ᠠᠮᠢᠲᠠᠨ ᠭᠡᠷᠬᠢᠨ ᠡᠪᠦᠯᠵᠢᠳᠡᠭ ᠪᠤᠢ Амьтан хэрхэн өвөлждөг вэ ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠲᠠᠨ ᠭᠡᠷᠬᠢᠨ ᠡᠪᠦᠯᠵᠢᠳᠡᠭ ᠪᠤᠢ Амьтан хэрхэн өвөлждөг вэ

ᠠᠮᠢᠲᠠᠨ ᠭᠡᠷᠬᠢᠨ ᠡᠪᠦᠯᠵᠢᠳᠡᠭ ᠪᠤᠢ Амьтан хэрхэн өвөлждөг вэ

ᠠᠮᠢᠲᠠᠨ ᠭᠡᠷᠬᠢᠨ ᠡᠪᠦᠯᠵᠢᠳᠡᠭ ᠪᠤᠢ


     ᠰᠢᠷᠭᠤᠯᠵᠢ ᠭᠡᠷ ᠡᠴᠡ ᠪᠡᠨ ᠭᠠᠷᠤᠭᠠᠳ ᠣᠢ  ᠳ᠋ᠤ᠌ ᠶᠠᠪᠤᠵᠤ ᠪᠠᠶ᠋ᠢᠭᠠᠳ ᠱᠠᠭᠠᠵᠠᠭᠠᠢ ᠰᠠᠭᠯᠠᠭᠠᠷ ①  ᠮᠣᠲᠣᠨ ᠳᠡᠭᠡᠷ᠎ᠡ ᠰᠠᠭᠤᠭᠠᠳ 《 ᠱᠠᠭ ᠱᠠᠭ 》 ᠱᠠᠭᠰᠢᠵᠤ ᠪᠠᠶ᠋ᠢᠬᠤ ᠲᠠᠢ ᠲᠠᠭᠠᠷᠠᠯᠲᠤᠯ᠎ᠠ ᠃ ᠰᠢᠷᠭᠤᠯᠵᠢ ᠄ 《 ᠱᠠᠭᠠᠵᠠᠭᠠᠢ ᠡᠭᠡᠴᠢ ᠡ  ! ᠬᠤᠨ ᠂ ᠬᠠᠷᠢᠶᠠᠴᠠᠢ ᠪᠦᠷ ᠬᠠᠮᠢᠬ᠋᠎ᠠ ᠶᠠᠪᠤᠴᠢᠬᠠᠭᠰᠠᠨ ᠪᠤᠢ ? 》 ᠭᠡᠵᠦ ᠠᠰᠠᠭᠤᠪᠠ ᠃
     ᠱᠠᠭᠠᠵᠠᠭᠠᠢ ᠄ 《 ᠲᠩᠷᠢ ᠬᠦᠢᠲᠡᠷᠡᠭᠰᠡᠨ ᠲᠤᠯᠠ ᠲᠡᠲᠡ ᠪᠦᠷ ᠡᠮᠦᠨᠡᠲᠦ ᠣᠷᠣᠨ  ᠳ᠋ᠤ᠌ ᠡᠪᠦᠯᠵᠢᠬᠦ ᠪᠡᠷ ᠶᠠᠪᠤᠴᠢᠬᠠᠵᠠᠢ ᠃ ᠬᠠᠪᠤᠷ ᠬᠠᠷᠢᠵᠤ ᠢᠷᠡᠨ᠎ᠡ 》 ᠭᠡᠪᠡ ᠃
    《 ᠲᠠ ᠶᠠᠭᠠᠬᠢᠭᠠᠳ ᠶᠠᠪᠤᠭᠰᠠᠨ ᠦᠭᠡᠢ ᠪᠤᠢ ? 》 ᠭᠡᠵᠦ ᠰᠢᠷᠭᠤᠯᠵᠢ ᠤᠬᠤᠴᠢᠯᠠᠨ ᠠᠰᠠᠭᠤᠭᠰᠠᠨ ②   ᠳ᠋ᠤ᠌ ᠄  
    《  ᠪᠢ ᠡᠨᠲᠡ ᠪᠡᠨ ᠡᠪᠦᠯᠵᠢᠨ᠎ᠡ ᠃ ᠪᠢ ᠲᠡᠲᠡᠨ ᠰᠢᠭ᠌ ᠬᠦᠢᠲᠡᠨ ᠡᠴᠡ ᠠᠶᠤᠲᠠᠭ ᠦᠭᠡᠢ 》 ᠭᠡᠵᠦ ᠱᠠᠭᠠᠵᠠᠭᠠᠢ  ᠬᠠᠷᠢᠭᠤᠯᠤᠯ᠎ᠠ᠃
     ᠰᠢᠷᠭᠤᠯᠵᠢ ᠴᠢᠨᠠᠭᠰᠢ ᠶᠠᠪᠤᠭᠠᠳ ᠮᠡᠯᠡᠬᠡᠢ ᠲᠡᠢ ᠤᠴᠠᠷᠠᠪᠠ ᠃
   《 ᠮᠡᠯᠡᠬᠡᠢ ᠠᠬ᠎ᠠ ᠠ᠋ ᠂ ᠲᠠ ᠪᠠᠰᠠ ᠡᠮᠦᠨᠡᠲᠦ ᠣᠷᠣᠨ  ᠳ᠋ᠤ᠌ ᠣᠴᠢᠵᠤ ᠡᠪᠦᠯ ᠊ᠢ ᠥᠩᠭᠡᠷᠡᠭᠡᠨ᠎ᠡ ‍ᠦᠦ ? 》 ᠭᠡᠵᠦ ᠰᠢᠷᠭᠤᠯᠵᠢ ᠰᠠᠨᠠᠭᠠᠰᠢᠷᠠᠨ ᠠᠰᠠᠭᠤᠭᠰᠠᠨ  ᠳ᠋ᠤ᠌ ᠮᠡᠯᠡᠬᠡᠢ ᠄ 
   《 ᠪᠢ ᠣᠴᠢᠬᠤ ᠦᠭᠡᠢ ᠃ ᠡᠨᠲᠡ ᠪᠡᠨ ᠡᠪᠦᠯ ᠊ᠢ ᠥᠩᠭᠡᠷᠡᠭᠡᠨ᠎ᠡ 》 ᠭᠡᠪᠡ ᠃
    ᠰᠢᠷᠭᠤᠯᠵᠢ ᠄ 《 ᠲᠠ ᠶᠠᠭᠠᠬᠢᠵᠤ ᠡᠪᠦᠯ ᠊ᠢ ᠥᠩᠭᠡᠷᠡᠭᠡᠬᠦ ᠪᠤᠢ ? 》 ᠭᠡᠰᠡᠨ  ᠳ᠋ᠤ᠌ ᠮᠡᠯᠡᠬᠡᠢ ᠄
   《 ᠪᠢᠲᠡ ᠡᠪᠦᠯ ᠪᠣᠯᠪᠠᠯ ᠭᠠᠵᠠᠷ ᠳᠣᠣᠷ᠎ᠠ ᠣᠷᠣᠭᠠᠳ ᠬᠥᠲᠡᠯᠬᠦ ᠦᠭᠡᠢ ᠂ ᠢᠲᠡᠬᠦ ᠦᠭᠡᠢ ᠪᠡᠷ ᠢᠷᠡᠬᠦ ᠬᠠᠪᠤᠷ ᠪᠣᠯᠲᠠᠯ᠎ᠠ ᠤᠨᠲᠠᠨ᠎ᠠ ᠃ ᠡᠨᠡ ᠪᠣᠯ ᠪᠢᠲᠡᠨ ᠪ ᠡᠪᠦᠯᠵᠢᠬᠦ ᠠᠷᠬ᠋᠎ᠠ ᠶᠤᠮ ᠃ ᠬᠥᠮᠦᠰ ᠡᠭᠦᠨ ᠊ᠢ ᠢᠴᠡᠭᠡᠯᠡᠨ᠎ᠡ  ᠭᠡᠳᠡᠭ 》 ᠭᠡᠯ᠎ᠡ ᠃
    ᠰᠢᠷᠭᠤᠯᠵᠢ ᠴᠢᠨᠠᠭᠰᠢ ᠶᠠᠪᠤᠭᠠᠳ ᠨᠠᠭᠤᠷ ᠦ᠋ᠨ ᠬᠥᠪᠡᠭᠡᠨ ᠳ᠋ᠤ᠌ ᠤᠰᠤᠨ ᠬᠤᠯᠤᠭᠠᠨ᠎ᠠ ᠲᠠᠢ ᠠᠭᠤᠯᠵᠠᠪᠠ ᠃ ᠤᠰᠤᠨ ᠬᠤᠯᠤᠭᠠᠨ᠎ᠠ ᠰᠢᠷᠭᠤᠯᠵᠢ ᠶ᠋ᠢ ᠦᠵᠡᠭᠡᠳ ᠄  《 ᠰᠢᠷᠭᠤᠯᠵᠢ ᠠ᠋ !  ᠪᠢᠲᠡ ᠭᠠᠵᠠᠷ ᠳᠣᠣᠷ᠎ᠠ ᠰᠢᠨ᠎ᠡ ᠭᠡᠷ ᠶ᠋ᠢᠡᠨ ᠵᠠᠰᠠᠴᠢᠬᠠᠭᠰᠠᠨ ᠰᠢᠦ ᠂ ᠣᠷᠣᠵᠤ ᠦᠵᠡᠬᠦ ᠦᠭᠡᠢ ‍ᠦᠦ ? 》 ᠭᠡᠵᠦ ᠤᠷᠢᠪᠠ ᠃ ᠤᠰᠤᠨ ᠬᠤᠯᠤᠭᠠᠨ᠎ᠠ ᠶ᠋ᠢᠨ ᠰᠢᠨ᠎ᠡ ᠭᠡᠷ ᠨᠢ ᠭᠠᠵᠠᠷ ᠳᠣᠣᠭᠤᠷ ᠤᠰᠤ ᠤᠷᠤᠭᠤ  ᠣᠷᠣᠬᠤ ᠵᠠᠮ ᠲᠠᠢ ᠪᠠᠶ᠋ᠢᠯ᠎ᠠ ᠃ ᠤᠰᠤᠨ ᠬᠤᠯᠤᠭᠠᠨ᠎ᠠ ᠡᠨᠡ ᠵᠠᠮ ᠶ᠋ᠢᠠᠷ ᠶ᠋ᠢᠠᠨ ᠤᠰᠤᠨ  ᠳ᠋ᠤ᠌ ᠣᠷᠣᠵᠤ ᠵᠢᠭᠠᠰᠤ ᠠᠩᠨᠠᠨ  ᠡᠪᠦᠯᠵᠢᠳᠡᠭ ᠪᠠᠶ᠋ᠢᠵᠠᠢ ᠃
    ᠤᠰᠤᠨ ᠬᠤᠯᠤᠭᠠᠨ᠎ᠠ ᠶ᠋ᠢᠨ ᠡᠵᠢ ᠄ 《 ᠠᠮᠢᠲᠠᠨ  ᠪᠦᠭᠦᠲᠡᠭᠡᠷ ᠶ᠋ᠢᠡᠨ  ᠡᠪᠦᠯᠵᠢᠬᠦ ᠪᠡᠷ ᠪᠠᠵᠠᠭᠠᠵᠤ ③  ᠪᠠᠶ᠋ᠢᠨ᠎ᠠ ᠃ ᠲᠠᠨ ᠪ ᠬᠢᠨ ᠬᠦᠨᠡᠰᠦ ᠪᠡᠨ ᠭᠦᠢᠴᠡᠳ ᠨᠥᠭᠡᠴᠡᠯᠡᠭᠰᠡᠨ ᠪᠢᠵᠡ ? 》 ᠭᠡᠵᠦ ᠬᠠᠯᠠᠮᠵᠢᠯᠠᠨ ᠠᠰᠠᠭᠤᠪᠠ ᠃
     ᠨᠥᠬᠥᠳ ᠨᠢ ᠠᠯᠢ ᠬᠡᠵᠢᠶᠡᠨ ᠪ ᠭᠠᠵᠠᠷ  ᠳᠣᠣᠷᠠᠬᠢ ᠭᠡᠷ ᠲᠤ ᠪᠡᠨ ᠮᠠᠰᠢ ᠠᠷᠪᠢᠨ ᠬᠦᠨᠡᠰᠦ  ᠪᠡᠯᠡᠳᠬᠡᠭᠰᠡᠨ ᠊ᠢ ᠰᠢᠷᠭᠤᠯᠵᠢ ᠰᠠᠨᠠᠵᠤ ᠣᠯᠤᠭᠠᠳ ᠄ 《 ᠲᠡᠶ᠋ᠢᠮᠦ  ᠡ ᠂ ᠮᠠᠨ ᠪ ᠬᠢᠨ ᠪᠦᠷ ᠪᠡᠯᠡᠨ ᠪᠣᠯᠭᠠᠵᠠᠢ ᠃ ᠪᠢ ᠣᠲᠣ ᠭᠡᠷ ᠲᠤ ᠪᠡᠨ ᠬᠠᠷᠢᠵᠤ ᠨᠥᠬᠥᠳ ᠲᠡᠢ ᠪᠡᠨ ᠴᠤᠭ ᠡᠪᠦᠯᠵᠢᠨ᠎ᠡ 》 ᠭᠡᠳ ᠤᠰᠤᠨ ᠬᠤᠯᠤᠭᠠᠨ᠎ᠠ ᠲᠠᠢ ᠰᠠᠯᠬᠤ ᠶᠣᠰᠣ ᠬᠢᠪᠡ ᠃ 

– – – – –
① ᠰᠠᠭᠯᠠᠭᠠᠷ — ᠮᠣᠲᠣᠨ ᠪ ᠨᠠᠪᠴᠢ ᠨᠠᠮᠠᠬ᠋᠎ᠠ ᠂ ᠰᠠᠯᠠᠬ᠋᠎ᠠ ᠮᠥᠴᠢᠷ ᠨᠢ ᠰᠠᠭᠯᠠᠶ᠋ᠢᠵᠤ ᠤᠷᠭᠤᠭᠰᠠᠨ ᠪᠠᠶ᠋ᠢᠲᠠᠯ ᠃
② ᠤᠬᠤᠴᠢᠯᠠᠨ ᠠᠰᠠᠭᠤᠬᠤ — ᠤᠴᠢᠷ ᠶᠠᠪᠤᠲᠠᠯ ᠦ᠋ᠨ ᠦᠨᠲᠦᠰᠦ ᠰᠢᠯᠲᠠᠭᠠᠨ ᠊ᠢ ᠮᠡᠲᠡᠬᠦ ᠭᠡᠵᠦ ᠨᠠᠷᠢᠪᠴᠢᠯᠠᠨ ᠠᠰᠠᠭᠤᠬᠤ ᠃
③ ᠪᠠᠵᠠᠭᠠᠬᠤ  — ᠪᠡᠯᠡᠤᠠᠬᠡᠵᠦ ᠲᠥᠬᠥᠭᠡᠷᠬᠦ ᠃

        ᠬᠡᠯᠡ ᠪᠢᠴᠢᠭ᠌ ᠦ᠋ᠨ ᠬᠣᠶᠠᠲᠤᠭᠠᠷ ᠣᠨ   (  ᠳᠣᠣᠷᠠᠳᠤ )  
            ( 2012 ᠣᠨ ᠪ  11 ᠰᠠᠷ᠎ᠠ  ᠳ᠋ᠤ᠌ ᠠᠩᠬᠠᠲᠤᠭᠠᠷ ᠬᠡᠪ ) ᠡᠴᠡ ᠬᠠᠭᠤᠯᠪᠠ ᠃

     ᠦᠰᠦᠭ ᠠᠮᠢᠯᠠᠭᠤᠯᠤᠭᠴᠢ ᠄     ᠮᠢᠩᠭᠠᠳ ᠂  ᠴᠢᠮᠡᠭ
         ᠬᠢᠨᠠᠭᠴᠢ ᠄ ᠲᠦᠮᠡᠳ · ᠠᠵᠠᠲᠦ