ᠲᠤᠭ - ᠭᠦᠷᠵᠠᠪ Туг - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠭ - ᠭᠦᠷᠵᠠᠪ Туг - Гүржав

ᠲᠤᠭ - ᠭᠦᠷᠵᠠᠪ Туг - Гүржав

2023-04-02

270

ᠲᠤᠭ


           ᠬᠢᠯᠢ ᠶ᠋ᠢᠨ ᠨᠢᠭᠡ ᠥᠷᠲᠡᠭᠡᠨ ᠪ
             ᠲᠤᠭ  ᠊ᠢ ᠦᠵᠡᠭᠡᠳ  
                         ᠭᠦᠷᠵᠡᠪ    

ᠲᠤᠭ ᠭᠡᠵᠦ 
ᠲᠤᠨᠤᠯᠵᠠᠵᠤ ᠭᠡᠢᠭᠡᠭᠴᠢ ᠦᠦᠷ 
ᠲᠤᠶᠠᠭᠠᠷᠠᠵᠤ ᠮᠠᠨᠲᠤᠭᠴᠢ ᠨᠠᠷᠠ   
ᠲᠤᠯᠬ᠋᠎ᠠ ᠶ᠋ᠢ  ᠬᠥᠭᠵᠢᠭᠡᠭᠴᠢ ᠭᠠᠯ 
ᠲᠤᠭᠤᠷᠬ᠋᠎ᠠ ᠲᠤᠯᠠᠭᠠᠴᠠᠭᠠᠴᠢ ᠭᠠᠷ  
ᠲᠤᠭ ᠭᠡᠵᠦ 
ᠲᠤᠯᠭᠠᠭᠤᠷ ᠲᠥᠷᠥ ᠶ᠋ᠢᠨ  ᠳᠦᠰᠢᠭ 
ᠲᠤᠰᠠᠭᠠᠷ ᠲᠣᠭᠲᠠᠨᠢᠯ ᠦ᠋ᠨ ᠪᠡᠯᠭᠡ 
ᠲᠤᠵᠢ ᠳ᠋ᠠᠭᠠᠨ ᠲᠤᠯᠠᠯᠵᠠᠭᠴᠢ ᠬᠡᠢ ᠮᠣᠷᠢ  
ᠲᠤᠶ᠋ᠢᠯᠪᠤᠷᠢᠲᠠᠢ ᠢᠯᠠᠭᠴᠢ ᠵᠣᠷᠢᠬ 
ᠲᠤᠭ ᠭᠡᠵᠦ 
ᠲᠤᠩᠭᠠᠯᠠᠭ ᠤᠯᠠᠭᠠᠨ ᠵᠢᠰᠦ
ᠲᠤᠤᠯᠢᠰ ᠢᠷᠠᠭᠤ ᠲᠡᠦᠬᠡ 
ᠲᠤᠤᠱᠲᠠᠢ ᠪᠦᠲᠦᠭᠡᠬᠦ ᠵᠢᠷᠦᠬᠡ
ᠲᠤᠰᠠᠲᠠᠢ ᠶᠠᠪᠤᠬᠤ ᠪᠣᠲᠣᠯ
ᠲᠤᠭ ᠲᠠᠭᠠᠨ ᠪᠢᠲᠡ ᠦᠨᠡᠨᠴᠢ
ᠲᠤᠭ ᠲᠠᠭᠠᠨ ᠪᠢᠲᠡ ᠴᠢᠭᠡᠴᠢ
ᠲᠤᠭᠤᠯᠵᠤ ᠭᠠᠷᠬᠤ ᠵᠠᠮ ᠶ᠋ᠢᠠᠨ
ᠲᠤᠭ ᠶ᠋ᠢᠠᠨ ᠡᠷᠭᠦᠭᠡᠳ ᠨᠡᠭᠡᠭᠡᠨ᠎ᠡ
ᠲᠤᠭ ᠶ᠋ᠢᠠᠨ ᠨᠠᠮᠢᠷᠠᠭᠤᠯᠤᠨ ᠨᠡᠭᠡᠭᠡᠨ᠎ᠡ  !

    ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ 4 ᠰᠠᠷ᠎ᠠ ᠶ᠋ᠢᠨ 1 ᠎ᠪ ᠡᠲᠦᠷ