ᠮᠣᠩᠭᠣᠯ ᠨᠤᠲᠤᠭ - ᠴ ᠂ ᠳᠠᠮᠳᠢᠨᠰᠦ᠋ᠷᠦᠩ Монгол нутаг - Ч . Дамдинсүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠤᠲᠤᠭ - ᠴ ᠂ ᠳᠠᠮᠳᠢᠨᠰᠦ᠋ᠷᠦᠩ Монгол нутаг - Ч . Дамдинсүрэн

ᠮᠣᠩᠭᠣᠯ ᠨᠤᠲᠤᠭ - ᠴ ᠂ ᠳᠠᠮᠳᠢᠨᠰᠦ᠋ᠷᠦᠩ Монгол нутаг - Ч . Дамдинсүрэн

2023-04-02

373

ᠮᠣᠩᠭᠣᠯ ᠨᠤᠲᠤᠭ


                 ᠴ ᠂ ᠳᠠᠮᠳᠢᠨᠰᠦ᠋ᠷᠦᠩ  
 
ᠴᠠᠭᠠᠨ ᠴᠠᠰᠤᠨ ᠮᠠᠯᠠᠭᠠᠢ ᠲᠠᠢ  
ᠨᠣᠭᠣᠭᠠᠨ ᠮᠣᠲᠣᠨ ᠬᠦᠷᠮ᠎ᠡ ᠲᠡᠢ  
ᠬᠥᠬᠡ ᠤᠰᠤᠨ ᠬᠣᠷᠮᠣᠢ ᠲᠠᠢ  
ᠪᠠᠶᠠᠨ ᠬᠠᠩᠭᠠᠢ ᠠᠭᠤᠯᠠ ᠮᠢᠨᠢ ᠃  
    ᠮᠠᠰᠢ ᠳᠡᠯᠭᠡᠷ ᠬᠠᠩᠭᠠᠢ ᠮᠢᠨᠢ  
    ᠮᠠᠯ ᠰᠦᠷᠦᠭ ᠶ᠋ᠢᠡᠷ ᠳᠦᠭᠦᠷᠡᠩ 
    ᠮᠠᠯᠴᠢᠨ ᠣᠯᠠᠨ ᠮᠣᠩᠭᠣᠯᠴᠤᠳ
    ᠵᠢᠷᠭᠠᠯ ᠴᠡᠩᠭᠡᠯ ᠶ᠋ᠢᠡᠷ ᠳᠦᠭᠦᠷᠡᠩ ᠃
ᠠᠯᠠᠭ  ᠴᠡᠴᠡᠭ ᠦ᠋ᠨ ᠬᠥᠨᠵᠢᠯᠡ ᠲᠡᠢ
ᠠᠯᠲᠠᠨ ᠡᠷᠲᠡᠨᠢ ᠶ᠋ᠢᠨ ᠬᠡᠪᠡᠯᠢ ᠲᠡᠢ
ᠠᠷᠢᠭᠤᠨ ᠰᠢᠮ᠎ᠡ ᠶ᠋ᠢᠨ ᠬᠥᠷᠥᠰᠥ ᠲᠡᠢ
ᠠᠲᠠᠷ ᠬᠡᠭᠡᠷ᠎ᠡ ᠨᠤᠲᠤᠭ ᠮᠢᠨᠢ ᠃
    ᠤᠷᠤᠭᠰᠢ ᠨᠡᠶ᠋ᠢᠲᠡ ᠪᠡᠷ ᠲᠠᠪᠰᠢᠵᠤ
    ᠤᠯᠤᠰ ᠳᠠᠶᠠᠭᠠᠷ ᠴᠡᠩᠭᠡᠯᠲᠦᠬᠦ  ᠳ᠋ᠤ᠌
    ᠠᠭᠤᠵᠢᠮ ᠲᠠᠯ᠎ᠠ ᠨᠤᠲᠤᠭ ᠮᠢᠨᠢ
    ᠤᠯᠠᠮ ᠲᠡᠨᠢᠭᠡᠷ ᠰᠠᠨᠠᠭᠲᠠᠨ᠎ᠠ ᠃
ᠠᠷᠢᠭᠤᠨ ᠰᠠᠯᠬᠢᠨ ᠪ ᠠᠮᠢᠰᠬᠤᠯ ᠲᠠᠢ 
ᠠᠯᠲᠠᠨ ᠨᠠᠷᠠᠨ ᠪ ᠲᠤᠰᠬᠠᠯ ᠲᠠᠢ
ᠠᠮᠲᠠ ᠲᠡᠭᠦᠯᠲᠡᠷ ᠪᠡᠯᠴᠢᠭᠡᠷ ᠲᠡᠢ
ᠠᠭᠤᠤ ᠳᠡᠯᠭᠡᠷ ᠭᠣᠪᠢ ᠮᠢᠨᠢ ᠃
    ᠮᠠᠨᠲᠤᠭᠰᠠᠨ ᠮᠣᠩᠭᠣᠯ ᠣᠷᠣᠨ ᠪ
    ᠮᠠᠯ ᠰᠦᠷᠦᠭ ᠦ᠋ᠨ ᠣᠯᠠᠰᠢᠷᠠᠬᠤ  ᠳ᠋ᠤ᠌
    ᠮᠠᠨ ᠪ ᠳᠡᠯᠭᠡᠷ ᠭᠣᠪᠢ ᠮᠢᠨᠢ
    ᠮᠠᠰᠢ ᠰᠠᠶ᠋ᠢᠬᠠᠨ  ᠦᠵᠡᠭᠳᠡᠨ᠎ᠡ᠃
ᠪᠠᠲᠠᠷᠠᠬᠤ ᠵᠠᠮ ᠊ᠢ ᠣᠯᠤᠭᠰᠠᠨ
ᠪᠠᠶᠠᠷ ᠦ᠋ᠨ ᠴᠤᠭ ᠊ᠢ ᠮᠠᠨᠲᠤᠭᠤᠯᠤᠭᠰᠠᠨ
ᠪᠠᠭᠠᠲᠤᠷ ᠳᠠᠶ᠋ᠢᠴᠢᠨ ᠵᠣᠷᠢᠬ ᠲᠠᠢ
ᠪᠠᠶᠠᠨ ᠮᠣᠩᠭᠣᠯ ᠵᠢᠷᠭᠠᠯ ᠲᠠᠢ
    ᠣᠷᠣᠰ ᠮᠣᠩᠭᠣᠯ ᠨᠠᠶ᠋ᠢᠷᠠᠮᠲᠠᠵᠤ
    ᠣᠯᠠᠨ ᠳᠠᠶᠠᠭᠠᠷ ᠪᠠᠶᠠᠰᠬᠤ  ᠳ᠋ᠤ᠌
    ᠣᠷᠣᠨ ᠨᠤᠲᠤᠭ ᠦ᠋ᠨ ᠦᠵᠡᠰᠬᠦᠯᠡᠩ
    ᠣᠨᠴᠠ ᠰᠠᠶ᠋ᠢᠬᠠᠨ ᠶ᠋ᠢᠠᠷ ᠲᠣᠲᠣᠷᠠᠨ᠎ᠠ ᠃

       ᠦᠰᠦᠭ ᠠᠮᠢᠯᠠᠭᠤᠯᠤᠭᠴᠢ ᠄    ᠮᠢᠩᠭᠠᠳ ᠂  ᠴᠢᠮᠡᠭ
            ᠬᠢᠨᠠᠭᠴᠢ  ᠄   ᠬᠠᠳᠠᠴᠢ · ᠤᠷᠠᠨ᠎ᠠ