ᠢᠷᠦᠭᠡᠯᠲᠦ ᠴᠠᠭᠠᠨ ᠮᠣᠩᠭᠣᠯ ᠭᠡᠷ – ᠦ᠊ ᠂ ᠳᠠᠮᠷᠢᠨ Ерөөлт цагаан монгол гэр – Ү᠂ Дамиран
ᠢᠷᠦᠭᠡᠯᠲᠦ ᠴᠠᠭᠠᠨ ᠮᠣᠩᠭᠣᠯ ᠭᠡᠷ
ᠦ᠊ ᠂ ᠳᠠᠮᠷᠢᠨ
ᠡᠷᠳᠡᠨᠢ ᠰᠢᠬᠦᠷᠲᠦ ᠲᠤᠭᠤᠨᠤ ᠲᠠᠢ
ᠡᠩᠬᠦᠷᠡᠢ ᠠᠯᠲᠠᠨ ᠪᠣᠱᠣᠭ᠎ᠠ ᠲᠠᠢ
ᠵᠠᠭᠤᠨ ᠨᠠᠢ᠍ᠮᠠᠨ ᠤᠨᠢ ᠲᠠᠢ
ᠵᠢᠷᠭᠤᠭᠠᠨ ᠶᠡᠬᠡ ᠬᠠᠨ᠎ᠠ ᠲᠠᠢ
ᠬᠥᠪᠥᠩ ᠴᠠᠭᠠᠨ ᠡᠷᠦᠬᠡ ᠲᠠᠢ
ᠬᠥᠯᠳᠦᠷᠭᠡᠲᠦ ᠴᠠᠭᠠᠨ ᠳᠡᠭᠡᠪᠦᠷ ᠲᠡᠢ
ᠥᠷᠭᠡᠨ ᠴᠠᠭᠠᠨ ᠲᠤᠭᠤᠷᠭ᠎ᠠ ᠲᠠᠢ
ᠥᠭᠡᠳᠡᠩ ᠬᠠᠷ᠎ᠠ ᠪᠦᠰᠡᠯᠡᠭᠦᠷ ᠲᠠᠢ
ᠭᠠᠷ ᠤᠨ ᠤᠷᠠᠯᠢᠭ ᠢ ᠭᠠᠢᠬᠠᠭᠤᠯᠤᠭᠰᠠᠨ
ᠭᠠᠢᠬᠠᠮᠰᠢᠭᠲᠤ ᠴᠠᠭᠠᠨ ᠮᠣᠩᠭᠣᠯ ᠭᠡᠷ
ᠭᠠᠯᠪᠠ ᠳᠡᠯᠡᠬᠡᠢ ᠳ᠋ᠤ᠌ ᠬᠣᠣᠰ ᠦᠭᠡᠢ
ᠦᠵᠡᠰᠬᠦᠯᠡᠩᠲᠦ ᠴᠠᠭᠠᠨ ᠮᠣᠩᠭᠣᠯ ᠭᠡᠷ
ᠠᠷᠪᠠᠨ ᠳᠡᠰ ᠤᠨ ᠰᠠᠯᠬᠢᠨ ᠳ᠋ᠤ᠌
ᠬᠥᠳᠡᠯᠦᠰᠢ ᠦᠭᠡᠢ ᠴᠢᠭᠲᠠᠭ᠎ᠠ ᠲᠠᠢ
ᠠᠭᠠᠳᠠᠷ ᠰᠢᠷᠦᠭᠦᠨ ᠪᠣᠷᠣᠭᠠᠨ ᠳ᠋ᠤ᠌
ᠨᠡᠪᠲᠡᠷᠡᠰᠢ ᠦᠭᠡᠢ ᠪᠦᠷᠢᠶᠡᠰᠦ ᠲᠠᠢ
ᠬᠦᠬᠡᠭᠡ ᠡᠪᠦᠯ ᠤ᠋ᠨ ᠬᠦᠢᠲᠡᠨ ᠳ᠋ᠤ᠌
ᠬᠥᠰᠢᠭᠡ ᠶ᠋ᠢ ᠨᠢ ᠳᠠᠳᠠᠴᠢᠬᠠᠪᠠᠯ ᠳᠤᠯᠠᠭᠠᠬᠠᠨ
ᠲᠤᠩᠭᠠᠯᠠᠭ ᠵᠤᠨ ᠤ᠋ ᠬᠠᠯᠠᠭᠤᠨ ᠳ᠋ᠤ᠌
ᠲᠤᠭᠤᠷᠭ᠎ᠠ ᠶ᠋ᠢ ᠨᠢ ᠰᠡᠬᠦᠴᠢᠬᠡᠪᠡᠯ ᠰᠡᠷᠢᠭᠦᠬᠡᠨ
ᠴᠢ ᠪᠢᠳᠡᠨ ᠳ᠋ᠤ᠌ ᠵᠠᠶᠠᠭᠠᠭᠰᠠᠨ
ᠢᠷᠥᠭᠡᠯᠲᠦ ᠴᠠᠭᠠᠨ ᠮᠣᠩᠭᠣᠯ ᠭᠡᠷ
ᠴᠡᠩᠭᠡᠯ ᠪᠠᠶᠠᠷ ᠪᠢᠯᠬᠠᠭᠰᠠᠨ
ᠪᠠᠶᠠᠰᠬᠤᠯᠠᠩᠲᠤ ᠴᠠᠭᠠᠨ ᠮᠣᠩᠭᠣᠯ ᠭᠡᠷ
ᠥᠷᠭᠡᠨ ᠴᠠᠭᠠᠨ ᠰᠢᠷᠳᠡᠭ ᠳᠡᠭᠡᠷ᠎ᠡ ᠨᠢ
ᠥᠩᠭᠡ ᠶ᠋ᠢᠨ ᠬᠡᠪᠢᠰ ᠮᠢᠷᠠᠯᠵᠠᠭᠰᠠᠨ
ᠡᠷᠢᠶᠡᠨ ᠬᠤᠸᠠᠷ ᠲᠠᠢ ᠬᠠᠢᠷᠴᠠᠭ ᠳᠡᠭᠡᠷ᠎ᠡ ᠨᠢ
ᠡᠭᠡᠰᠢᠭᠲᠦ ᠷᠠᠳᠢᠣ᠋ ᠬᠠᠩᠭᠢᠨᠠᠭᠰᠠᠨ
ᠰᠢᠵᠢᠷ ᠴᠠᠭᠠᠷᠢᠭᠲᠤ ᠭᠠᠩ ᠳ᠋ᠤᠨᠢ
ᠰᠢᠮᠡᠳᠦ ᠠᠢᠷᠠᠭ ᠬᠥᠭᠡᠰᠦᠷᠡᠭᠰᠡᠨ
ᠱ᠌ᠢᠷᠦᠨ ᠤᠯᠠᠭᠠᠨ ᠪᠤᠲᠤᠩ ᠳ᠋ᠦ᠍ᠨᠢ
ᠰᠢᠷ᠎ᠠ ᠲᠣᠰᠣ ᠪᠢᠯᠬᠠᠷᠠᠭᠰᠠᠨ
ᠴᠡᠭᠡ ᠠᠢᠷᠠᠭ ᠬᠠᠩᠬᠤᠯᠤᠭᠰᠠᠨ
ᠥᠯᠵᠡᠢᠲᠦ ᠴᠠᠭᠠᠨ ᠮᠣᠩᠭᠣᠯ ᠭᠡᠷ
ᠴᠡᠯᠡᠭᠡᠷ ᠲᠠᠯ᠎ᠠ ᠪᠠᠷ ᠨᠡᠭᠦᠳᠡᠯᠯᠡᠭᠰᠡᠨ
ᠲᠡᠦᠬᠡᠲᠦ ᠴᠠᠭᠠᠨ ᠮᠣᠩᠭᠣᠯ ᠭᠡᠷ
ᠡᠪᠡᠰᠦ ᠤᠰᠤ ᠮᠠᠭᠤᠳᠠᠭᠠᠳ ᠬᠥᠳᠡᠯᠦᠶ᠎ᠡ ᠭᠡᠪᠡᠯ ᠠᠴᠢᠴᠢᠬᠠᠨᠠ
ᠥᠨᠥ ᠮᠠᠷᠭᠠᠰᠢ ᠬᠡᠵᠢᠶ᠎ᠡ ᠴᠤ᠌ ᠨᠡᠭᠦᠶ᠎ᠡ ᠭᠡᠪᠡᠯ ᠨᠡᠭᠦᠴᠢᠬᠡᠨᠡ
ᠰᠢᠮᠡᠳᠦ ᠪᠡᠯᠴᠢᠭᠡᠷ ᠬᠠᠮᠢᠭ᠎ᠠ ᠪᠤᠯ ᠲᠡᠨᠳᠡ ᠨᠡᠭᠦᠭᠡᠳ ᠪᠠᠭᠤᠴᠢᠬᠠᠨ᠎ᠠ
ᠰᠢᠨ᠎ᠡ ᠰᠣᠷᠭᠣᠭ ᠨᠤᠲᠤᠭ ᠲᠤ ᠥᠷᠭᠦᠭᠡ ᠭᠡᠷ ᠢᠶᠠᠨ ᠪᠠᠷᠢᠴᠢᠬᠠᠨᠠ
ᠨᠠᠷᠠᠨ ᠮᠠᠨᠳᠠᠯᠲᠤ ᠠᠭᠤᠯᠠ ᠶ᠋ᠢᠨ ᠢᠶᠠᠨ ᠡᠩᠭᠡᠷ ᠳᠡᠭᠡᠷ᠎ᠡ ᠨᠢ ᠪᠠᠭᠤᠴᠠ ᠲᠠᠢ
ᠨᠠᠪᠴᠢ ᠴᠡᠴᠡᠭᠲᠦ ᠲᠠᠯ᠎ᠠ ᠶ᠋ᠢᠨ ᠢᠶᠡᠨ ᠡᠯᠢᠭᠡᠨ ᠳᠡᠭᠡᠷ᠎ᠡ ᠨᠢ ᠪᠠᠭᠤᠴᠠ ᠲᠠᠢ
ᠪᠣᠯᠣᠷ ᠤᠷᠤᠰᠬᠠᠯᠲᠤ ᠭᠤᠤᠯ ᠤᠨ ᠢᠶᠡᠨ ᠳᠡᠨᠵᠢᠨ ᠳᠡᠭᠡᠷ᠎ᠡ ᠨᠢ ᠪᠠᠭᠤᠴᠠ ᠲᠠᠢ
ᠳᠠᠶᠠᠩ ᠦᠷᠡᠵᠢᠯᠲᠦ ᠰᠦᠷᠦᠭ ᠤ᠋ᠨ ᠢᠶᠡᠨ ᠪᠡᠯᠴᠢᠭᠡᠷ ᠳᠡᠭᠡᠷ᠎ᠡ ᠨᠢ ᠪᠠᠭᠤᠴᠠ ᠲᠠᠢ
ᠰᠦᠯᠳᠡ ᠴᠠᠭᠠᠨ ᠬᠡᠢᠮᠣᠷᠢ ᠲᠠᠢ ᠭᠡᠷᠡᠯᠲᠦ ᠴᠠᠭᠠᠨ ᠮᠣᠩᠭᠣᠯ ᠭᠡᠷ
ᠰᠦᠷᠦᠭ ᠮᠠᠯ ᠤᠨ ᠳᠠᠯᠠᠯᠭ᠎ᠠ ᠲᠠᠢ ᠬᠡᠰᠢᠭᠲᠦ ᠴᠠᠭᠠᠨ ᠮᠣᠩᠭᠣᠯ ᠭᠡᠷ
ᠡᠪᠦᠭᠡᠳ ᠤ᠋ᠨ ᠠᠯᠳᠠᠷ ᠢ᠋ ᠳᠠᠭᠤᠷᠢᠰᠬᠠᠭᠰᠠᠨ
ᠳᠤᠷᠠᠰᠬᠠᠯᠲᠤ ᠴᠠᠭᠠᠨ ᠮᠣᠩᠭᠣᠯ ᠭᠡᠷ
ᠦᠷᠡᠰ ᠨᠢ ᠵᠠᠯᠭᠠᠵᠤ ᠭᠡᠷᠡᠯᠳᠥᠭᠦᠯᠦᠭᠰᠡᠨ
ᠤᠯᠠᠮᠵᠢᠯᠠᠯᠲᠤ ᠴᠠᠭᠠᠨ ᠮᠣᠩᠭᠣᠯ ᠭᠡᠷ
ᠦᠰᠦᠭ ᠠᠮᠢᠯᠠᠭᠤᠯᠤᠭᠴᠢ ᠄ ᠣᠳᠬᠣᠨᠴᠡᠴᠡᠭ
ᠬᠢᠨᠠᠭᠴᠢ ᠪᠠᠭᠰᠢ ᠄ ᠭᠠᠷᠮᠡ ᠂ ᠪᠠᠶᠠᠷᠴᠡᠴᠡᠭ ᠂ ᠢᠷᠡᠭᠡᠳᠦᠢ
ᠦᠰᠦᠭ ᠬᠠᠳᠠᠭᠰᠠᠨ ᠨᠢ ᠄ ᠣᠳᠬᠣᠨᠴᠡᠴᠡᠭ
