ᠡᠪᠡᠰᠦ ᠪᠢ - ᠭᠦᠷᠵᠠᠪ Өвс би - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠡᠰᠦ ᠪᠢ - ᠭᠦᠷᠵᠠᠪ Өвс би - Гүржав

ᠡᠪᠡᠰᠦ ᠪᠢ - ᠭᠦᠷᠵᠠᠪ Өвс би - Гүржав

2023-04-02

223

ᠡᠪᠡᠰᠦ ᠪᠢ

                ᠭᠦᠷᠵᠠᠪ  
         ( ᠬᠢᠯᠢ ᠳᠡᠭᠡᠷ᠎ᠡ ᠬᠡᠪᠲᠡᠵᠦ ᠪᠠᠶ᠋ᠢᠬᠤ  ᠳ᠋ᠤ᠌
            ᠬᠡᠭᠡᠷ᠎ᠡ ᠶ᠋ᠢᠨ ᠡᠪᠡᠰᠦ ᠨᠠᠲᠠ ᠢᠩᠭᠢᠵᠦ ᠰᠢᠪᠡᠨᠡᠵᠡᠢ ᠄ )  

 ᠠᠭᠤᠲᠠᠮ ᠲᠠᠯ᠎ᠠ ᠶ᠋ᠢᠨ
 ᠤᠶᠠᠬᠠᠨ ᠨᠣᠭᠣᠭᠠᠨ ᠵᠢᠰᠦ
 ᠤᠯᠠᠷᠢᠬᠤ ᠴᠠᠭ ᠦ᠋ᠨ
 ᠭᠣᠶᠣᠬᠠᠨ ᠴᠡᠯᠡᠭᠡᠷ ᠠᠶᠠᠰ
 ᠡᠪᠡᠰᠦ ᠪᠢ
 ᠥᠩᠭᠡ ᠰᠣᠷᠭᠣᠭ
 ᠥᠰᠴᠦ ᠤᠷᠭᠤᠬᠤ
 ᠬᠦᠰᠡᠯ ᠪᠦᠷᠢᠨ
 ᠮᠠᠯ ᠬᠠᠷ᠎ᠠ ᠶ᠋ᠢᠨ
 ᠮᠢᠷᠠᠯᠵᠠᠮ᠎ᠠ ᠰᠢᠷᠭᠠᠯ ᠢᠲᠡᠰᠢ
 ᠮᠠᠩᠬ᠎ᠠ ᠵᠣ᠋ ᠶ᠋ᠢᠨ
 ᠮᠢᠨᠲᠠᠰᠤᠨ ᠲᠣᠷᠭᠠᠨ ᠳᠡᠪᠡᠯ
 ᠡᠪᠡᠰᠦ ᠪᠢ
 ᠦᠯ ᠵᠤᠵᠠᠭᠠᠨ
 ᠥᠷᠭᠡᠵᠢᠵᠦ ᠦᠷᠡᠵᠢᠬᠦ
 ᠦᠷ᠎ᠡ ᠣᠯᠠᠨ ᠁
 ᠣᠲᠣᠷ ᠨᠡᠭᠦᠲᠡᠯ ᠦ᠋ᠨ
 ᠣᠨᠴᠠᠯᠠᠵᠤ ᠰᠢᠯᠢᠳᠡᠭ ᠪᠡᠯᠴᠢᠭᠡᠷ
 ᠣᠷᠴᠢᠯᠠᠩ ᠶᠢᠷᠲᠢᠨᠴᠦ ᠶ᠋ᠢᠨ
 ᠤᠨᠲᠤᠷᠤᠯ  ᠳᠡᠭᠵᠢᠷᠡᠯ ᠦ᠋ᠨ ᠡᠬᠢ
 ᠡᠪᠡᠰᠦ ᠪᠢ
 ᠥᠷᠲᠡᠭ ᠶᠡᠬᠡ
 ᠥᠨᠢᠲᠡ ᠦᠨᠲᠦᠰᠦᠯᠡᠬᠦ
 ᠡᠭᠦᠷᠭᠡ ᠬᠦᠨᠲᠦ
 ᠪᠥᠮᠪᠥᠷᠴᠡᠭ ᠳᠡᠯᠡᠬᠡᠢ ᠶ᠋ᠢ
 ᠪᠦᠪᠡᠶ᠋ᠢᠯᠡᠵᠦ ᠬᠠᠶ᠋ᠢᠷᠠᠯᠠᠲᠠᠭ ᠠᠮᠢ
 ᠪᠦᠭᠦᠲᠡ ᠣᠯᠠᠨ ᠪ 
 ᠪᠦᠬᠡᠴᠡᠶ᠋ᠢᠯᠡᠵᠦ ᠬᠠᠮᠠᠭᠠᠯᠠᠲᠠᠭ ᠡᠷᠲᠡᠨᠢ
 ᠡᠪᠡᠰᠦ ᠮᠢᠨᠦ
 ᠥᠮᠥᠭ ᠴᠢᠩᠬ᠋᠎ᠠ
 ᠥᠮᠴᠢᠯᠡᠵᠦ ᠡᠲᠯᠡᠬᠦ ᠨᠢ
 ᠴᠢᠨᠦ ᠡᠷᠬᠡ !
 
ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠪᠠᠶᠠᠷᠴᠡᠴᠡᠭ
         ᠬᠢᠨᠠᠭᠴᠢ ᠄  ᠪᠠᠶᠠᠷᠴᠡᠴᠡᠭ
                  20230331