ᠠᠶᠤᠩᠭ᠎ᠠ - ᠭᠦᠷᠵᠠᠪ Аянга - Гүржав
ᠠᠶᠤᠩᠭ᠎ᠠ
( ᠰᠢᠨᠵᠢᠯᠡᠬᠦ ᠤᠬᠠᠭᠠᠨ
ᠮᠡᠲᠡᠯᠭᠡᠲᠦ ᠰᠢᠯᠦᠭ )
ᠭᠦᠷᠵᠠᠪ
ᠠᠯᠤᠰ ᠲᠦ
ᠠᠶᠤᠩᠬ᠋ᠠ ᠶ᠋ᠢᠨ ᠳᠠᠭᠤ ᠨᠢᠵᠢᠭᠢᠨᠡᠨ
ᠠᠭᠲᠠ ᠶ᠋ᠢᠨ ᠳᠥᠪᠡᠷᠭᠡᠨ ᠰᠢᠭ᠌
ᠴᠠᠬᠢᠯᠭᠠᠨ ᠨᠠᠭᠠᠰᠢᠯᠠᠵᠤ
ᠠᠷᠭᠠᠯ ᠦ᠋ᠨ ᠪᠠᠭᠤᠴᠠ ᠪ ᠴᠠᠭᠠᠨᠠᠬᠠᠨ
ᠲᠠᠰᠤᠷᠠᠨ ᠤᠨᠠᠪᠠ ᠃
ᠲᠩᠷᠢ ᠶ᠋ᠢᠨ ᠰᠣᠮᠣ ᠪᠠᠭᠤᠴᠢᠬᠠᠯ᠎ᠠ ᠭᠡᠵᠦ
ᠲᠡᠨᠲᠡ
ᠡᠪᠦᠭᠡ ᠮᠡᠷᠭᠡ ᠬᠠᠶᠠᠨ᠎ᠠ
ᠲᠡᠷᠡ ᠴᠢᠨᠢ ᠰᠣᠮᠣ ᠪᠢᠰᠢ ᠂ ᠴᠠᠬᠢᠯᠭᠠᠨ ᠭᠡᠵᠦ
ᠲᠡᠪᠲᠡᠷ ᠱᠠᠭᠠᠶ᠋ᠢᠵᠤ ᠪᠠᠶ᠋ᠢᠬᠰᠠᠨ
ᠲᠡᠷᠢᠭᠦᠨ ᠠᠬ᠎ᠠ ᠬᠡᠯᠡᠨ᠎ᠡ ᠃
ᠲᠡᠭᠡᠭᠡᠳ ᠲᠡᠷᠡ ᠨᠢ ᠶᠠᠭᠠᠬᠢᠵᠤ ᠪᠠᠭᠤᠪᠠ ᠭᠡᠵᠦ
ᠲᠡᠰᠭᠡᠯ ᠦᠭᠡᠢ ᠪᠢ ᠠᠰᠠᠭᠤᠪᠠ ᠂
ᠲᠡᠷᠯᠢᠭ ᠦ᠋ᠨ ᠲᠣᠪᠴᠢ ᠪᠠᠨ
ᠵᠠᠰᠠᠵᠤ ᠲᠣᠪᠴᠢᠯᠠᠭᠠᠳ
ᠲᠡᠷᠢᠭᠦᠨ ᠠᠬ᠎ᠠ
ᠢᠩᠭᠢᠵᠦ ᠬᠡᠯᠡᠪᠡ
— ᠪᠠᠶ᠋ᠢᠭᠠᠯᠢ ᠶᠢᠷᠲᠢᠨᠴᠦ ᠶ᠋ᠢᠨ ᠪᠣᠲᠠᠰ
ᠪᠠᠷᠤᠭ ᠪᠦᠷ ᠴᠠᠬᠢᠯᠭᠠᠨ ᠴᠡᠨᠡᠭ ᠲᠡᠢ ᠪᠠᠶ᠋ᠢᠲᠠᠭ ᠂
ᠪᠠᠬ᠋᠎ᠠ ᠶᠡᠬᠡ ᠨᠢ ᠠᠲᠠᠯᠢ ᠦᠭᠡᠢ ᠤᠴᠢᠷ ᠠ᠋ᠴᠠ
ᠪᠠᠷᠤᠭᠲᠠᠢ ᠪᠣᠯ ᠴᠠᠬᠢᠯᠭᠠᠨ ᠡᠭᠦᠰᠭᠡᠳᠡᠭ ᠦᠭᠡᠢ ᠶᠤᠮ ᠃
ᠪᠠᠷᠤᠶ᠋ᠢᠵᠤ ᠨᠡᠲᠦᠶ᠋ᠢᠬᠦ
ᠪᠣᠷᠣᠭᠠᠨ ᠪ ᠡᠭᠦᠯᠡ ᠴᠦ᠍
ᠪᠠᠰᠠ ᠴᠠᠬᠢᠯᠭᠠᠨ ᠴᠡᠨᠡᠭ ᠲᠡᠢ ᠶᠤᠮ ᠂
ᠪᠠᠭᠠᠰᠢ ᠨᠢ ᠬᠥᠲᠡᠯᠵᠦ
ᠪᠠᠬᠠᠨ ᠴᠢᠤᠠᠬᠤᠯᠠᠵᠤ
ᠪᠠᠷᠲᠠᠮ ᠠᠰᠬᠠᠯᠠᠪᠠᠯ
ᠠᠰ ᠳᠣᠣᠷᠠᠬᠢ ᠭᠠᠵᠠᠷ ᠶᠢᠷᠲᠢᠨᠴᠤᠰ ᠲᠠᠢ ᠪᠠᠨ
ᠠᠷᠬ᠋᠎ᠠ ᠪᠢᠯᠢᠭ᠌ ᠴᠡᠨᠡᠭ ᠬᠠᠷᠭᠤᠯᠲᠤᠭᠤᠯᠵᠤ
ᠠᠶ᠋ᠢᠬᠤᠪᠲᠤᠷ ᠰᠦᠷᠡᠬᠡᠢ ᠳᠠᠭᠤ ᠭᠠᠷᠭᠠᠵᠤ
ᠠᠶᠤᠩᠬ᠋ᠠ ᠪᠣᠯᠵᠤ ᠪᠠᠭᠤᠲᠠᠭ ᠶᠤᠮ ᠂
ᠠᠶᠤᠯ ᠭᠠᠮᠰᠢᠬ ᠲᠠᠷᠢᠲᠠᠭ ᠶᠤᠮ ᠭᠡᠪᠡ ᠃
ᠠᠲᠠᠯᠠᠵᠤ ᠳᠤᠤᠭᠠᠷᠴᠤ ᠠᠶᠤᠩᠬ᠋ᠠ ᠪᠠᠭᠤᠬᠤ ᠶ᠋ᠢᠨ
ᠠᠩᠬᠠᠨ ᠪ ᠨᠢᠭᠤᠴᠠ ᠨᠢ ᠡᠶ᠋ᠢᠮᠦ ᠪᠠᠶ᠋ᠢᠵᠠᠢ ᠂
ᠠᠬ᠎ᠠ ᠶ᠋ᠢᠨ ᠬᠡᠯᠡᠭᠰᠡᠨ ᠳᠥᠭᠥᠮ ᠲᠠᠶ᠋ᠢᠯᠪᠦᠷᠢᠯᠠᠯᠲᠠ ᠠ᠋ᠴᠠ
ᠠᠯᠢᠶ᠎ᠠ ᠪᠢ ᠮᠡᠲᠡᠵᠦ ᠠᠪᠤᠯ᠎ᠠ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 2 ᠤᠨ ᠡᠲᠦᠷ
