ᠥᠬᠢᠨ ᠮᠢᠨᠢ - ᠭᠦᠷᠵᠠᠪ Охин минь - Гүржав
ᠥᠬᠢᠨ ᠮᠢᠨᠢ
ᠭᠦᠷᠵᠠᠪ
ᠡᠪᠡᠷ ᠭᠡᠵᠢᠭᠡ ᠲᠡᠢ ᠂ ᠲᠡᠪᠡᠷᠢ ᠬᠦᠰᠡᠯ ᠲᠡᠢ
ᠡᠩᠬᠦᠷᠡᠢ ᠵᠢᠭᠠᠬᠠᠨ ᠥᠬᠢᠨ ᠮᠢᠨᠢ ᠴᠢ
ᠡᠵᠢ ᠳ᠋ᠡᠭᠡᠨ ᠪᠢᠲᠡᠭᠡᠢ ᠡᠷᠬᠡᠯᠡ ᠡ
ᠡᠨᠡ ᠡᠳ᠋ ᠊ᠢ ᠠᠪᠤᠨ᠎ᠠ
ᠲᠡᠷᠡ ᠶᠠᠭᠤᠮ᠎ᠠ ᠶ᠋ᠢ ᠦᠵᠡᠨ᠎ᠡ ᠭᠡᠵᠦ
ᠡᠯᠲᠡᠪ ᠶ᠋ᠢᠡᠷ ᠪᠢᠲᠡᠭᠡᠢ ᠶᠠᠷᠰᠢᠬᠯᠠ ᠡ
ᠡᠭᠡᠵᠡᠭᠡᠢ ᠬᠤᠷᠤᠳ ᠬᠠᠲᠠᠭᠤ
ᠡᠷᠢᠶᠡᠨ ᠰᠢᠬᠢᠷ ᠠᠮᠲᠠᠲᠠᠢ ᠭᠡᠵᠦ
ᠢᠲᠡᠬᠦ ᠪᠡᠨ ᠪᠤᠤ ᠰᠢᠯᠢ ᠡ
ᠡᠯᠢᠭᠡᠪᠴᠢ ᠡᠮᠦᠰᠬᠦ ᠰᠠᠶ᠋ᠢᠬᠠᠨ
ᠡᠩᠭᠡᠷᠡᠪᠴᠢ ᠵᠡᠭᠦᠬᠦ ᠮᠠᠭᠤᠬᠠᠢ ᠭᠡᠵᠦ
ᠡᠲᠯᠡᠬᠦ ᠪᠡᠨ ᠪᠤᠤ ᠰᠣᠩᠭᠣ ᠡ
ᠡᠷᠲᠡ ᠪᠣᠰᠬᠤ ᠲᠤᠰᠠ ᠦᠭᠡᠢ
ᠡᠷᠭᠢᠭᠡᠳ ᠪᠠᠬ᠋᠎ᠠ ᠯᠠ ᠤᠨᠲᠠᠶ᠎ᠠ ᠭᠡᠵᠦ
ᠡᠷᠡᠭᠡᠯᠵᠡᠵᠦ ᠪᠢᠲᠡᠭᠡᠢ ᠬᠡᠪᠲᠡ ᠡ
ᠡᠩᠭᠡᠷ ᠶ᠋ᠢᠡᠨ ᠪᠢ ᠬᠠᠮᠢᠶᠠᠷᠬᠤ ᠦᠭᠡᠢ
ᠡᠭᠡᠴᠢ ᠪᠡᠷ ᠵᠠᠪᠠᠯ ᠲᠣᠪᠴᠢᠯᠠᠭᠤᠯᠤᠨᠠ ᠭᠡᠵᠦ
ᠡᠷᠬᠡ ᠪᠡᠷ ᠶ᠋ᠢᠡᠨ ᠪᠢᠲᠡᠭᠡᠢ ᠠᠭᠠᠰᠢᠯᠠ ᠡ ᠁
ᠥᠬᠢᠨ ᠮᠢᠨᠢ ᠴᠢ ᠰᠣᠨᠣᠰ ᠡ
ᠣᠨᠴᠠᠭᠠᠢ ᠰᠠᠶ᠋ᠢᠨ ᠠᠩᠬᠠᠷ ᠡ ᠄
ᠣᠲᠣ ᠴᠢ ᠪᠠᠬ᠋᠎ᠠ ᠪᠢᠰᠢ ᠪᠣᠯᠵᠠᠢ
ᠣᠪᠣᠬ᠋ᠠ ᠤᠴᠢᠷ ᠊ᠢ ᠮᠡᠲᠡᠬᠦ ᠪᠣᠯᠵᠠᠢ
ᠣᠷᠣᠢ ᠡᠷᠲᠡᠬᠡᠨ ᠤᠨᠲᠠᠵᠤ
ᠥᠷᠯᠥᠭᠡ ᠲᠦᠷᠭᠡᠬᠡᠨ ᠪᠣᠰᠴᠤ
ᠥᠪᠡᠷ ᠦ᠋ᠨ ᠴᠡᠴᠡᠷᠯᠢᠭ ᠲᠡᠭᠡᠨ ᠶᠠᠪᠤ ᠡ
ᠣᠯᠠᠨ ᠨᠠᠶ᠋ᠢᠵᠠ ᠨᠠᠷ ᠲᠠᠢ ᠪᠠᠨ ᠪᠦᠯᠬᠦᠮᠲᠡᠵᠦ
ᠣᠭᠣᠨᠣ ᠶ᠋ᠢᠨ ᠡᠪᠡᠷ ᠰᠢᠭ᠌ ᠢᠵᠢᠯᠢᠰᠢᠵᠦ
ᠣᠲᠣ ᠲᠠᠢ ᠰᠠᠶ᠋ᠢᠬᠠᠨ ᠪᠣᠶ᠋ᠢᠵᠢ ᠡ !
ᠣᠶᠤᠨ ᠶ᠋ᠢᠠᠨ ᠮᠡᠲᠡᠯᠭᠡ ᠪᠡᠷ ᠵᠡᠪᠰᠡᠭᠯᠡᠵᠦ
ᠣᠢ ᠪᠠᠨ ᠡᠷᠲᠡᠮ ᠶ᠋ᠢᠡᠷ ᠬᠤᠷᠴᠠᠯᠠᠵᠤ
ᠣᠨᠴᠠ ᠰᠤᠷᠤᠯᠭᠠᠲᠠᠨ ᠪᠣᠯᠵᠤ
ᠣᠨ ᠣᠨ ᠰᠠᠶ᠋ᠢᠰᠢᠶᠠᠭᠲᠠᠵᠤ ᠱᠠᠩᠨᠠᠭᠲᠠ ᠡ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230402
