤ ᠂ ᠡᠵᠢ ᠡᠴᠡ ᠪᠡᠨ ᠠᠰᠠᠭᠤᠬᠤ ᠪᠠᠷ ᠪᠤᠴᠠᠪᠠ ᠃ ᠡᠵᠢ ᠨᠢ ᠄ 《 ᠴᠢ ᠦᠬᠡᠷ ᠡᠴᠡ ᠲᠣᠮᠣ ᠤᠤ ᠂ ᠵᠢᠵᠢᠭ᠌ ᠦᠦ ? ᠬᠡᠷᠡᠮᠦ ᠴᠢᠮ᠎ᠠ ᠠ᠋ᠴᠠ ᠲᠣᠮᠣ ᠤᠤ ᠂ ᠵᠢᠵᠢᠭ᠌ ᠦᠦ ? ᠶᠠᠭᠠᠬᠢᠭᠠᠳ ᠥᠪᠡᠷ ᠶ᠋ᠢᠡᠨ ᠭᠠᠲᠤᠯᠵᠤ ᠦᠵᠡᠳᠡᠭ ᠦᠭᠡᠢ ᠶᠤᠮ ᠪᠤᠢ ? 》 ᠭᠡᠪᠡ ᠃
ᠤᠨᠠᠬ᠋᠎ᠠ ᠂ ᠡᠵᠢ ᠶ᠋ᠢᠨ ᠶ᠋ᠢᠡᠨ ᠦᠭᠡ ᠪᠡᠷ ᠭᠣᠣᠯ ᠭᠠᠲᠤᠯᠪᠠ ᠃ ᠲᠡᠭᠦᠨ ᠳᠤ ᠠᠪᠴᠤ ᠬᠡᠯᠡᠪᠡᠯ ᠂ ᠭᠣᠣᠯ ᠦ᠋ᠨ ᠤᠰᠤ ᠭᠦᠢᠬᠡᠨ ᠴᠦ᠍ ᠪᠢᠰᠢ ᠭᠦᠨ ᠴᠦ᠍ ᠪᠢᠰᠢ ᠪᠠᠶ᠋ᠢᠯ᠎ᠠ ᠃
ᠬᠡᠯᠡ ᠪᠢᠴᠢᠭ᠌ ᠬᠣᠶᠠᠲᠤᠭᠠᠷ ᠣᠨ ( ᠳᠣᠣᠷᠠᠳᠤ )
2012 ᠣᠨ ᠪ 11 ᠰᠠᠷ᠎ᠠ ᠳᠤ ᠠᠩᠬᠠᠲᠤᠭᠠᠷ ᠬᠡᠪ ᠡᠴᠡ ᠬᠠᠭᠤᠯᠪᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠲᠦᠮᠡᠳ · ᠠᠵᠠᠲᠦ
