ᠫᠤᠤᠵᠢᠩ - ᠭᠦᠷᠵᠠᠪ Пуужин - Гүржав
ᠫᠤᠤᠵᠢᠩ
ᠭᠦᠷᠵᠠᠪ
ᠨᠠᠷᠢᠬᠠᠨ ᠤᠷᠲᠤ ᠪᠡᠶ᠎ᠡ ᠲᠡᠢ
ᠨᠠᠩᠭᠢᠶᠠᠳ ᠤᠯᠠᠭᠠᠨ ᠳᠡᠪᠡᠯ ᠲᠡᠢ
ᠨᠣᠴᠣᠮᠠᠭᠴᠠ ᠳᠡᠯᠪᠡᠷᠡᠳᠡᠭ ᠵᠠᠩ ᠲᠠᠢ
ᠨᠦᠷᠬᠢᠭᠰᠡᠨ ᠶᠡᠬᠡ ᠳᠠᠭᠤ ᠲᠠᠢ
ᠨᠠᠶ᠋ᠢᠷ ᠬᠤᠷᠢᠮ ᠦ᠋ᠨ ᠬᠥᠭ ᠊ᠢ
ᠨᠠᠷᠭᠢᠭᠤᠯᠵᠤ ᠬᠥᠭᠵᠢᠭᠦᠯᠦᠭᠴᠢ ᠫᠤᠤᠵᠢᠩ
ᠨᠠᠮᠠᠶ᠋ᠢ ᠴᠢᠮᠠᠶ᠋ᠢ ᠪᠠᠶᠠᠰᠤᠭᠤᠯᠤᠭᠠᠳ
ᠨᠠᠭᠠᠲᠤᠭᠤᠯᠵᠤ ᠴᠡᠩᠬᠡᠭᠦᠯᠦᠭᠴᠢ ᠫᠤᠤᠵᠢᠩ
ᠡᠪ ᠳᠦᠢ ᠶ᠋ᠢ ᠨᠢ ᠮᠡᠲᠡᠭᠡᠳ
ᠡᠭᠡᠨᠡᠭᠳᠡ ᠬᠢᠴᠢᠶᠡᠵᠦ ᠲᠠᠯᠪᠢᠪᠠᠯ
ᠡᠯᠲᠡᠩ ᠪᠠᠶᠠᠷ ᠊ᠢ ᠡᠲᠯᠡᠭᠡᠬᠦ
ᠡᠲᠡᠭᠡᠳ ᠰᠠᠶ᠋ᠢᠬᠠᠨ ᠡᠳ᠋ ᠪᠢᠯᠡ !
ᠡᠷᠡᠮᠪᠡ ᠳᠠᠷᠤᠮ ᠊ᠢ ᠬᠠᠶ᠋ᠢᠬᠤᠷᠤᠯ ᠦᠭᠡᠢ
ᠡᠯᠲᠡᠪᠯᠡᠵᠦ ᠳᠤᠷ᠎ᠠ ᠪᠠᠷ ᠶ᠋ᠢᠠᠨ ᠲᠠᠯᠪᠢᠪᠠᠯ
ᠡᠷᠬᠡᠲᠡᠨ ᠴᠣᠭᠴᠠᠰ ᠊ᠢ ᠰᠦᠢᠤᠠᠬᠡᠬᠦ
ᠡᠨᠲᠡᠯ ᠬᠣᠣᠷᠲᠠᠢ ᠦᠢᠯᠡᠤᠠᠬᠦᠨ ᠪᠢᠯᠡ !
ᠬᠠᠶ᠋ᠢᠷᠠᠲᠠᠢ ᠪᠢᠴᠢᠬᠠᠨ ᠨᠠᠶ᠋ᠢᠵᠠ ᠨᠠᠷ ᠮᠢᠨᠢ
ᠬᠠᠶᠠ ᠳ᠋ᠠᠭᠠᠨ ᠫᠤᠤᠵᠢᠩ ᠲᠠᠯᠪᠢᠬᠤ ᠳ᠋ᠠᠭᠠᠨ
ᠠᠯᠲᠠᠰᠢ ᠡᠨᠲᠡᠰᠢ ᠭᠠᠷᠬᠤ ᠶ᠋ᠢ
ᠠᠩᠬᠠᠷᠴᠤ ᠰᠡᠷᠡᠮᠵᠢᠯᠡᠵᠦ ᠶᠠᠪᠤᠭᠠᠷᠠᠢ !
ᠠᠯᠢᠶ᠎ᠠ ᠪᠠᠬ᠋᠎ᠠ ᠨᠠᠰᠤ ᠪᠠᠨ
ᠠᠮᠤᠷ ᠲᠠᠶ᠋ᠢᠪᠤᠭᠤᠨ ᠶ᠋ᠢᠠᠷ ᠲᠤᠭᠤᠯᠤᠭᠠᠷᠠᠢ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230401
