ᠬᠢᠮᠤᠷᠠᠬ᠋᠎ᠠ ᠶ᠋ᠢ ᠰᠡᠷᠭᠡᠶ᠋ᠢᠯᠡᠬᠦ ᠰᠠᠶ᠋ᠢᠨ ᠠᠷᠬ᠋᠎ᠠ - ᠭᠦᠷᠵᠠᠪ Хямрааг сэргийлэх сайн арга   -  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠮᠤᠷᠠᠬ᠋᠎ᠠ ᠶ᠋ᠢ ᠰᠡᠷᠭᠡᠶ᠋ᠢᠯᠡᠬᠦ ᠰᠠᠶ᠋ᠢᠨ ᠠᠷᠬ᠋᠎ᠠ - ᠭᠦᠷᠵᠠᠪ Хямрааг сэргийлэх сайн арга   -  Гүржав

ᠬᠢᠮᠤᠷᠠᠬ᠋᠎ᠠ ᠶ᠋ᠢ ᠰᠡᠷᠭᠡᠶ᠋ᠢᠯᠡᠬᠦ ᠰᠠᠶ᠋ᠢᠨ ᠠᠷᠬ᠋᠎ᠠ - ᠭᠦᠷᠵᠠᠪ Хямрааг сэргийлэх сайн арга   -  Гүржав

2023-04-02

411

ᠬᠢᠮᠤᠷᠠᠬ᠋᠎ᠠ ᠶ᠋ᠢ ᠰᠡᠷᠭᠡᠶ᠋ᠢᠯᠡᠬᠦ ᠰᠠᠶ᠋ᠢᠨ ᠠᠷᠬ᠋᠎ᠠ


                     ᠭᠦᠷᠵᠠᠪ      

 ᠬᠢᠴᠢᠶᠡᠯ ᠰᠤᠷᠤᠯᠬ᠋᠎ᠠ ᠳ᠋ᠠᠭᠠᠨ ᠰᠢᠮᠲᠠᠯᠲᠠ ᠰᠠᠶ᠋ᠢᠲᠠᠢ  
 ᠬᠡᠷᠡᠭ ᠤᠴᠢᠷ ᠲᠤ ᠰᠣᠨᠢᠭᠤᠴᠢ ᠰᠡᠤᠠᠬᠢᠯ ᠲᠡᠢ  
 ᠬᠠᠶ᠋ᠢᠷᠠᠲᠤ ᠪᠢᠴᠢᠬᠠᠨ ᠨᠥᠬᠥᠳ  ᠮᠢᠨᠢ  
 ᠬᠢᠮᠤᠷᠠᠬ᠋᠎ᠠ  ᠳ᠋ᠤ᠌  
 ᠭᠡᠨᠡᠤᠠᠲᠡᠬᠡᠨ ᠨᠡᠷᠪᠡᠭᠳᠡᠴᠢᠭᠡᠭᠡᠳ
 ᠬᠠᠮᠠᠷ ᠠᠮᠠ ᠪᠠᠨ ᠪᠦᠭᠯᠡᠷᠡᠭᠦᠯᠴᠢᠬᠡᠭᠡᠳ
 ᠬᠠᠴᠠᠷ ᠨᠢᠭᠤᠷ ᠶ᠋ᠢᠠᠨ ᠤᠯᠠᠶ᠋ᠢᠯᠭᠠᠴᠢᠬᠠᠭᠠᠳ
 ᠬᠠᠴᠢᠨ ᠶᠠᠪᠤᠲᠠᠯ ᠪᠣᠯᠲᠠᠭ ᠪᠢᠰᠢ ‍ᠤᠤ ⁈
 ᠬᠠᠪᠤᠲᠠᠢ ᠵᠠᠰᠠᠯᠬ᠋᠎ᠠ ᠡᠷᠢᠳᠡᠭ ᠪᠢᠰᠢ ‍ᠦᠦ⁈
 ᠣᠯᠲᠣᠢ ᠮᠠᠭᠤ ᠨᠠᠶ᠋ᠢᠵᠠ ᠴᠢᠨᠢ ᠪᠢ
 ᠣᠩᠰᠢᠵᠤ ᠰᠤᠷᠤᠭᠰᠠᠨ ᠵᠦᠢᠯᠡᠰ ᠡᠴᠡ ᠪᠡᠨ
 ᠣᠨᠣᠯ ᠪᠢᠰᠢ ᠂ ᠦᠢᠯᠡᠲᠦᠯᠭᠡ ᠪᠣᠯᠭᠠᠵᠤ
 ᠣᠨᠴᠠᠯᠠᠨ ᠡᠨᠲᠡ  ᠲᠡᠮᠲᠡᠭᠯᠡᠶ᠎ᠡ
 ᠣᠯᠠᠨ ᠪ ᠮᠠᠩᠯᠠᠢ ᠲᠠ ᠨᠠᠷ ᠮᠢᠨᠢ
 ᠣᠶᠤᠨ ᠴᠡᠭᠡᠵᠢᠨ ᠳ᠋ᠡᠭᠡᠨ ᠲᠣᠭᠲᠠᠭᠠᠵᠤ
 ᠣᠷᠣᠢ ᠦᠲᠡᠰᠢ ᠶ᠋ᠢᠨ ᠴᠢᠯᠥᠭᠡᠨ ᠳ᠋ᠡᠭᠡᠨ
 ᠣᠷᠣᠯᠲᠣᠵᠣ ᠲᠤᠷᠰᠢᠬᠤ ᠪᠣᠯᠪᠠ ‍ᠤᠤ !
 ᠬᠠᠷ᠎ᠠ ᠦᠷᠯᠥᠭᠡᠭᠥᠷ ᠪᠣᠰᠬᠤ ᠳ᠋ᠠᠭᠠᠨ
 ᠬᠠᠴᠠᠷ ᠨᠢᠭᠤᠷ ᠶ᠋ᠢᠠᠨ ᠤᠭᠢᠶᠠᠬᠤ ᠳ᠋ᠠᠭᠠᠨ
 ᠬᠠᠮᠠᠷ ᠦ᠋ᠨ ᠬᠣᠶᠠᠷ ᠨᠦᠬᠡ ᠪᠡᠨ
 ᠬᠦᠢᠲᠡᠨ ᠤᠰᠤ ᠲᠠᠢ ᠰᠠᠪᠤᠩ ᠶ᠋ᠢᠠᠷ
 ᠬᠡᠵᠢᠶᠡᠲᠡ ᠵᠦᠯᠭᠦᠵᠦ ᠪᠠᠶ᠋ᠢᠪᠠᠯ
 ᠬᠢᠮᠤᠷᠠᠬ᠋᠎ᠠ ᠶ᠋ᠢ ᠪᠠᠲᠤᠲᠠᠢ ᠰᠡᠷᠭᠡᠶ᠋ᠢᠯᠡᠬᠦ ᠶᠤᠮ
 ᠬᠢᠴᠢᠶᠡᠯ ᠊ᠢ ᠪᠠᠷᠤᠭᠲᠠᠢ  ᠳ᠋ᠤ᠌ ᠰᠠᠭᠠᠲᠠᠭᠠᠬᠤ ᠦᠭᠡᠢ ᠶᠤᠮ ᠂
 ᠬᠡᠨ  ᠳ᠋ᠤ᠌ ᠴᠤ᠌  ᠪᠣᠯᠪᠠᠴᠤ ᠠᠰᠢᠬᠲᠠᠢ ᠶᠤᠮ ᠂
 ᠬᠡᠷᠡᠭᠵᠢᠭᠦᠯᠵᠦ ᠴᠢᠲᠠᠪᠠᠯ ᠲᠤᠰᠠᠲᠠᠢ ᠶᠤᠮ ᠠ᠋ !

 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠪᠣᠷᠭᠢᠯ
         ᠬᠢᠨᠠᠭᠴᠢ ᠄  ᠪᠠᠶᠠᠷᠴᠡᠴᠡᠭ