ᠦᠯᠵᠡᠢᠵᠢᠷᠭᠠᠯ — ᠰᠢᠨᠡᠯᠡᠮ᠎ᠡ ᠬᠣᠣᠷᠯᠠᠭᠳᠠᠭᠰᠠᠨ ᠨᠢ - ᠲᠡᠦᠬᠡ ᠲᠡᠮᠳᠡᠭᠯᠡᠯӨлзийжаргал — шанаалам хорлогдсон нь-түүх тэмдэглэл

ᠦᠯᠵᠡᠢᠵᠢᠷᠭᠠᠯ — ᠰᠢᠨᠡᠯᠡᠮ᠎ᠡ ᠬᠣᠣᠷᠯᠠᠭᠳᠠᠭᠰᠠᠨ ᠨᠢ
ᠬᠣᠶᠠᠳᠤᠭᠠᠷ ᠪᠦᠯᠦᠭ
ᠲᠡᠦᠬᠡ ᠲᠡᠮᠳᠡᠭᠯᠡᠯ
ᠭᠠᠷᠠᠬᠲᠠᠨ ᠪᠦᠷᠢᠨᠵᠢᠷᠭᠠᠯ ᠤᠷᠢᠳ ᠬᠣᠵᠢᠳ ᠨᠤᠲᠤᠭ ᠣᠷᠣᠨ ᠤ᠋ ᠰᠣᠶᠣᠯ ᠲᠡᠦᠬᠡ ᠶ᠋ᠢᠨ ᠪᠢᠴᠢᠭ ᠮᠠᠲ᠋ᠧᠷᠢᠶᠠᠯ ᠊ᠢ ᠡᠮᠬᠢᠳᠬᠡᠨ ᠨᠠᠶ᠋ᠢᠷᠠᠭᠤᠯᠬᠤ ᠤᠶ᠋ᠢᠯᠠ ᠳ᠋ᠤ᠌ ᠣᠯᠠᠨ ᠤᠳᠠᠭ᠎ᠠ ᠣᠷᠣᠯᠴᠠᠵᠢ ᠃ ᠡᠨᠳᠡ ᠰᠡᠭᠦᠯᠴᠢ ᠶ᠋ᠢᠨ ᠦᠶ᠎ᠡ ᠳ᠋ᠦ᠍ ᠪᠢᠴᠢᠭᠰᠡᠨ ᠪᠤᠶᠤ ᠲᠡᠭᠦᠨ ᠦ᠌ ᠪᠤᠰᠤᠳ ᠨᠣᠮ ᠲᠣᠪᠬᠢᠮᠠᠯ ᠳ᠋ᠤᠨᠢ ᠣᠷᠣᠭᠰᠠᠨ ᠦᠭᠡᠢ ᠡᠬᠡ ᠪᠢᠴᠢᠭ ᠊ᠢ ᠨᠢ ᠰᠣᠩᠭᠣᠨ ᠤᠩᠰᠢᠭᠴᠢ ᠳ᠋ᠤ᠌ ᠬᠦᠷᠭᠡᠬᠦ ᠶ᠋ᠢ ᠵᠣᠷᠢᠯ᠎ᠠ ᠃
— ᠨᠠᠶ᠋ᠢᠷᠠᠭᠤᠯᠤᠭᠴᠢ ᠠ᠋ᠴᠠ
ᠦᠯᠵᠡᠶ᠋ᠢᠵᠢᠷᠭᠠᠯ — ᠰᠢᠨᠡᠯᠡᠮ᠎ᠡ ᠶ᠋ᠢᠨ ᠬᠣᠣᠷᠯᠠᠭᠳᠠᠬᠤ ᠦᠶ᠎ᠡ ᠶ᠋ᠢᠨ ᠦᠨᠡᠨ ᠬᠡᠷᠡᠭ ᠤᠴᠢᠷ ᠦ᠋ᠳ ( ᠰᠢᠨᠠᠯᠠᠮ᠎ᠠ ᠶ᠋ᠢᠨ ᠬᠣᠣᠷᠯᠠᠭᠳᠠᠭᠰᠠᠨ80 ᠵᠢᠯ ᠳ᠋ᠦ᠍ )
ᠥᠨᠥ ᠵᠢᠯ ᠪᠣᠯ ᠮᠣᠩᠭᠣᠯ ᠦᠨᠳᠦᠰᠦᠲᠡᠨ ᠦ᠌ ᠰᠢᠨ᠎ᠡ ᠠᠷᠠᠳᠴᠢᠯᠠᠭᠰᠠᠨ ᠬᠤᠪᠢᠰᠬᠠᠯᠴᠢ ᠂ ᠶᠡᠬᠡ ᠵᠣᠣ ᠶ᠋ᠢᠨ ᠴᠢᠭᠤᠯᠭᠠᠨ ᠪᠠ ᠦᠦᠰᠢᠨ ᠬᠤᠰᠢᠭᠤᠨ ᠤ᠋ ᠠᠷᠠᠳ ᠤ᠋ᠨ ᠳᠤᠭᠤᠶ᠋ᠢᠯᠠᠩ ᠤ᠋ᠨ ᠬᠥᠳᠡᠯᠭᠡᠭᠡᠨ ᠦ᠌ ᠰᠢᠯᠭᠠᠷᠠᠭᠰᠠᠨ ᠤᠳᠤᠷᠢᠳᠤᠭᠴᠢ ᠪᠠ ᠭᠠᠷᠮᠠᠭᠠᠢ ᠵᠢᠯᠣᠭᠣᠳᠤᠭᠴᠢ ᠦᠯᠵᠡᠶ᠋ᠢᠵᠢᠷᠭᠠᠯ — ᠰᠢᠨᠠᠯᠠᠮ᠎ᠠ ᠶ᠋ᠢᠨ ᠮᠠᠨᠳᠤᠯᠠᠭᠰᠠᠨ143 ᠵᠢᠯ ᠦ᠋ᠨ ᠣᠢ ᠪᠣᠯᠬᠤ ᠮᠥᠷᠲᠡᠭᠡᠨ ᠲᠡᠭᠦᠨ ᠦ᠌ ᠬᠣᠣᠷᠯᠠᠭᠳᠠᠭᠰᠠᠨ80 ᠵᠢᠯ ᠦ᠋ᠨ ᠣᠢ ᠪᠣᠯᠬᠤ ᠶᠤᠮ ᠃ ᠲᠡᠭᠦᠨ ᠦ᠌ ᠤᠳᠤᠷᠢᠳᠤᠭᠰᠠᠨ ᠰᠢᠨ᠎ᠡ ᠠᠷᠠᠳᠴᠢᠯᠠᠭᠰᠠᠨ ᠬᠤᠪᠢᠰᠬᠠᠯᠳᠤ ᠲᠡᠮᠡᠴᠡᠯ ᠨᠢ ᠥᠪᠥᠷ ᠮᠤᠩᠭ᠋ᠤᠯ ᠤ᠋ᠨ ᠬᠤᠪᠢᠰᠬᠠᠯᠳᠤ ᠲᠡᠮᠡᠴᠡᠯ ᠦ᠋ᠨ ᠲᠡᠦᠬᠡᠨ ᠳᠡᠭᠡᠷ᠎ᠡ ᠪᠣᠯᠤᠨ ᠳᠤᠮᠳᠠᠳᠤ ᠤᠯᠤᠰ ᠤ᠋ᠨ ᠣᠷᠴᠢᠨ ᠦᠶ᠎ᠡ ᠶ᠋ᠢᠨ ᠲᠡᠦᠬᠡᠨ ᠳᠡᠭᠡᠷ᠎ᠡ ᠭᠢᠯᠠᠯᠵᠠᠭᠰᠠᠨ ᠨᠢᠭᠡᠨ ᠬᠠᠭᠤᠳᠠᠰᠤ ᠶ᠋ᠢ ᠪᠢᠴᠢᠵᠦ ᠦᠯᠡᠳᠡᠭᠡᠭᠰᠡᠨ ᠶᠦ᠍ᠮ ᠃ ᠡᠨᠳᠡ ᠥᠯᠵᠡᠶ᠋ᠢᠵᠢᠷᠭᠠᠯ — ᠰᠢᠨᠡᠯᠡᠮ᠎ᠡ ᠶ᠋ᠢᠨ ᠬᠣᠣᠷᠯᠠᠭᠳᠠᠬᠤ ᠦᠶ᠎ᠡ ᠶ᠋ᠢᠨ ᠡᠮᠦᠨ᠎ᠡ ᠬᠣᠶ᠋ᠢᠨᠠᠬᠢ ᠲᠡᠦᠬᠡᠨ ᠦᠨᠡᠨ ᠤᠴᠢᠷ ᠊ᠢ ᠳᠡᠯᠭᠡᠨ ᠲᠡᠮᠳᠡᠭᠯᠡᠶ᠎ᠡ ᠃
1928 ᠣᠨ ᠪᠣᠯ ᠰᠢᠨᠡᠯᠡᠮ᠎ᠡ ᠶ᠋ᠢᠨ ᠴᠡᠷᠢᠭ ᠨᠢ ᠲᠡᠮᠡᠭᠡᠲᠦ ᠶ᠋ᠢᠨ ᠵᠢᠩ ᠶᠦᠸᠧ ᠰᠢᠦ ᠶ᠋ᠢᠨ ᠴᠡᠷᠢᠭ ᠂ ᠵᠠᠰᠠᠭ ᠬᠤᠰᠢᠭᠤᠨ ᠤ᠋ ᠴᠡᠷᠢᠭ ᠂ ᠬᠠᠩᠭᠢᠨ ᠬᠤᠰᠢᠭᠤᠨ ᠤ᠋ ᠴᠡᠷᠢᠭ ᠂ ᠬᠠᠷᠠᠴᠢᠨ ᠴᠡᠷᠢᠭ ᠲᠡᠢ ᠤᠳᠠᠭ᠎ᠠ ᠳᠠᠷᠠᠭ᠎ᠠ ᠪᠠᠷ ᠪᠠᠶ᠋ᠢᠯᠲᠤᠨ ᠲᠡᠮᠡᠴᠡᠵᠦ ᠢᠯᠠᠯᠲᠠ ᠣᠯᠤᠭᠰᠠᠨ ᠨᠢᠭᠡᠨ ᠵᠢᠯ ᠪᠣᠯᠤᠨ᠎ᠠ ᠃
ᠲᠤᠰ ᠵᠢᠯ ᠦ᠋ᠨ ᠥᠭᠡᠯᠵᠢᠨ ᠰᠠᠷ᠎ᠠ ᠶ᠋ᠢᠨ ᠬᠣᠷᠢᠨ ᠳᠣᠯᠣᠭᠠᠨ ᠤ᠋ ᠦᠶ᠎ᠡ ᠪᠣᠯᠬᠤ ᠳ᠋ᠤ᠌ ᠰᠢᠨᠠᠯᠠᠮ᠎ᠠ ᠬᠣᠷᠢᠶᠠᠨ ᠳᠠᠷᠤᠭ᠎ᠠ ᠥᠪᠥᠷ ᠮᠤᠩᠭ᠋ᠤᠯ ᠤ᠋ᠨ ᠬᠤᠪᠢᠰᠬᠠᠯᠲᠤ ᠨᠠᠮ ᠤ᠋ᠨ ᠠᠷᠪᠠᠨ ᠬᠣᠶᠠᠳᠤᠭᠠᠷ ᠬᠣᠷᠢᠶᠠᠨ ᠤ᠋ ᠳᠠᠷᠤᠭ᠎ᠠ ᠪᠠᠶ᠋ᠢᠯᠲᠤᠭᠴᠢᠳ ᠲᠠᠭᠠᠨ ᠬᠡᠳᠦᠨ ᠡᠳᠦᠷ ᠦ᠋ᠨ ᠴᠢᠯᠥᠭᠡ ᠲᠠᠯᠪᠢᠵᠤ ᠭᠡᠷ ᠭᠡᠷ ᠲᠦ᠍ ᠨᠢ ᠬᠠᠷᠢᠭᠤᠯᠵᠤ ᠰᠢᠨᠡᠯᠡᠭᠦᠯᠬᠦ ᠪᠠ ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠴᠤᠭᠯᠠᠷᠠᠬᠤ ᠪᠠᠷ ᠲᠣᠭᠲᠠᠭᠠᠨ ᠵᠠᠷᠯᠠᠪᠠ ᠃
1928 ᠣᠨ ᠤ᠋ ᠡᠪᠦᠯ ᠲᠡᠭᠦᠰᠠᠠᠮᠤᠭᠤᠯᠠᠩ ᠨᠣᠶᠠᠨ ᠠ᠋ᠴᠠ ᠰᠢᠨᠠᠯᠠᠮ᠎ᠠ ᠶ᠋ᠢᠨ ᠴᠡᠷᠢᠭ ᠦ᠋ᠨ ᠰᠠᠯᠠᠭᠠᠨ ᠳᠠᠷᠤᠭ᠎ᠠ ᠪᠣᠯᠬᠤ ᠪᠦᠷᠢᠨᠵᠢᠷᠭᠠᠯ ᠂ ᠠᠷᠪᠠᠨ ᠤ᠋ ᠳᠠᠷᠤᠭ᠎ᠠ ᠪᠣᠯᠬᠤ ᠲᠡᠮᠦᠷ ᠨᠠᠷ ᠲᠤ᠌ ᠨᠢᠭᠤᠴᠠ ᠪᠢᠴᠢᠭ ᠢᠯᠡᠭᠡᠵᠦ ᠂ 《 ᠬᠡᠷᠪᠡ ᠰᠢᠨᠠᠯᠠᠮ᠎ᠠ ᠶ᠋ᠢ ᠠᠮᠢᠳᠤ ᠪᠠᠷ ᠪᠠᠷᠢᠪᠴᠢᠯᠠᠵᠤ ᠠᠪᠴᠢᠷᠠᠪᠠᠯ ᠨᠢᠭᠡ ᠲᠦᠮᠡᠨ ᠴᠠᠭᠠᠨ ᠲᠥᠭᠥᠷᠢᠭ ᠱᠠᠩᠨᠠᠵᠤ ᠂ ᠠᠯᠠᠭᠠᠳ ᠲᠣᠯᠣᠭᠠᠢ ᠶ᠋ᠢ ᠨᠢ ᠠᠪᠴᠢᠷᠠᠭᠰᠠᠳ ᠲᠤ᠌ ᠨᠢᠭᠡ ᠮᠢᠩᠭᠠᠨ ᠴᠠᠭᠠᠨ ᠲᠥᠭᠥᠷᠢᠭ ᠱᠠᠩᠨᠠᠬᠤ ᠪᠥᠭᠡᠳ ᠪᠠᠰᠠ ᠬᠣᠰᠢᠭᠤ ᠴᠡᠷᠢᠭ ᠦ᠋ᠨ ᠲᠣᠮᠢ ᠪᠣᠯᠭᠠᠨ᠎ᠠ 》 ᠭᠡᠵᠡᠢ ᠃
ᠰᠢᠷᠠᠭᠴᠢᠨ ᠮᠣᠭᠠᠢ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠊ᠢ ᠰᠢᠨᠡᠯᠡᠮ᠎ᠡ ᠭᠤᠷᠪᠠᠳᠤᠭᠠᠷ ᠰᠤᠮᠤᠨ ᠤ᠋ ᠬᠡᠰᠡᠭ ᠪᠠᠶ᠋ᠢᠯᠲᠤᠭᠴᠢᠳ ᠲᠠᠢ ᠪᠠᠨ ᠬᠠᠮᠲᠤ ᠪᠠᠶᠠᠨᠭᠤᠤᠯ ᠤ᠋ᠨ ᠳᠣᠩᠷᠣᠪ ᠤ᠋ᠨ ᠭᠡᠷ ᠲᠦ᠍ ᠥᠩᠭᠡᠷᠡᠭᠦᠯᠪᠡ ᠃ ᠪᠦᠷᠢᠨᠵᠢᠷᠭᠠᠯ ᠰᠢᠨ᠎ᠡ ᠶ᠋ᠢᠨ ᠨᠢᠭᠡᠨ ᠦ᠌ ᠦᠳᠡᠰᠢ ᠰᠢᠨᠡᠯᠡᠮ᠎ᠡ ᠶ᠋ᠢ ᠬᠣᠣᠷᠯᠠᠬᠤ ᠭᠡᠰᠡᠨ ᠪᠣᠯᠪᠠᠴᠤ ᠰᠢᠨᠡᠯᠡᠮ᠎ᠡ ᠪᠣᠯᠤᠨ ᠬᠤᠪᠢᠰᠬᠠᠯᠳᠤ ᠴᠡᠷᠢᠭ ᠲᠦ᠍ ᠰᠢᠨ᠎ᠡ ᠪᠠᠷᠢᠬᠤ ᠪᠠᠷ ᠬᠥᠮᠦᠰ ᠲᠠᠰᠤᠷᠠᠯᠲᠠ ᠦᠭᠡᠢ ᠢᠷᠡᠵᠦ ᠪᠠᠶ᠋ᠢᠬᠰᠠᠨ ᠲᠤᠯᠠ ᠭᠠᠷ ᠬᠥᠳᠡᠯᠵᠦ ᠴᠢᠳᠠᠭᠰᠠᠨ ᠦᠭᠡᠢ ᠃ ᠳᠠᠷᠠᠭ᠎ᠠ ᠡᠳᠦᠷ ᠨᠢ ᠰᠢᠨ᠎ᠡ ᠶ᠋ᠢᠨ ᠬᠣᠶᠠᠷ ᠤ᠋ᠨ ( ᠠᠷᠭ᠎ᠠ ᠶ᠋ᠢᠨ1929 ᠣᠨ ᠤ᠋2 ᠰᠠᠷ᠎ᠠ ᠶ᠋ᠢᠨ11 ᠦ᠌ ) ᠦᠳᠡᠰᠢ ᠪᠦᠷᠢᠨᠵᠢᠷᠭᠠᠯ ᠂ ᠡᠷᠬᠡᠮᠲᠠᠯᠡᠢ ᠂ ᡀᠸᠩᠨᠤᠷᠪᠤ ᠵᠡᠷᠭᠡ ᠭᠤᠷᠪᠠᠨ ᠬᠥᠮᠦᠨ ᠊ᠢ ᠳᠠᠭᠤᠳᠠᠵᠤ ᠠᠪᠴᠢᠷᠠᠭᠠᠳ ᠡᠷᠬᠡᠮᠲᠠᠯᠡᠢ ᠳ᠋ᠦ᠍ ᠨᠢᠭᠡ ᠫᠤᠤ ᠥᠭᠴᠦ ᠂ ᡀᠸᠩᠨᠤᠷᠪᠤ ᠂ ᠪᠠᠲᠤᠲᠠᠯᠡᠢ ᠨᠠᠷ ᠲᠤ᠌ ᠨᠢᠭᠡ ᠰᠦᠬᠡ ᠥᠭᠭᠦᠭᠡᠳ 《 ᠤᠷᠢᠳ ᠢ᠋ᠶ᠋ᠠᠷ ᠡᠷᠬᠡᠮᠲᠠᠯᠡᠢ ᠫᠤᠤᠳᠠ ᠂ ᠬᠡᠷᠪᠡ ᠫᠤᠤᠳᠠᠭᠠᠳ ᠦᠬᠦᠬᠦ ᠦᠭᠡᠢ ᠪᠣᠯ ᡀᠸᠩᠨᠤᠷᠪᠤ ᠂ ᠪᠠᠲᠤᠲᠠᠯᠡᠢ ᠨᠠᠷ ᠴᠠᠪᠴᠢ ! 》 ᠭᠡᠵᠦ ᠲᠤᠰᠢᠶᠠᠵᠢ ᠃ ᠲᠡᠭᠡᠭᠡᠳ ᠬᠡᠷᠪᠡ ᠰᠢᠨᠠᠯᠠᠮ᠎ᠠ ᠶ᠋ᠢ ᠠᠯᠠᠴᠢᠬᠠᠪᠠᠯ ᠲᠡᠭᠦᠨ ᠳ᠋ᠦ᠍ ᠭᠠᠷ ᠫᠤᠤ ᠪᠠ ᠮᠣᠷᠢ ᠥᠭᠭᠦᠶ᠎ᠡ ᠭᠡᠵᠡᠢ ᠃
ᠲᠡᠷᠡ ᠰᠥᠨᠢ ᠰᠢᠨᠡᠯᠡᠮ᠎ᠡ ᠮᠥᠨ ᠳᠣᠩᠷᠣᠪ ᠤ᠋ᠨ ᠭᠡᠷ ᠲᠦ᠍ ᠬᠣᠨᠣᠭᠰᠠᠨ ᠪᠥᠭᠡᠳ ᠶᠡᠬᠡ ᠭᠡᠷ ᠦ᠋ᠨ ᠬᠠᠨᠵᠤᠨ ᠬᠣᠭᠣᠯᠠᠢ ᠪᠠᠷ ᠰᠢᠨᠡᠯᠡᠮ᠎ᠡ ᠂ ᠳᠤᠮᠳᠠᠭᠤᠷ ᠨᠢ ᠪᠢᠴᠢᠭᠡᠴᠢ ᠨᠡᠶ᠋ᠢᠷᠠᠯᠲᠤ ᠂ ᠴᠣᠩᠬᠣᠨ ᠢᠷᠣᠭᠠᠷ ᠢ᠋ᠶ᠋ᠠᠷ ᠳᠡᠳ᠋ ᠬᠣᠷᠢᠶᠠᠨ ᠳᠠᠷᠤᠭ᠎ᠠ ᠮᠥᠩᠬᠡᠡᠥᠢ᠍ᠯᠵᠡᠢ ᠤᠨᠲᠠᠵᠠᠢ ᠃ ᠲᠡᠷᠡ ᠰᠥᠨᠢ ᠶ᠋ᠢᠨ ᠮᠠᠨᠠᠭ᠎ᠠ ᠶ᠋ᠢ ᠳᠠᠭᠠᠭᠠᠴᠢᠯᠠᠭᠰᠠᠨ ᠰᠠᠯᠠᠭᠠᠨ ᠳᠠᠷᠤᠭ᠎ᠠ ᠨᠢ ᠪᠦᠷᠢᠨᠵᠢᠷᠭᠠᠯ ᠂ ᠶᠡᠬᠡ ᠭᠡᠷ ᠦ᠋ᠨ ᠮᠠᠨᠠᠭᠠᠴᠢ ᠨᠢ ᠡᠷᠬᠡᠮᠲᠠᠯᠡᠢ ᠪᠣᠯᠤᠨ᠎ᠠ ᠃ ᠲᠡᠷᠡᠴᠢᠯᠡᠨ ᠰᠢᠨᠡᠯᠡᠮ᠎ᠡ ᠶ᠋ᠢᠨ ᠬᠣᠨᠣᠭᠰᠠᠨ ᠶᠡᠬᠡ ᠭᠡᠷ ᠲᠦ᠍ ᠰᠥᠨᠢᠵᠢᠨ ᠳ᠋ᠧᠩ ᠰᠢᠲᠠᠭᠠᠵᠤ ᠂ ᠴᠡᠷᠢᠭ ᠲᠦ᠍ ᠬᠡᠷᠡᠭᠯᠡᠬᠦ ᠳᠠᠪᠬᠤᠷ ᠰᠡᠷᠢᠭᠦᠯᠭᠡᠲᠦ ᠴᠠᠭ ᠊ᠢ ᠶᠡᠬᠡ ᠭᠡᠷ ᠦ᠋ᠨ ᠬᠠᠨᠠᠨ ᠠ᠋ᠴᠠ ᠡᠯᠭᠦᠵᠦ ᠮᠠᠨᠠᠭᠠᠴᠢᠨ ᠳ᠋ᠤ᠌ ᠳᠥᠭᠥᠮ ᠦᠵᠡᠭᠦᠯᠵᠦ ᠪᠠᠶ᠋ᠢᠵᠠᠢ ᠃ ᠰᠥᠨᠢ ᠶ᠋ᠢᠨ ᠬᠠᠭᠠᠰ ᠥᠩᠭᠡᠷᠡᠭᠰᠡᠨ ᠦ᠌ ᠳᠠᠷᠠᠭ᠎ᠠ ᠵᠢᠵᠢᠭᠦᠷ ᠳᠠᠷᠤᠭ᠎ᠠ ᠪᠦᠷᠢᠨᠵᠢᠷᠭᠠᠯ ᠣᠷᠣᠵᠤ ᠢᠷᠡᠭᠡᠳ ᠴᠠᠭ ᠦᠵᠡᠬᠦ ᠪᠠᠶ᠋ᠢᠲᠠᠯ ᠭᠠᠷᠭᠠᠵᠤ ᠪᠠᠶ᠋ᠢᠲᠠᠯ᠎ᠠ ᠭᠠᠳᠠᠨ᠎ᠠ ᠪᠠᠶ᠋ᠢᠬᠰᠠᠨ ᠡᠷᠬᠡᠮᠲᠠᠯᠡᠢ ᠣᠷᠣᠵᠤ ᠢᠷᠡᠭᠡᠳ ᠪᠦᠷᠢᠨᠵᠢᠷᠭᠠᠯ ᠊ᠢ ᠲᠠᠰᠢᠶᠠᠯᠠᠨ ᠵᠣᠭᠰᠣᠵᠤ ᠂ ᠰᠢᠨᠡᠯᠡᠮ᠎ᠡ ᠶ᠋ᠢᠨ ᠲᠣᠯᠣᠭᠠᠢ ᠤᠷᠤᠭᠤ ᠨᠢᠭᠡ ᠫᠤᠤᠳᠠᠭᠠᠳ ᠮᠥᠨ ᠳ᠋ᠧᠩ ᠊ᠢ ᠨᠢ ᠤᠨᠲᠠᠷᠠᠭᠠᠨ ᠭᠠᠷᠴᠤ ᠶᠠᠪᠤᠵᠠᠢ ᠃ ᠮᠥᠩᠬᠡᠡᠥᠢ᠍ᠯᠵᠡᠢ ᠂ ᠨᠠᠶ᠋ᠢᠷᠠᠯᠲᠤ ᠨᠠᠷ ᠫᠤᠤ ᠶ᠋ᠢᠨ ᠳᠠᠭᠤᠨ ᠢ᠋ᠶ᠋ᠠᠷ ᠰᠣᠴᠢᠨ ᠰᠡᠷᠢᠵᠦ ᠳ᠋ᠧᠩ ᠠᠰᠠᠭᠠᠵᠤ ᠦᠵᠡᠪᠡᠯ ᠰᠢᠨᠡᠯᠡᠮ᠎ᠡ ᠫᠤᠤ ᠶ᠋ᠢᠨ ᠰᠤᠮᠤᠨ ᠳ᠋ᠤ᠌ ᠣᠨᠣᠭᠳᠠᠵᠤ ᠨᠢᠭᠡᠨᠲᠡᠢ ᠨᠠᠰᠤ ᠪᠠᠷᠠᠭᠠᠳ ᠤᠯᠠᠭᠠᠨ ᠴᠢᠰᠤ ᠬᠠᠨᠵᠤ ᠤᠷᠤᠭᠤ ᠤᠷᠤᠰᠴᠤ ᠪᠠᠶ᠋ᠢᠪᠠ ᠃ ᠢᠩᠭᠢᠭᠡᠳ ᠣᠷᠳᠣᠰ ᠤ᠋ᠨ ᠠᠷᠠᠳ ᠲᠦᠮᠡᠨ ᠦ᠌ ᠡᠷᠡᠯᠬᠡᠭ ᠰᠢᠳᠤᠷᠭᠤ ᠬᠥᠪᠡᠭᠦᠨ ᠂ ᠦᠭᠡᠶ᠋ᠢᠭᠦᠦ ᠠᠩᠭᠢ ᠶ᠋ᠢᠨ ᠬᠤᠪᠢᠰᠬᠠᠯᠴᠢ ᠪᠠᠶ᠋ᠢᠯᠲᠤᠭᠴᠢ ᠂ ᠦᠨᠳᠦᠰᠦᠲᠡᠨ ᠦ᠌ ᠠᠷᠠᠳᠴᠢᠯᠠᠭᠰᠠᠨ ᠬᠤᠪᠢᠰᠬᠠᠯᠴᠢ ᠰᠢᠨᠡᠯᠡᠮ᠎ᠡ ᠬᠣᠣᠷᠯᠠᠭᠳᠠᠨ ᠨᠠᠰᠤ ᠪᠠᠷᠠᠪᠠ ᠃ ᠲᠤᠰ ᠵᠢᠯ ᠵᠢᠷᠠᠨ ᠳᠥᠷᠪᠡᠨ ᠨᠠᠰᠤᠲᠠᠢ ᠪᠥᠯᠥᠭᠡ ᠃ ᠡᠨᠡ ᠬᠦ ᠬᠣᠣᠷᠯᠠᠯ ᠤ᠋ᠨ ᠤᠪ ᠶᠠᠪᠤᠭᠤᠯᠭ᠎ᠠ ᠶ᠋ᠢ ᠮᠥᠩᠬᠡᠡᠥᠢ᠍ᠯᠵᠡᠢ ᠤᠬᠠᠭᠠᠯᠠᠵᠤ ᠬᠢᠭᠰᠡᠨ ᠭᠡᠳᠡᠭ ᠃ ᠤᠴᠢᠷ ᠨᠢ ᠲᠠᠪᠴᠠᠭ ᠲᠤ᠌ ᠨᠤᠲᠤᠭ ᠲᠠᠢ ᠭᠤᠷᠪᠠᠳᠤᠭᠠᠷ ᠰᠤᠮᠤᠨ ᠤ᠋ ᠰᠠᠯᠠᠭᠠᠨ ᠳᠠᠷᠤᠭ᠎ᠠ ᠪᠦᠷᠢᠨᠵᠢᠷᠭᠠᠯ1928 ᠣᠨ ᠤ᠋ ᠪᠢᠯᠢᠭ ᠦ᠋ᠨ ᠥᠭᠡᠯᠵᠢᠨ ᠰᠠᠷ᠎ᠠ ᠶ᠋ᠢᠨ26 ᠳ᠋ᠤ᠌ ᠨᠢᠭᠡᠨᠲᠡ ᠴᠢᠯᠥᠭᠡ ᠠᠪᠴᠤ ᠭᠡᠷ ᠲᠦ᠍ ᠪᠡᠨ ᠬᠠᠷᠢᠵᠤ ᠢᠷᠡᠭᠡᠳ ᠰᠢᠨᠡᠯᠡᠬᠦ ᠪᠡᠯᠡᠳᠬᠡᠯ ᠬᠢᠵᠦ ᠪᠠᠶ᠋ᠢᠲᠠᠯ᠎ᠠ ᠬᠣᠷᠢᠨ ᠳᠣᠯᠣᠭᠠᠨ ᠤ᠋ ᠡᠳᠦᠷ ᠭᠡᠨᠡᠳᠲᠡ ᠨᠢᠭᠡ ᠴᠡᠷᠢᠭ ᠢᠷᠡᠵᠦ ᠄ 《 ᠴᠢᠬᠤᠯᠠ ᠤᠴᠢᠷ ᠲᠠᠢ ᠪᠠᠶ᠋ᠢᠨ᠎ᠠ 》 ᠭᠡᠮᠡᠨ ᠳᠠᠭᠤᠳᠠᠵᠠᠢ ᠃ ᠪᠦᠷᠢᠨᠵᠢᠷᠭᠠᠯ ᠄ 《 ᠥᠴᠥᠭᠡᠳᠦᠷᠬᠡᠨ ᠪᠢ ᠴᠢᠯᠥᠭᠡ ᠠᠪᠤᠭᠠᠳ ᠬᠠᠷᠢᠵᠤ ᠢᠷᠡᠭᠰᠡᠨ ᠪᠠᠶ᠋ᠢᠲᠠᠯ᠎ᠠ ᠡᠨᠡ ᠡᠳᠦᠷ ᠶᠠᠭᠠᠬᠢᠭᠠᠳ ᠨᠠᠮᠠᠢ᠍ᠢ ᠳᠠᠭᠤᠳᠠᠬᠤ ᠪᠣᠢ 》 ᠭᠡᠵᠦ ᠲᠠᠲᠠᠭᠠᠯᠵᠠᠭᠰᠠᠭᠠᠷ ᠠᠷᠭ᠎ᠠ ᠦᠭᠡᠢ ᠳᠠᠭᠤᠳᠠᠬᠤ ᠪᠠᠷ ᠣᠴᠢᠭᠰᠠᠨ ᠴᠡᠷᠢᠭ ᠊ᠢ ᠳᠠᠭᠠᠵᠤ ᠴᠡᠷᠢᠭ ᠳᠡᠭᠡᠷ᠎ᠡ ᠪᠡᠨ ᠪᠤᠴᠠᠬᠤᠯᠠᠷ ᠮᠥᠩᠬᠡᠡᠥᠢ᠍ᠯᠵᠡᠢ ᠶᠡᠬᠡ ᠳᠣᠲᠣᠨᠣᠰᠣᠭ ᠪᠠᠶ᠋ᠢᠲᠠᠯ ᠭᠠᠷᠭᠠᠵᠤ ᠂ ᠲᠡᠭᠦᠨ ᠳ᠋ᠦ᠍ ᠰᠢᠨᠠᠯᠠᠮ᠎ᠠ ᠶ᠋ᠢᠨ ᠨᠠᠷᠢᠨ ᠨᠢᠭᠤᠴᠠ ᠠᠷᠭ᠎ᠠ ᠶ᠋ᠢ ᠱᠠᠨᠵᠡᠮᠢᠲᠣᠪ ᠢ᠋ᠶ᠋ᠠᠷ ᠵᠢᠱ᠌ᠢᠶ᠎ᠡ ᠲᠠᠲᠠᠵᠤ ᠬᠡᠯᠡᠭᠡᠳ ᠄ 《 ᠰᠢᠨᠡᠯᠡᠮ᠎ᠡ ᠨᠠᠳᠠ ᠳ᠋ᠤ᠌ ᠰᠣᠨᠢᠨ ᠪᠢᠰᠢ ᠂ ᠴᠢᠮᠠᠶ᠋ᠢ ᠴᠡᠷᠢᠭ ᠳᠡᠭᠡᠷ᠎ᠡ ᠡᠷᠬᠡ ᠣᠨᠴᠠᠭᠠᠶ᠋ᠢᠷᠠᠪᠠ ᠭᠡᠵᠦ ᠪᠣᠢ ᠂ ᠬᠡᠷᠡᠭ ᠶᠠᠪᠤᠳᠠᠯ ᠣᠳᠣ ᠴᠢᠮ᠎ᠠ ᠳ᠋ᠤ᠌ ᠲᠤᠯᠤᠭᠰᠠᠨ ᠤᠴᠢᠷ ᠂ ᠴᠢ ᠥᠪᠡᠷ ᠢ᠋ᠶ᠋ᠡᠨ ᠶᠠᠮᠠᠷ ᠠᠷᠭ᠎ᠠ ᠡᠷᠢᠬᠦ ᠶ᠋ᠢ ᠪᠣᠳᠣᠵᠤ ᠦᠵᠡ ᠂ ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠤ᠋ ᠳᠡᠯᠭᠡᠷ ᠬᠤᠷᠠᠬᠤ ᠶ᠋ᠢᠨ ᠣᠪᠣᠭ᠎ᠠ ᠶ᠋ᠢ ᠲᠠᠬᠢᠬᠤ ᠳᠠᠬᠢᠯᠠᠭ᠎ᠠ ᠳᠡᠭᠡᠷ᠎ᠡ ᠴᠡᠷᠢᠭ ᠦ᠋ᠨ ᠰᠣᠷᠢᠯᠲᠠ ᠬᠢᠬᠦ ᠪᠡᠷ ᠬᠤᠷᠠᠯᠳᠤᠵᠤ ᠲᠣᠭᠲᠠᠭᠰᠠᠨ ᠶᠤᠮ ᠂ ᠴᠢᠮᠡᠢ᠍ᠢ ᠴᠡᠷᠢᠭ ᠦ᠋ᠨ ᠰᠣᠷᠢᠯᠲᠠ ᠬᠢᠬᠦ ᠶ᠋ᠢᠨ ᠳᠤᠮᠳᠠ ᠫᠤᠤ ᠠᠯᠳᠠᠵᠤ ᠳᠣᠬᠢᠨᠠᠭᠤᠯᠤᠨᠡ ᠃ ᠡᠨᠡ ᠪᠣᠯ ᠲᠡᠭᠦᠨ ᠦ᠌ ᠨᠠᠷᠢᠨ ᠠᠷᠭ᠎ᠠ ᠪᠣᠯᠤᠨ᠎ᠠ 》 ᠭᠡᠵᠦ ᠬᠡᠯᠡᠭᠰᠡᠨ ᠭᠡᠨ᠎ᠡ ᠃ ᠪᠦᠷᠢᠨᠵᠢᠷᠭᠠᠯ ᠬᠠᠭᠠᠰ ᠢᠲᠡᠭᠡᠵᠦ ᠬᠠᠭᠠᠰ ᠢᠲᠡᠭᠡᠬᠦ ᠦᠭᠡᠢ ᠪᠤᠰᠤᠳ ᠠ᠋ᠴᠠ ᠯᠠᠪᠯᠠᠭᠰᠠᠨ ᠳ᠋ᠤ᠌ ᠦᠨᠡᠬᠡᠷ ᠣᠪᠣᠭ᠎ᠠ ᠳᠠᠬᠢᠵᠤ ᠴᠡᠷᠢᠭ ᠦ᠋ᠨ ᠰᠣᠷᠢᠯᠲᠠ ᠬᠢᠬᠦ ᠲᠤᠬᠠᠢ ᠬᠤᠷᠠᠯ ᠬᠢᠵᠦ ᠲᠣᠭᠲᠠᠭᠰᠠᠨ ᠨᠢ ᠦᠨᠡᠨ ᠲᠤᠯᠠ ᠪᠦᠷᠢᠨᠵᠢᠷᠭᠠᠯ ᠮᠥᠩᠬᠡᠡᠥᠢ᠍ᠯᠵᠡᠢ ᠶ᠋ᠢᠨ ᠬᠡᠯᠡᠭᠰᠡᠨ ᠦᠭᠡ ᠶ᠋ᠢ ᠦᠨᠡᠮᠰᠢᠨ ᠢᠲᠡᠭᠡᠭᠰᠡᠨ ᠭᠡᠨ᠎ᠡ ᠃ ᠪᠦᠷᠢᠨᠵᠢᠷᠭᠠᠯ ᠪᠣᠯ ᠭᠣᠵᠣᠭᠣᠷ ᠵᠠᠩ ᠲᠠᠢ ᠂ ᠶᠡᠬᠡ ᠵᠣᠷᠢᠭ ᠲᠠᠢ ᠬᠥᠮᠦᠨ ᠲᠤᠯᠠ ᠮᠥᠩᠬᠡᠡᠥᠢ᠍ᠯᠵᠡᠢ ᠶ᠋ᠢᠨ ᠬᠤᠯᠵᠢᠨ ᠠᠷᠭ᠎ᠠ ᠳ᠋ᠤ᠌ ᠣᠷᠣᠵᠤ ᠰᠢᠨ᠎ᠡ ᠶ᠋ᠢᠨ ᠬᠣᠶᠠᠷ ᠤ᠋ᠨ ᠰᠥᠨᠢ ᠰᠢᠨᠠᠯᠠᠮ᠎ᠠ ᠶ᠋ᠢ ᠬᠣᠣᠷᠯᠠᠭᠰᠠᠨ ᠪᠠᠶ᠋ᠢᠨ᠎ᠠ ᠃ ᠰᠢᠨᠠᠯᠠᠮ᠎ᠠ ᠶ᠋ᠢ ᠬᠣᠣᠷᠯᠠᠬᠤ ᠳ᠋ᠤ᠌ ᠨᠡᠶ᠋ᠢᠯᠡᠵᠦ ᠥᠰᠢᠶᠡᠷᠬᠡᠭᠰᠡᠨ ᠬᠥᠮᠦᠨ ᠠᠷᠪᠠᠨ ᠬᠣᠶᠠᠷ ᠪᠣᠯᠤᠨ᠎ᠠ ᠃ ᠡᠨᠡ ᠠᠷᠪᠠᠨ ᠬᠣᠶᠠᠷ ᠬᠥᠮᠦᠨ ᠡᠴᠡ ᠲᠠᠪᠤ ᠨᠢ ᠨᠡᠷ᠎ᠡ ᠢᠯᠡᠷᠡᠭᠰᠡᠨ ᠦᠭᠡᠢ ᠪᠡᠷ ᠨᠠᠮᠵᠢᠭᠰᠠᠨ ᠶᠤᠮ ᠃ ᠬᠡᠰᠢᠭᠳᠠᠯᠠᠢ ᠪᠣᠯ ᠪᠣᠳᠠᠲᠠᠢ ᠨᠢᠭᠡ ᠵᠢᠱ᠌ᠢᠶ᠎ᠡ ᠪᠠᠶ᠋ᠢᠵᠤ ᠂ ᠮᠥᠩᠬᠡᠡᠥᠢ᠍ᠯᠵᠡᠢ ᠬᠣᠷᠢᠶᠠᠨ ᠳᠠᠷᠤᠭ᠎ᠠ ᠪᠣᠯᠣᠮᠠᠭᠴᠠ ᠬᠡᠰᠢᠭᠳᠠᠯᠠᠢ ᠶ᠋ᠢ ᠳᠡᠭᠡᠭᠰᠢ ᠲᠠᠲᠠᠵᠤ ᠳᠡᠳ᠋ ᠬᠣᠷᠢᠶᠠᠨ ᠳᠠᠷᠤᠭ᠎ᠠ ᠪᠣᠯᠭᠠᠭᠰᠠᠨ ᠭᠡᠵᠦ ᠬᠥᠮᠦᠰ ᠬᠡᠯᠡᠯᠴᠡᠳᠡᠭ ᠶᠦ᠍ᠮ ᠃
ᠮᠥᠩᠬᠡᠡᠥᠢ᠍ᠯᠵᠡᠢ ᠶᠠᠭᠠᠷᠠᠤ ᠰᠠᠨᠳᠤᠷᠤᠤ ᠪᠠᠷ ᠰᠢᠨᠠᠯᠠᠮ᠎ᠠ ᠶ᠋ᠢᠨ ᠬᠣᠣᠷᠯᠠᠭᠳᠠᠭᠰᠠᠨ ᠬᠡᠷᠡᠭ ᠊ᠢ ᠰᠢᠢᠤᠠᠪᠦᠷᠢᠯᠡᠭᠰᠡᠨ ᠲᠡᠦᠬᠡᠨ ᠶᠠᠪᠤᠴᠠ ᠪᠣᠯ ᠦᠨᠡᠨ ᠪᠣᠳᠠᠲᠠᠢ ᠤᠴᠢᠷ ᠪᠢᠯᠡ ᠃ ᠰᠢᠨᠡᠯᠡᠮ᠎ᠡ ᠬᠣᠣᠷᠯᠠᠭᠳᠠᠭᠰᠠᠨ ᠲᠡᠷᠡ ᠰᠥᠨᠢ ᠬᠠᠨᠵᠤᠨ ᠬᠣᠭᠣᠯᠠᠢ ᠪᠠᠷ ᠰᠢᠨᠠᠯᠠᠮ᠎ᠠ ᠂ ᠴᠣᠩᠬᠣᠨ ᠢᠷᠣᠭᠠᠷ ᠢ᠋ᠶ᠋ᠠᠷ ᠮᠥᠩᠬᠡᠡᠥᠢ᠍ᠯᠵᠡᠢ ᠂ ᠬᠠᠨᠵᠤᠨ ᠤ᠋ ᠭᠣᠣᠯ ᠢ᠋ᠶ᠋ᠠᠷ ᠪᠢᠴᠢᠭᠡᠴᠢ ᠨᠡᠶ᠋ᠢᠷᠠᠯᠲᠤ ᠂ ᠳᠠᠭᠠᠯ ᠷᠠᠭᠪᠠ ᠂ ᠪᠠᠶᠠᠨᠲᠣᠷᠵᠡᠢ ᠨᠠᠷ ᠤᠨᠲᠠᠵᠤ ᠪᠠᠶ᠋ᠢᠵᠠᠢ ᠃ ᠰᠥᠨᠢ ᠶ᠋ᠢᠨ ᠬᠠᠭᠠᠰ ᠥᠩᠭᠡᠷᠡᠬᠦ ᠦᠶ᠎ᠡ ᠳ᠋ᠦ᠍ ᠭᠡᠨᠡᠳᠲᠡ ᠫᠤᠤ ᠳᠤᠤᠭᠠᠷᠴᠤ ᠂ ᠫᠤᠤ ᠶ᠋ᠢᠨ ᠳᠠᠭᠤᠨ ᠳ᠋ᠤ᠌ ᠄ ᠮᠥᠩᠬᠡᠥ᠌ᠯᠵᠡᠢ ᠂ ᠨᠡᠶ᠋ᠢᠷᠠᠯᠲᠤ ᠨᠠᠷ ᠰᠣᠴᠢᠨ ᠰᠡᠷᠢᠵᠦ ᠳ᠋ᠧᠩ ᠠᠰᠠᠭᠠᠭᠰᠠᠨ ᠳ᠋ᠤ᠌ ᠪᠤᠰᠤᠳ ᠬᠥᠮᠦᠰ ᠨᠢᠭᠡ ᠴᠦ᠍ ᠭᠡᠮ ᠦᠭᠡᠢ ᠂ ᠰᠢᠨᠠᠯᠠᠮ᠎ᠠ ᠤᠨᠲᠠᠭᠰᠠᠨ ᠣᠷᠣ ᠳᠡᠭᠡᠷ᠎ᠡ ᠪᠡᠨ ᠬᠣᠣᠷᠯᠠᠭᠳᠠᠭᠰᠠᠨ ᠪᠠᠶ᠋ᠢᠪᠠ ᠃ ᠮᠥᠩᠬᠡᠥ᠌ᠯᠵᠡᠢ ᠄ 《 ᠭᠠᠳᠠᠨ᠎ᠠ ᠠ᠋ᠴᠠ ᠯᠠᠪ ᠳᠠᠶ᠋ᠢᠰᠤᠨ ᠢᠷᠡᠵᠡᠢ 》 ᠭᠡᠮᠡᠨ ᠬᠡᠯᠡᠭᠡᠳ ᠭᠠᠳᠠᠭᠰᠢ ᠫᠤᠤᠳᠠᠬᠤ ᠪᠠᠷ ᠪᠡᠯᠡᠳᠬᠡᠭᠦᠯᠵᠦ ᠂ ᠰᠢᠨᠠᠯᠠᠮ᠎ᠠ ᠶ᠋ᠢᠨ ᠬᠡᠭᠦᠷ ᠊ᠢ ᠭᠡᠷ ᠡᠴᠡ ᠳᠠᠮᠵᠢᠯᠠᠨ ᠭᠠᠷᠭᠠᠵᠤ ᠂ ᠲᠤᠰ ᠠᠶ᠋ᠢᠯ ᠤ᠋ᠨ ᠠᠷᠤ ᠬᠦᠷᠢᠶᠡᠨ ᠳ᠋ᠦ᠍ ᠲᠠᠯᠪᠢᠵᠤ ᠲᠤᠰᠬᠠᠢ ᠴᠡᠷᠢᠭ ᠢ᠋ᠶ᠋ᠡᠷ ᠮᠠᠨᠠᠭᠤᠯᠵᠠᠢ ᠃ ᠲᠩᠷᠢ ᠬᠡᠬᠡᠷᠡᠭᠰᠡᠨ ᠦ᠌ ᠳᠠᠷᠠᠭ᠎ᠠ ᠭᠠᠳᠠᠭᠤᠷ ᠲᠣᠭᠣᠷᠢᠭᠤᠯᠵᠤ ᠮᠥᠷ ᠤᠯᠠ ᠮᠤᠰᠬᠢᠬᠰᠠᠨ ᠳ᠋ᠤ᠌ ᠭᠠᠳᠠᠨ᠎ᠠ ᠠ᠋ᠴᠠ ᠢᠷᠡᠭᠰᠡᠨ ᠮᠥᠷ ᠴᠦ᠍ ᠦᠭᠡᠢ ᠂ ᠭᠠᠳᠠᠭᠰᠢ ᠭᠠᠷᠤᠭᠰᠠᠨ ᠮᠥᠷ ᠴᠦ᠍ ᠦᠭᠡᠢ ᠂ ᠬᠣᠮᠣᠷᠠᠨ ᠢᠷᠡᠭᠰᠡᠨ ᠳᠠᠶ᠋ᠢᠰᠤᠨ ᠴᠤ᠌ ᠠᠯᠠᠭ᠎ᠠ ᠲᠤᠯᠠ ᠬᠡᠷᠡᠭ ᠤᠴᠢᠷ ᠳᠣᠲᠣᠭᠠᠳᠤ ᠳ᠋ᠤ᠌ ᠪᠠᠶ᠋ᠢᠬᠤ ᠳᠡᠭᠡᠷ᠎ᠡ ᠲᠤᠯᠵᠠᠢ ᠃ ᠨᠡᠶ᠋ᠢᠷᠠᠯᠲᠤ ᠭᠡᠷ ᠦ᠋ᠨ ᠬᠠᠨᠵᠤᠨ ᠳᠡᠭᠡᠷᠡᠬᠢ ᠤᠷᠤᠰᠤᠭᠰᠠᠨ ᠴᠢᠰᠤᠨ ᠳᠡᠭᠡᠷ᠎ᠡ ᠮᠠᠩᠬ᠎ᠠ ᠠᠰᠬᠠᠵᠤ ᠴᠡᠪᠡᠷᠯᠡᠬᠦ ᠬᠣᠭᠣᠷᠣᠨᠳᠣ ᠬᠥᠰᠡᠷ ᠡᠴᠡ ᠰᠠᠢᠬᠠᠨ ᠫᠤᠤᠳᠠᠭᠰᠠᠨ ᠨᠢᠭᠡ ᠯᠠᠨᠵᠧᠦ ᠫᠤᠤ ᠶ᠋ᠢᠨ ᠲᠦᠩᠽᠢ ( ᠬᠣᠩᠬᠢᠶ᠎ᠠ ) ᠣᠯᠵᠤ ᠠᠪᠴᠠᠢ ᠃ ᠲᠡᠷᠡ ᠦᠶᠡᠰ ᠲᠦ᠍ ᠰᠢᠨᠡᠯᠡᠮ᠎ᠡ ᠶ᠋ᠢᠨ ᠴᠡᠷᠢᠭ ᠡᠴᠡ ᠥᠭᠡᠷ᠎ᠡ ᠣᠶ᠋ᠢᠷᠠᠯᠴᠠᠭ᠎ᠠ ᠴᠡᠷᠢᠭ ᠠᠩᠭᠢ ᠳ᠋ᠤ᠌ ᠯᠠᠨᠵᠧᠦ ᠫᠤᠤ ᠶᠡᠷᠦ ᠪᠠᠶ᠋ᠢᠬᠰᠠᠨ ᠦᠭᠡᠢ ᠲᠤᠯᠠ ᠬᠡᠷᠡᠭ ᠤᠴᠢᠷ ᠳᠣᠲᠣᠭᠠᠳᠤ ᠳ᠋ᠤ᠌ ᠪᠠᠶ᠋ᠢᠬᠤ ᠶ᠋ᠢ ᠨᠡᠩ ᠭᠡᠷᠡᠴᠢᠯᠡᠵᠡᠢ ᠃ ᠡᠶ᠋ᠢᠮᠦ ᠪᠠᠶ᠋ᠢᠲᠠᠯ ᠤ᠋ᠨ ᠳᠣᠣᠷ᠎ᠠ ᠮᠥᠩᠬᠡᠥ᠌ᠯᠵᠡᠢ ᠳᠡᠳ᠋ ᠬᠣᠷᠢᠶᠠᠨ ᠳᠠᠷᠤᠭ᠎ᠠ ᠳᠥᠷᠪᠡᠨ ᠰᠤᠮᠤᠨ ᠳᠠᠷᠤᠭ᠎ᠠ ᠨᠠᠷ ᠊ᠢ ᠳᠠᠭᠤᠳᠠᠨ ᠴᠤᠭᠯᠠᠭᠤᠯᠵᠤ ᠂ ᠰᠢᠨᠠᠯᠠᠮ᠎ᠠ ᠶ᠋ᠢᠨ ᠬᠣᠣᠷᠯᠠᠭᠳᠠᠭᠰᠠᠨ ᠬᠡᠷᠡᠭ ᠊ᠢ ᠮᠥᠷᠳᠡᠵᠦ ᠴᠠᠭᠠᠳᠬᠠᠬᠤ ᠪᠠᠷ ᠪᠠᠶ᠋ᠢᠷᠢᠯᠠᠭᠤᠯᠤᠭᠰᠠᠨ ᠪᠥᠭᠡᠳ ᠥᠪᠡᠷ ᠦ᠋ᠨ ᠪᠡᠶ᠎ᠡ ᠪᠡᠷ ᠦᠦᠰᠢᠨᠵᠤᠤ ᠰᠦᠮ᠎ᠡ ᠳ᠋ᠦ᠍ ᠳᠣᠪᠲᠣᠯᠤᠨ ᠣᠴᠢᠵᠤ ᠪᠣᠭᠳᠠ ᠭᠡᠭᠡᠨ ᠡᠴᠡ ᠠᠪᠤᠷᠠᠯ ᠠᠰᠠᠭᠤᠵᠤ ᠯᠠᠮᠠ ᠵᠠᠯᠠᠵᠤ ᠢᠷᠡᠭᠡᠳ ᠄ 《 ᠮᠠᠨ ᠤ᠋ ᠴᠡᠷᠢᠭ ᠊ᠢ ᠶᠡᠬᠡ ᠪᠤᠵᠠᠷ ᠪᠣᠯᠤᠭᠰᠠᠨ ᠪᠠᠶ᠋ᠢᠨ᠎ᠠ ᠭᠡᠵᠦ ᠵᠢᠭᠠᠪᠠ 》 ᠭᠡᠳ 《 ᠪᠦᠬᠦ ᠴᠡᠷᠢᠭ ᠦ᠋ᠨ ᠨᠢᠭᠤᠷ ᠭᠠᠷ ᠊ᠢ ᠤᠬᠢᠶᠠᠵᠤ ᠂ ᠫᠤᠤ ᠵᠡᠪᠰᠡᠭ ᠊ᠢ ᠠᠷᠭᠠᠤᠳᠬᠠᠨᠠ 》 ᠭᠡᠮᠡᠨ ᠳᠥᠷᠪᠡᠨ ᠰᠤᠮᠤᠨ ᠤ᠋ ᠪᠦᠬᠦ ᠳᠠᠷᠤᠭ᠎ᠠ ᠴᠡᠷᠢᠭ ᠊ᠢ ᠳᠣᠩᠷᠣᠪ ᠤ᠋ᠨ ᠭᠠᠳᠠᠨ᠎ᠠ ᠪᠦᠷᠢᠳᠬᠡᠵᠦ ᠵᠠᠯᠠᠵᠤ ᠢᠷᠡᠭᠰᠡᠨ ᠯᠠᠮᠠ ᠪᠠᠷ ᠨᠣᠮ ᠤᠩᠰᠢᠭᠤᠯᠵᠤ ᠬᠠᠮᠤᠭ ᠲᠡᠷᠢᠭᠦᠨ ᠳ᠋ᠦ᠍ ᠭᠤᠷᠪᠠᠳᠤᠭᠠᠷ ᠰᠤᠮᠤᠨ ᠤ᠋ ᠴᠡᠷᠢᠭ ᠦ᠋ᠨ ᠫᠤᠤ ᠶ᠋ᠢ ᠰᠠᠯᠭᠠᠵᠤ ᠭᠡᠷ ᠲᠦ᠍ ᠣᠷᠣᠭᠤᠯᠤᠨ ᠨᠢᠭᠤᠷ ᠭᠠᠷ ᠊ᠢ ᠨᠢ ᠤᠬᠢᠶᠠᠵᠤ ᠂ ᠪᠤᠰᠤᠳ ᠭᠤᠷᠪᠠᠨ ᠰᠤᠮᠤᠨ ᠤ᠋ ᠳᠠᠷᠤᠭ᠎ᠠ ᠴᠡᠷᠢᠭ ᠴᠦ᠍ ᠫᠤᠤ ᠪᠠᠨ ᠭᠠᠳᠠᠨ᠎ᠠ ᠨᠢᠭᠡ ᠨᠢᠭᠡᠨ ᠳ᠋ᠦ᠍ᠨᠢ ᠲᠦᠰᠢᠭᠦᠯᠦᠨ ᠲᠠᠯᠪᠢᠵᠤ ᠶᠡᠬᠡ ᠬᠦᠷᠢᠶᠡᠨ ᠳ᠋ᠦ᠍ ᠨᠢᠭᠤᠷ ᠭᠠᠷ ᠢ᠋ᠶ᠋ᠠᠨ ᠤᠬᠢᠶᠠᠵᠤ ᠪᠠᠶ᠋ᠢᠲᠠᠯ᠎ᠠ ᠨᠢᠭᠡᠨ ᠳᠣᠣᠷ᠎ᠠ ᠣᠯᠠᠨ ᠤ᠋ ᠫᠤᠤ ᠶ᠋ᠢ ᠬᠤᠷᠢᠶᠠᠵᠤ ᠠᠪᠤᠭᠠᠳ ᠲᠤᠰ ᠰᠥᠨᠢ ᠶ᠋ᠢᠨ ᠮᠠᠨᠠᠭ᠎ᠠ ᠳᠠᠭᠠᠭᠠᠴᠢᠯᠠᠭᠰᠠᠨ ᠵᠢᠵᠢᠭᠦᠷ ᠪᠦᠷᠢᠨᠵᠢᠷᠠᠭᠠᠯ ᠪᠣᠯᠤᠨ ᠰᠥᠨᠢ ᠶ᠋ᠢᠨ ᠮᠠᠨᠠᠭᠠᠨ ᠳ᠋ᠤ᠌ ᠭᠠᠷᠤᠭᠰᠠᠨ ᠴᠡᠷᠢᠭ ᠡᠷᠬᠢᠮᠲᠠᠯᠡᠢ ᠶ᠋ᠢ ᠪᠠᠷᠢᠪᠴᠢᠯᠠᠨ ᠠᠪᠴᠠᠢ ᠃ ᠲᠡᠳᠡ ᠬᠡᠳᠦᠭᠦᠯᠡ ᠶ᠋ᠢ ᠥᠴᠢᠭ᠌ᠯᠡᠭᠦᠯᠦᠭᠰᠡᠨ ᠳ᠋ᠦ᠍ 《 ᠪᠢᠳᠡ ᠳᠥᠷᠪᠡᠨ ᠬᠥᠮᠦᠨ ᠨᠢᠭᠤᠴᠠ ᠪᠠᠷ ᠵᠥᠪᠳᠡᠵᠦ ᠰᠢᠨ᠎ᠡ ᠶ᠋ᠢᠨ ᠨᠢᠭᠡᠨ ᠦ᠌ ᠰᠥᠨᠢ ᠭᠠᠷ ᠬᠥᠳᠡᠯᠬᠦ ᠭᠡᠰᠡᠨ ᠳ᠋ᠦ᠍ ᠰᠢᠨ᠎ᠡ ᠪᠠᠷᠢᠵᠤ ᠢᠷᠡᠭᠰᠡᠨ ᠭᠡᠶ᠋ᠢᠴᠢᠨ ᠣᠯᠠᠨ ᠂ ᠣᠷᠣᠢ ᠪᠣᠯᠲᠠᠯ᠎ᠠ ᠬᠥᠯ ᠲᠣᠭᠲᠠᠭᠰᠠᠨ ᠦᠭᠡᠢ ᠲᠤᠯᠠ ᠵᠠᠪᠳᠤᠭᠰᠠᠨ ᠦᠭᠡᠢ ᠂ ᠰᠢᠨ᠎ᠡ ᠶ᠋ᠢᠨ ᠬᠣᠶᠠᠷ ᠤ᠋ᠨ ᠰᠥᠨᠢ ᠶ᠋ᠢᠨ ᠭᠦᠨ ᠳ᠋ᠦ᠍ ᠮᠠᠨᠠᠭ᠎ᠠ ᠰᠣᠯᠢᠬᠤ ᠴᠠᠭ ᠦᠵᠡᠬᠦ ᠪᠡᠷ ᠵᠢᠵᠢᠭᠦᠷ ᠪᠦᠷᠢᠨᠵᠢᠷᠠᠭᠠᠯ ᠰᠢᠨᠠᠯᠠᠮ᠎ᠠ ᠶ᠋ᠢᠨ ᠤᠨᠲᠠᠵᠤ ᠪᠠᠶ᠋ᠢᠬᠰᠠᠨ ᠭᠡᠷ ᠲᠦ᠍ ᠲᠦᠷᠦᠭᠦᠯᠡᠨ ᠣᠷᠣᠵᠤ ᠳ᠋ᠧᠩ ᠰᠢᠲᠠᠭᠠᠵᠤ ᠴᠠᠭ ᠦᠵᠡᠬᠦ ᠶ᠋ᠢᠨ ᠲᠠᠰᠢᠷᠠᠮ ᠳ᠋ᠤ᠌ ᠡᠷᠬᠢᠮᠲᠠᠯᠡᠢ ᠬᠣᠶ᠋ᠢᠨ᠎ᠠ ᠠ᠋ᠴᠠ ᠨᠢ ᠳᠠᠯᠳᠠᠯᠠᠨ ᠣᠷᠣᠵᠤ ᠰᠢᠨᠠᠯᠠᠮ᠎ᠠ ᠶ᠋ᠢ ᠫᠤᠤᠳᠠᠵᠤ ᠬᠣᠣᠷᠯᠠᠭᠰᠠᠨ ᠶᠤᠮ ᠃ ᠫᠤᠤᠳᠠᠭᠠᠳ ᠡᠰᠡ ᠬᠣᠣᠷᠯᠠᠵᠤ ᠴᠢᠳᠠᠪᠠᠯ ᡀᠸᠩᠨᠤᠷᠪᠤ ᠂ ᠪᠠᠲᠤᠲᠠᠯᠡᠢ ᠬᠣᠶᠠᠷ ᠴᠠᠪᠴᠢᠵᠤ ᠠᠯᠠᠬᠤ ᠪᠠᠷ ᠡᠭᠦᠳᠡᠨ ᠭᠠᠳᠠᠨ᠎ᠠ ᠮᠤᠵᠢᠶᠠᠩ ( ᠮᠣᠳᠣᠨ ᠳᠠᠷᠬᠠᠨ ) ᠤ᠋ ᠰᠦᠬᠡ ᠪᠠᠷᠢᠵᠤ ᠵᠣᠭᠰᠣᠵᠤ ᠪᠠᠶ᠋ᠢᠬᠰᠠᠨ 》 ᠭᠡᠵᠦ ᠨᠢᠭᠡᠨ ᠠᠳᠠᠯᠢ ᠥᠴᠢᠭ ᠢ᠋ᠶ᠋ᠡᠨ ᠲᠤᠰᠢᠶᠠᠵᠠᠢ ᠃ ᠭᠡᠲᠡᠯ᠎ᠡ ᠲᠡᠳᠡ ᠲᠤᠬᠠᠢ ᠶ᠋ᠢᠨ ᠦᠶ᠎ᠡ ᠳ᠋ᠦ᠍ ᠠᠷᠤ ᠲᠣᠬᠢᠭᠴᠢ ᠪᠠᠨ ᠶᠡᠷᠦ ᠲᠤᠰᠢᠶᠠᠭᠰᠠᠨ ᠦᠭᠡᠢ ᠪᠠᠶ᠋ᠢᠵᠠᠢ ᠃
ᠮᠥᠩᠬᠡᠥ᠌ᠯᠵᠡᠢ ᠳᠡᠳ᠋ ᠬᠣᠷᠢᠶᠠᠨ ᠳᠠᠷᠤᠭ᠎ᠠ ᠶ᠋ᠢᠨ ᠪᠠᠶ᠋ᠢᠷᠢᠨ ᠳᠡᠭᠡᠷ᠎ᠡ ᠡᠴᠡ ᠄ ᠰᠢᠨᠠᠯᠠᠮ᠎ᠠ ᠬᠣᠷᠢᠶᠠᠨ ᠳᠠᠷᠤᠭ᠎ᠠ ᠶ᠋ᠢ ᠬᠣᠣᠷᠯᠠᠭᠰᠠᠨ ᠬᠡᠷᠡᠭ ᠊ᠢ ᠪᠣᠯ ᠳᠡᠯᠭᠡᠷᠰᠠᠩ ᠠᠷᠤ ᠲᠣᠬᠢᠭᠴᠢ ᠪᠣᠯᠵᠤ ᠂ ᠪᠦᠷᠢᠨᠵᠢᠷᠠᠭᠠᠯ ᠰᠢᠭᠤᠳ ᠡᠷᠬᠢᠮᠲᠠᠯᠡᠢ ᠂ ᡀᠸᠩᠨᠤᠷᠪᠤ ᠂ ᠪᠠᠲᠤᠲᠠᠯᠡᠢ ᠭᠤᠷᠪᠠᠭᠤᠯᠠ ᠶ᠋ᠢ ᠮᠡᠬᠡᠯᠡᠨ ᠲᠠᠲᠠᠵᠤ ᠬᠣᠣᠷᠯᠠᠭᠰᠠᠨ ᠪᠠᠶ᠋ᠢᠨ᠎ᠠ ᠭᠡᠵᠦ ᠨᠡᠶ᠋ᠢᠲᠡᠯᠡᠵᠦ ᠂ ᡀᠸᠩᠨᠤᠷᠪᠤ ᠂ ᠪᠠᠲᠤᠲᠠᠯᠡᠢ ᠬᠣᠶᠠᠷ ᠊ᠢ ᠦᠬᠦᠲᠡᠯ᠎ᠡ ᠨᠢ ᠵᠣᠳᠣᠭᠠᠳ ᠨᠠᠶᠠᠨ ᠵᠢᠩ ᠳ᠋ᠦ᠍ ᠬᠠᠲᠠᠵᠤ ᠰᠢᠨᠡᠯᠡᠮ᠎ᠡ ᠬᠣᠷᠢᠶᠠᠨ ᠳᠠᠷᠤᠭ᠎ᠠ ᠮᠠᠭᠤ ᠡᠲᠡᠭᠡᠳ ᠲᠦ᠍ ᠬᠣᠣᠷᠯᠠᠭᠳᠠᠭᠰᠠᠨ ᠬᠡᠷᠡᠭ ᠊ᠢ ᠰᠢᠢᠳᠬᠡᠨ ᠲᠠᠰᠤᠯᠵᠤ ᠲᠡᠭᠦᠰᠬᠡᠵᠡᠢ ᠃ ᠲᠡᠳᠡᠭᠡᠷ ᠶᠠᠷᠭᠠᠴᠢᠨ ᠊ᠢ ᠴᠠᠭᠠᠵᠠ ᠪᠠᠷ ᠬᠠᠷᠪᠤᠬᠤ ᠶ᠋ᠢ ᠨᠡᠶ᠋ᠢᠲᠡᠯᠡᠭᠰᠡᠨ ᠳ᠋ᠦ᠍ ᠡᠷᠬᠢᠮᠲᠠᠯᠡᠢ ᠡᠴᠡ 《 ᠨᠠᠮᠠᠶ᠋ᠢ ᠠᠯᠠᠵᠤ ᠪᠣᠯᠤᠨ᠎ᠠ ᠭᠡᠪᠡᠴᠦ ᠮᠢᠨᠦ ᠬᠡᠯᠡᠬᠦ ᠡᠷᠬᠢᠮ ᠦᠭᠡ ᠪᠠᠶ᠋ᠢᠨ᠎ᠠ 》 ᠭᠡᠰᠡᠨ ᠪᠣᠯᠪᠠᠴᠤ ᠮᠥᠩᠬᠡᠥ᠌ᠯᠵᠡᠢ ᠳᠡᠳ᠋ ᠬᠣᠷᠢᠶᠠᠨ ᠳᠠᠷᠤᠭ᠎ᠠ ᠠ᠋ᠴᠠ 《 ᠡᠷᠬᠢᠮ ᠬᠣᠷᠢᠶᠠᠨ ᠳᠠᠷᠤᠭ᠎ᠠ ᠶ᠋ᠢ ᠬᠣᠣᠷᠯᠠᠭᠰᠠᠨ ᠶᠠᠯᠠᠲᠠᠨ ᠳ᠋ᠤ᠌ ᠪᠠᠰᠠ ᠶᠠᠮᠠᠷ ᠡᠷᠬᠢᠮ ᠦᠭᠡ ᠪᠠᠶ᠋ᠢᠬᠤ ᠪᠣᠢ ᠂ ᠲᠦᠷᠭᠡᠨ ᠫᠤᠤᠳᠠ ! ᠲᠦᠷᠭᠡᠨ ᠫᠤᠤᠳᠠ ! 》 ᠭᠡᠵᠦ ᠵᠠᠷᠯᠢᠭᠳᠠᠭᠠᠳ ᠦᠭᠡ ᠶ᠋ᠢ ᠨᠢ ᠬᠡᠯᠡᠭᠦᠯᠦᠭᠰᠡᠨ ᠦᠭᠡᠢ ᠂ ᠳᠣᠣᠷ᠎ᠠ ᠨᠢ ᠲᠣᠨᠢᠯᠭᠠᠭᠰᠠᠨ ᠪᠠᠶ᠋ᠢᠨ᠎ᠠ ᠃ ᠮᠥᠩᠬᠡᠥ᠌ᠯᠵᠡᠢ ᠡᠴᠡ ᠪᠦᠷᠢᠨᠵᠢᠷᠠᠭᠠᠯ ᠂ ᠡᠷᠬᠢᠮᠲᠠᠯᠡᠢ ᠬᠡᠳᠦᠭᠦᠯᠡ ᠶ᠋ᠢ ᠥᠴᠢᠭᠯᠡᠬᠦ ᠶᠠᠪᠤᠴᠠ ᠳ᠋ᠤ᠌ ᠳᠡᠯᠭᠡᠷᠰᠠᠩ ᠤ᠋ᠨ ᠲᠤᠬᠠᠢ ᠶᠠᠮᠠᠷ ᠨᠢᠭᠡᠨ ᠰᠤᠷᠪᠤᠯᠵᠢ ᠣᠯᠤᠭᠰᠠᠨ ᠠ᠋ᠴᠠ ᠲᠡᠷᠡ ᠠᠷᠭ᠎ᠠ ᠵᠠᠷᠤᠵᠤ ᠂ ᠪᠦᠷᠢᠨᠵᠢᠷᠠᠭᠠᠯ ᠤ᠋ᠨ ᠨᠡᠷ᠎ᠡ ᠪᠡᠷ ᠢᠲᠡᠭᠡᠯ ᠲᠡᠢ ᠬᠣᠶᠠᠷ ᠴᠡᠷᠢᠭ ᠶᠠᠪᠤᠭᠤᠯᠵᠤ ᠂ ᠳᠡᠯᠭᠡᠷᠰᠠᠩ ᠊ᠢ ᠤᠷᠢᠭᠰᠠᠨ ᠪᠠᠶ᠋ᠢᠨ᠎ᠠ ᠃ ᠲᠡᠷᠡ ᠬᠣᠶᠠᠷ ᠴᠡᠷᠢᠭ ᠬᠥᠬᠡᠨᠠᠭᠤᠷ ᠲᠤ᠌ ᠭᠡᠷ ᠲᠡᠢ ᠳᠡᠯᠭᠡᠷᠰᠠᠩ ᠳ᠋ᠤ᠌ ᠤᠴᠠᠷᠠᠵᠤ ᠂ ᠰᠢᠨ᠎ᠡ ᠶ᠋ᠢᠨ ᠳᠡᠭᠡᠵᠢ ᠪᠡᠨ ᠪᠠᠷᠢᠭᠠᠳ 《 ᠲᠠᠨ ᠊ᠢ ᠬᠣᠷᠢᠶᠠᠨ ᠳᠠᠷᠤᠭ᠎ᠠ ᠪᠣᠯᠭᠠᠵᠤ ᠴᠡᠷᠢᠭ ᠬᠠᠮᠢᠶᠠᠷᠤᠭᠤᠯᠬᠤ ᠪᠠᠷ ᠪᠦᠷᠢᠨᠵᠢᠷᠠᠭᠠᠯ ᠰᠠᠯᠠᠭᠠᠨ ᠳᠠᠷᠤᠭ᠎ᠠ ᠲᠤᠰᠬᠠᠢ ᠪᠢᠳᠡ ᠬᠣᠶᠠᠷ ᠊ᠢ ᠶᠠᠪᠤᠭᠤᠯᠪᠠ ᠃ ᠲᠠᠨ ᠊ᠢ ᠲᠦᠷᠭᠡᠨ ᠮᠣᠷᠢᠯᠠᠨ ᠰᠠᠭᠠᠲᠠ ᠭᠡᠵᠦ ᠪᠠᠶ᠋ᠢᠨ᠎ᠠ 》 ᠭᠡᠮᠡᠨ ᠮᠥᠷᠭᠥᠭᠰᠡᠨ ᠳ᠋ᠦ᠍ ᠳᠡᠯᠭᠡᠷᠰᠠᠩ ᠄ 《 ᠲᠠᠨᠤᠰ ᠰᠠᠶᠢᠬᠢ ᠪᠠᠨ ᠲᠣᠨᠢᠯᠭᠠᠴᠢᠬᠠᠪᠠ ᠤᠤ 》 ᠭᠡᠵᠦ ᠠᠰᠠᠭᠤᠭᠰᠠᠨ ᠭᠡᠨ᠎ᠡ ᠃ ᠲᠡᠷᠡ ᠬᠣᠶᠠᠷ ᠴᠡᠷᠢᠭ ᠄ 《 ᠲᠥᠯᠥᠪᠯᠡᠭᠰᠡᠨ ᠶᠣᠰᠣᠭᠠᠷ ᠪᠦᠲᠦᠵᠡᠢ ᠃ ᠲᠣᠨᠢᠯᠭᠠᠴᠢᠬᠠᠵᠠᠢ 》 ᠭᠡᠵᠦ ᠬᠠᠷᠢᠭᠤᠯᠤᠭᠰᠠᠨ ᠭᠡᠨ᠎ᠡ ᠃ ᠳᠡᠯᠭᠡᠷᠰᠠᠩ ᠦᠨᠡᠮᠰᠢᠭᠰᠡᠨ ᠪᠣᠯᠤᠯᠲᠠᠢ ᠰᠢᠨ᠎ᠡ ᠶ᠋ᠢᠨ ᠳᠥᠷᠪᠡᠨ ᠦ᠌ ᠡᠳᠦᠷ ᠂ ᠲᠡᠷᠡ ᠬᠣᠶᠠᠷ ᠴᠡᠷᠢᠭ ᠲᠡᠢ ᠬᠠᠮᠲᠤ ᠴᠡᠷᠢᠭ ᠦ᠋ᠨ ᠰᠠᠭᠤᠭᠰᠠᠨ ᠭᠠᠵᠠᠷ ᠬᠡᠩᠬᠦᠯᠵᠡᠨ ᠢᠷᠡᠵᠦ ᠰᠢᠭᠤᠳ ᠪᠦᠷᠢᠨᠵᠢᠷᠠᠭᠠᠯ ᠤ᠋ᠨ ᠰᠠᠭᠤᠳᠠᠭ ᠭᠡᠷ ᠲᠦ᠍ ᠣᠷᠣᠬᠤ ᠳ᠋ᠤ᠌ ᠮᠥᠩᠬᠡᠥ᠌ᠯᠵᠡᠢ ᠴᠡᠷᠢᠭ ᠭᠠᠷᠭᠠᠨ ᠲᠡᠭᠦᠨ ᠊ᠢ ᠪᠠᠷᠢᠪᠴᠢᠯᠠᠨ ᠠᠪᠴᠤ ᠳᠡᠮᠡᠢ ᠶᠠᠭᠤᠮ᠎ᠠ ᠠᠰᠠᠭᠤᠭᠰᠠᠨ ᠦᠭᠡᠢ ᠪᠡᠷ ᠤᠷᠢᠳᠤ ᠠᠶ᠋ᠢᠯ ᠳᠡᠭᠡᠷ᠎ᠡ ᠠᠪᠠᠴᠢᠵᠤ ᠠᠰᠠᠭᠤᠨ᠎ᠠ ᠭᠡᠵᠦ ᠠᠪᠴᠤ ᠭᠠᠷᠤᠭᠠᠳ ᠪᠤᠷᠭᠠᠰᠤᠨ ᠳᠥᠭᠥᠮ ᠳ᠋ᠦ᠍ ᠫᠤᠤᠳᠠᠨ ᠠᠯᠠᠭᠰᠠ ᠪᠠᠶ᠋ᠢᠨ᠎ᠠ ᠃
ᠮᠥᠩᠬᠡᠥ᠌ᠯᠵᠡᠢ ᠳᠡᠳ᠋ ᠬᠣᠷᠢᠶᠠᠨ ᠳᠠᠷᠤᠭ᠎ᠠ ᠤᠬᠠᠭᠠᠯᠠᠨ ᠰᠢᠨᠠᠯᠠᠮ᠎ᠠ ᠶ᠋ᠢ ᠬᠣᠣᠷᠯᠠᠭᠰᠠᠨ ᠭᠡᠳᠡᠭ ᠊ᠢ ᠳᠣᠣᠷᠠᠬᠢ ᠬᠡᠳᠦᠨ ᠠᠰᠠᠭᠤᠳᠠᠯ ᠠ᠋ᠴᠠ ᠨᠡᠩ ᠲᠣᠳᠣᠷᠬᠠᠢ ᠪᠠᠷᠢᠮᠲᠠ ᠣᠯᠵᠤ ᠪᠣᠯᠤᠨ᠎ᠠ ᠃
1. ᠮᠥᠩᠬᠡᠥ᠌ᠯᠵᠡᠢ ᠬᠣᠷᠢᠶᠠᠨ ᠳᠠᠷᠤᠭ᠎ᠠ ᠶ᠋ᠢᠨ ᠲᠤᠰᠢᠶᠠᠯ ᠊ᠢ ᠬᠦᠯᠢᠶᠡᠮᠡᠭᠴᠡ ᠴᠡᠷᠢᠭ ᠂ ᠵᠠᠰᠠᠭ ᠂ ᠨᠠᠮ ᠤ᠋ᠨ ᠪᠠᠶ᠋ᠢᠭᠤᠯᠤᠯᠲᠠ ᠶ᠋ᠢ ᠥᠭᠡᠷᠡᠴᠢᠯᠡᠨ ᠦᠭᠡᠢ ᠪᠣᠯᠭᠠᠭᠰᠠᠨ ᠲᠤᠬᠠᠢ ᠄
ᠰᠢᠨᠠᠯᠠᠮ᠎ᠠ ᠶ᠋ᠢᠨ ᠬᠣᠣᠷᠯᠠᠭᠳᠠᠭᠰᠠᠨ ᠬᠡᠷᠡᠭ ᠊ᠢ ᠮᠥᠨᠬᠡᠥ᠌ᠯᠵᠡᠢ ᠮᠣᠷᠢᠲᠠᠨ ᠪᠠᠶ᠋ᠢᠴᠠᠭᠠᠵᠤ ᠰᠢᠢᠳᠪᠦᠷᠢᠯᠡᠭᠡᠳ ᠳᠡᠮᠡᠢ ᠤᠳᠠᠭᠠᠳᠤᠢ ᠪᠠᠷ ᠬᠣᠰᠢᠭᠤ ᠲᠠᠮᠠᠭ᠎ᠠ ᠶ᠋ᠢᠨ ᠪᠦᠷᠢᠳᠦᠯ ᠦ᠋ᠨ ᠬᠤᠷᠠᠯ ᠳᠡᠭᠡᠷ᠎ᠡ ᠮᠥᠩᠬᠡᠥ᠌ᠯᠵᠡᠢ ᠄ 《 ᠰᠢᠨᠡᠯᠡᠮ᠎ᠡ ᠶ᠋ᠢᠨ ᠲᠥᠯᠥᠪᠯᠡᠵᠦ ᠪᠠᠶ᠋ᠢᠬᠰᠠᠨ ᠊ᠢ ᠦᠨᠳᠦᠰᠦᠯᠡᠨ ᠮᠥᠷᠳᠡᠵᠦ ᠨᠠᠲᠤᠤ ᠠᠮᠪᠠᠨ ( ᠨᠠᠰᠤᠨᠪᠠᠲᠤ ᠠᠮᠪᠠᠨ ) ᠳ᠋ᠤ᠌ ᠴᠡᠷᠢᠭ ᠵᠠᠬᠢᠷᠬᠤ ᠨᠠᠲᠤᠤ ᠲᠤᠰᠢᠶᠠᠯ ᠊ᠢ ᠰᠢᠯᠵᠢᠭᠦᠯᠦᠨ ᠲᠤᠰᠢᠶᠠᠰᠤᠭᠠᠢ 》 ᠭᠡᠵᠡᠢ ᠃ ᠨᠠᠲᠤᠤ ᠠᠮᠪᠠᠨ ᠠ᠋ᠴᠠ ᠄ 《 ᠨᠠᠶᠠᠨ ᠨᠠᠰᠤ ᠣᠶ᠋ᠢᠷᠠᠲᠤᠭᠰᠠᠨ ᠨᠠᠮᠡᠢ᠍ᠢ ᠲᠠ ᠨᠠᠷ ᠨᠠᠭᠠᠳᠤᠮ ᠪᠣᠯᠭᠠᠬᠤ ᠬᠡᠷᠡᠭ ᠦᠭᠡᠢ ᠂ ᠬᠠᠷᠢᠨ ᠵᠠᠮ ᠮᠥᠷ ᠊ᠢ ᠨᠢ ᠳᠠᠭᠠᠭᠤᠯᠤᠨ ᠳᠡᠳ᠋ ᠬᠣᠷᠢᠶᠠᠨ ᠳᠠᠷᠤᠭ᠎ᠠ ᠮᠥᠩᠬᠡᠥ᠌ᠯᠵᠡᠢ ᠶ᠋ᠢ ᠬᠣᠰᠢᠭᠤ ᠴᠡᠷᠢᠭ ᠦ᠋ᠨ ᠬᠣᠷᠢᠶᠠᠨ ᠳᠠᠷᠤᠭ᠎ᠠ ᠪᠣᠯᠭᠠᠵᠤ ᠴᠡᠷᠢᠭ ᠊ᠢ ᠬᠠᠮᠢᠶᠠᠷᠤᠭᠤᠯᠪᠠᠯ ᠵᠦᠢ ᠲᠡᠢ ᠪᠥᠭᠡᠳ ᠵᠣᠬᠢᠰᠲᠠᠢ ᠃ ᠡᠭᠦᠨ ᠊ᠢ ᠣᠯᠠᠨ ᠳᠠᠶᠠᠭᠠᠷ ᠲᠤᠩᠭᠠᠰᠤᠭᠠᠢ 》 ᠭᠡᠵᠡᠢ ᠃ ᠲᠦᠰᠢᠮᠡᠳ ᠣᠯᠠᠨ ᠪᠠ ᠴᠡᠷᠢᠭ ᠦ᠋ᠨ ᠳᠠᠷᠤᠭ᠎ᠠ ᠨᠠᠷ ᠴᠤ᠌ ᠪᠠᠶ᠋ᠢᠲᠠᠯ ᠤ᠋ᠨ ᠬᠠᠨᠳᠤᠰᠢ ᠶ᠋ᠢ ᠳᠠᠭᠠᠵᠤ ᠨᠢᠭᠡᠨ ᠳᠠᠭᠤᠨ ᠢ᠋ᠶ᠋ᠠᠷ ᠮᠥᠩᠬᠡᠥ᠌ᠯᠵᠡᠢ ᠶ᠋ᠢ ᠬᠣᠷᠢᠶᠠᠨ ᠳᠠᠷᠤᠭ᠎ᠠ ᠪᠣᠯᠭᠠᠬᠤ ᠶ᠋ᠢ ᠵᠥᠪᠰᠢᠶᠡᠷᠡᠵᠡᠢ ᠃ ᠮᠥᠩᠬᠡᠥ᠌ᠯᠵᠡᠢ ᠬᠣᠷᠢᠶᠠᠨ ᠳᠠᠷᠤᠭ᠎ᠠ ᠶ᠋ᠢᠨ ᠲᠤᠰᠢᠶᠠᠯ ᠊ᠢ ᠬᠦᠯᠢᠶᠡᠮᠡᠭᠴᠡ ᠮᠥᠨ ᠵᠢᠯ ᠦ᠋ᠨ ᠬᠠᠪᠤᠷ ᠂ ᠳᠣᠲᠣᠭᠠᠳᠤ ( ᠥᠪᠥᠷ ) ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶ᠎ᠠ ᠶ᠋ᠢ ᠦᠭᠡᠶ᠋ᠢᠰᠬᠡᠨ 《 ᠦᠦᠰᠢᠨ ᠬᠤᠰᠢᠭᠤᠨ ᠤ᠋ ᠴᠠᠭᠳᠠᠨ ᠰᠡᠷᠭᠡᠶ᠋ᠢᠯᠡᠬᠦ ᠮᠣᠷᠢᠲᠤ ᠴᠡᠷᠢᠭ ᠦ᠋ᠨ ᠬᠣᠷᠢᠶ᠎ᠠ 》 ᠭᠡᠵᠦ ᠥᠭᠡᠷᠡᠴᠢᠯᠡᠨ ᠬᠠᠯᠠᠵᠤ ᠂ 《 ᠣᠯᠠᠨ ᠤ᠋ ᠵᠥᠪᠯᠡᠯ 》 ᠊ᠢ 《 ᠬᠣᠰᠢᠭᠤ ᠶᠡᠷᠦᠩᠬᠡᠢ ᠬᠣᠷᠢᠶ᠎ᠠ 》 ᠭᠡᠵᠦ ᠥᠭᠡᠷᠡᠴᠢᠯᠡᠨ ᠨᠡᠷᠡᠶ᠋ᠢᠲᠦᠭᠡᠳ ᠴᠢᠭᠤᠯᠭᠠᠨ ᠤ᠋ ᠲᠡᠷᠢᠭᠦᠨ ᠪᠠ ᠰᠦᠢ ᠶᠤᠸᠠᠨ ᠮᠣᠵᠢ ᠶ᠋ᠢᠨ ᠵᠠᠰᠠᠭ ᠤ᠋ᠨ ᠣᠷᠳᠣᠨ ᠳ᠋ᠤ᠌ ᠲᠤᠰ ᠲᠤᠰ ᠮᠡᠳᠡᠭᠦᠯᠪᠡ ᠃
2. ᠰᠢᠨᠡᠯᠡᠮ᠎ᠡ ᠬᠣᠣᠷᠯᠠᠭᠳᠠᠬᠤ ᠦᠶ᠎ᠡ ᠳ᠋ᠦ᠍ ᠦᠦᠰᠢᠨ ᠬᠤᠰᠢᠭᠤᠨ ᠤ᠋ ᠥᠪᠥᠷ ᠠᠷᠠᠳ ᠤ᠋ᠨ ᠬᠤᠪᠢᠰᠬᠠᠯᠲᠤ ᠨᠠᠮ ᠤ᠋ᠨ ᠬᠣᠰᠢᠭᠤ ᠬᠣᠷᠢᠶᠠᠨ ᠤ᠋ ᠨᠠᠷᠢᠨ ᠪᠢᠴᠢᠭ ᠦ᠋ᠨ ᠳᠠᠷᠤᠭ᠎ᠠ ᠰᠣᠤᠠᠨᠠᠮᠲᠣᠩᠷᠣᠪ ᠭᠡᠷ ᠲᠡᠭᠡᠨ ᠪᠠᠶ᠋ᠢᠬᠰᠠᠨ ᠲᠤᠯᠠ ᠮᠥᠩᠬᠡᠥ᠌ᠯᠵᠡᠢ ᠲᠤᠰᠬᠠᠶ᠋ᠢᠯᠠᠨ ᠴᠡᠷᠢᠭ ᠲᠣᠮᠢᠯᠠᠨ ᠶᠠᠪᠤᠭᠤᠯᠵᠤ ᠲᠡᠭᠦᠨ ᠳ᠋ᠦ᠍ ᠪᠠᠶ᠋ᠢᠬᠰᠠᠨ ᠫᠤᠤ ᠵᠡᠪᠰᠡᠭ ᠪᠠ ᠬᠣᠰᠢᠭᠤ ᠨᠠᠮ ᠤ᠋ᠨ ᠬᠣᠷᠢᠶᠠᠨ ᠤ᠋ ᠠᠯᠪᠠᠨ ᠲᠠᠮᠠᠭ᠎ᠠ ᠶ᠋ᠢ ᠬᠤᠷᠢᠶᠠᠵᠤ ᠠᠪᠤᠭᠠᠳ ᠂ ᠡᠭᠦᠨ ᠡᠴᠡ ᠬᠣᠶ᠋ᠢᠰᠢ ᠬᠣᠰᠢᠭᠤ ᠨᠠᠮ ᠤ᠋ᠨ ᠬᠣᠷᠢᠶ᠎ᠠ ᠭᠡᠬᠦ ᠵᠣᠬᠢᠶᠠᠨ ᠪᠠᠶ᠋ᠢᠭᠤᠯᠤᠯᠲᠠ ᠶ᠋ᠢ ᠬᠦᠴᠦᠨ ᠦᠭᠡᠢ ᠪᠣᠯᠭᠠᠵᠠᠢ ᠃
3. ᠮᠥᠩᠬᠡᠥ᠌ᠯᠵᠡᠢ ᠬᠣᠷᠢᠶᠠᠨ ᠳᠠᠷᠤᠭ᠎ᠠ ᠪᠣᠯᠣᠮᠠᠭᠴᠠ ᠴᠡᠷᠢᠭ ᠦ᠋ᠨ ᠳᠠᠷᠤᠭ᠎ᠠ ᠨᠠᠷ ᠊ᠢ ᠳᠠᠬᠢᠨ ᠲᠣᠬᠢᠷᠠᠭᠤᠯᠵᠤ ᠂ ᠳᠡᠳ᠋ ᠬᠣᠷᠢᠶᠠᠨ ᠳᠠᠷᠤᠭ᠎ᠠ ᠨᠢ ᠬᠡᠰᠢᠭᠳᠡᠯᠠᠢ ᠂ ᠪᠢᠴᠢᠭᠡᠴᠢ ᠡᠷᠬᠢᠮᠴᠡᠩᠬᠡᠯ ( ᠭᠠᠯᠠᠭᠤᠲᠤ ᠶ᠋ᠢᠨ ᠬᠥᠮᠦᠨ ) ᠂ ᠪᠠᠲᠤᠰᠡᠷᠡᠩ ( ᠣᠮᠪᠣᠢ ᠶ᠋ᠢᠨ ᠬᠥᠮᠦᠨ ) ᠂ ᠨᠠᠰᠤᠨᠸᠴᠢᠷ ( ᠲᠣᠯᠢ ᠶ᠋ᠢᠨ ᠬᠥᠮᠦᠨ ) ᠂ ᠨᠠᠰᠤᠨᠲᠡᠯᠭᠡᠷ ( ᠨᠠᠷᠢᠨ ᠭᠣᠣᠯ ) ᠪᠣᠯᠵᠤ ᠂ ᠵᠢᠶᠦ᠋ᠨ ᠰᠢᠦᠢ ᠭᠤᠸᠠᠨ ( ᠴᠡᠷᠢᠭ ᠦ᠋ᠨ ᠶᠠᠪᠤᠳᠠᠯ ᠊ᠢ ᠬᠠᠮᠢᠶᠠᠷᠤᠭᠴᠢ ) ᠨᠢ ᠪᠠᠲᠤᠰᠡᠷᠡᠩ ( ᠵᠠᠩᠭᠤᠲᠤ ᠶ᠋ᠢᠨ ᠬᠥᠮᠦᠨ ) ᠂ ᠬᠡᠶ᠋ᠢᠷᠤᠪ ᠪᠣᠯᠵᠤ ᠂ ᠣᠷᠴᠢᠭᠤᠯᠤᠭᠴᠢ ᠨᠡᠶ᠋ᠢᠷᠠᠯᠲᠤ ᠂ ᠨᠢᠭᠡᠳᠦᠭᠡᠷ ᠰᠤᠮᠤᠨ ᠳᠠᠷᠤᠭ᠎ᠠ ᠪᠠᠶᠠᠨᠲᠡᠭᠥᠰ ᠂ ᠵᠢᠩᠵᠢᠤᠠᠵᠠᠪ ᠂ ᠬᠣᠶᠠᠳᠤᠭᠠᠷ ᠰᠤᠮᠤᠨ ᠳᠠᠷᠤᠭ᠎ᠠ ᠵᠠᠮᠢᠶᠠᠩᠵᠠᠪ ᠂ ᠳᠡᠳ᠋ ᠰᠤᠮᠤᠨ ᠳᠠᠷᠤᠭ᠎ᠠ ᠪᠠᠲᠤᠸᠴᠢᠷ ᠂ ᠰᠠᠯᠠᠭᠠᠨ ᠳᠠᠷᠤᠭ᠎ᠠ ᠥᠯᠵᠡᠶ᠋ᠢᠵᠢᠷᠭᠠᠯ ᠂ ᠭᠤᠷᠪᠠᠳᠤᠭᠠᠷ ᠰᠠᠯᠠᠭᠠᠨ ᠳᠠᠷᠤᠭ᠎ᠠ ᠭᠡᠨᠲᠤᠨ ᠂ ᠰᠠᠯᠠᠭᠠᠨ ᠳᠠᠷᠤᠭ᠎ᠠ ᠭᠦᠴᠤᠨᠲᠡᠭᠦᠰ ᠂ ᠠᠷᠪᠢᠨᠪᠠᠶᠠᠷ ( ᠰᠡᠪᠬᠥᠯ ᠦ᠋ᠨ ᠬᠥᠮᠦᠨ ) ᠂ ᠲᠠᠷᠤᠡ ᠃ ᠳᠥᠷᠪᠡᠳᠦᠭᠡᠷ ᠰᠤᠮᠤᠨ ᠳᠠᠷᠤᠭ᠎ᠠ ᠥᠯᠵᠡᠶ᠋ᠢᠪᠠᠲᠤ ᠂ ᠳᠡᠳ᠋ ᠰᠤᠮᠤᠨ ᠳᠠᠷᠤᠭ᠎ᠠ ᠳᠣᠷᠵᠢ ᠂ ᠰᠠᠯᠠᠭᠠᠨ ᠳᠠᠷᠤᠭ᠎ᠠ ᠯᠣᠷᠣᠢ ᠂ ᠰᠠᠷᠠᠨᠲᠡᠭᠥᠰ ᠨᠠᠷ ᠪᠣᠯᠵᠠᠢ ᠃
4.1929 ᠣᠨ ᠤ᠋3 ᠰᠠᠷ᠎ᠠ ᠳ᠋ᠤ᠌ ᠮᠥᠩᠬᠡᠥ᠌ᠯᠵᠡᠢ ᠬᠣᠷᠢᠶᠠᠨ ᠳᠠᠷᠤᠭ᠎ᠠ ᠶ᠋ᠢᠨ ᠵᠥᠪᠰᠢᠶᠡᠷᠡᠯ ᠳᠣᠣᠷ᠎ᠠ ᠦᠦᠰᠢᠨ ᠂ ᠲᠡᠮᠡᠭᠡᠲᠦ ᠶ᠋ᠢᠨ ᠬᠠᠷᠢᠯᠴᠠᠨ ᠶᠠᠪᠤᠯᠴᠠᠬᠤ ᠶ᠋ᠢ ᠬᠡᠪ ᠦ᠋ᠨ ᠪᠣᠯᠭᠠᠬᠤ ᠶ᠋ᠢᠨ ᠲᠥᠯᠥᠭᠡ ᠦᠦᠰᠢᠨ ᠬᠣᠰᠢᠭᠤ ᠂ ᠲᠡᠮᠡᠭᠡᠲᠦ ᠬᠣᠲᠠ ᠬᠣᠶᠠᠷ ᠲᠡᠶ᠋ᠢᠨ ᠵᠣᠭᠰᠣᠭᠠᠬᠤ ᠨᠠᠶ᠋ᠢᠷᠠᠮᠲᠠᠯ ᠤ᠋ᠨ ᠬᠡᠯᠡᠯᠴᠡᠭᠡᠷ ᠬᠢᠪᠡ ᠃ ᠲᠡᠷᠡ ᠦᠶ᠎ᠡ ᠳ᠋ᠦ᠍ ᠭᠣᠣᠯᠳᠠᠭᠤ ᠲᠡᠮᠡᠭᠡᠲᠦ ᠬᠣᠲᠠ ᠶ᠋ᠢᠨ36 ᠪᠢᠶᠠᠨ ᠱᠠᠩ ( ᠮᠣᠩᠭᠣᠯ ᠭᠠᠵᠠᠷ ᠶᠠᠪᠤᠳᠠᠭ ᠵᠠᠬ᠎ᠠ ᠶ᠋ᠢᠨ ᠠᠷᠠᠯᠵᠢᠶᠠᠨ ᠤ᠋ ᠪᠦᠯᠬᠦᠮ ) ᠊ᠢ ᠬᠦᠴᠦᠯᠡᠨ ᠢᠳᠬᠠᠵᠤ ᠂ ᠦᠦᠰᠢᠨ ᠂ ᠲᠡᠮᠡᠭᠡᠲᠦ ᠬᠠᠷᠢᠯᠴᠠᠨ ᠦᠯᠦ ᠬᠠᠯᠳᠠᠬᠤ ᠨᠠᠶ᠋ᠢᠷᠠᠮᠲᠠᠯ ᠤ᠋ᠨ ᠭᠡᠷ᠎ᠡ ᠪᠠᠶ᠋ᠢᠭᠤᠯᠵᠤ ᠂ ᠦᠦᠰᠢᠨ ᠨᠣᠶᠠᠨ ᠲᠡᠭᠦᠰᠡᠠᠮᠤᠭᠤᠯᠠᠩ ᠊ᠢ ᠲᠡᠮᠡᠭᠡᠲᠦ ᠬᠣᠲᠠᠨ ᠳ᠋ᠤ᠌ ᠰᠠᠭᠤᠯᠭᠠᠵᠤ ᠪᠣᠯᠬᠤ ᠦᠭᠡᠢ ᠭᠡᠵᠦ ᠭᠡᠷ᠎ᠡ ᠪᠠᠶ᠋ᠢᠭᠤᠯᠤᠭᠠᠳ ᠂ ᠡᠭᠦᠨ ᠡᠴᠡ ᠬᠣᠶ᠋ᠢᠰᠢ ᠮᠣᠩᠭᠣᠯ ᠬᠢᠲᠠᠳ ᠠᠷᠠᠯᠵᠢᠭᠠᠴᠢᠨ ᠤ᠋ ᠬᠥᠮᠦᠰ ᠰᠠᠭᠠᠳ ᠬᠠᠷᠰᠢ ᠦᠭᠡᠢ ᠶᠠᠪᠤᠯᠴᠠᠬᠤ ᠪᠣᠯᠤᠭᠰᠠᠨ ᠪᠠᠶ᠋ᠢᠨ᠎ᠠ ᠃
5. ᠲᠡᠭᠦᠰᠠᠠᠮᠤᠭᠤᠯᠠᠩ ᠨᠣᠶᠠᠨ ᠊ᠢ ᠬᠦᠴᠦᠲᠡᠨ ᠠᠪᠴᠤ ᠢᠷᠡᠬᠦ ᠪᠡᠷ1929 ᠣᠨ ᠤ᠋3 ᠰᠠᠷ᠎ᠠ ᠳ᠋ᠤ᠌ ᠦᠦᠰᠢᠨ ᠂ ᠲᠡᠮᠡᠭᠡᠲᠦ ᠶ᠋ᠢᠨ ᠨᠠᠶ᠋ᠢᠷᠠᠮᠲᠠᠯ ᠤ᠋ᠨ ᠭᠡᠷ᠎ᠡ ᠲᠣᠭᠲᠠᠭᠰᠠᠨ ᠤ᠋ ᠳᠠᠷᠠᠭ᠎ᠠ ᠪᠢᠯᠢᠭ ᠦ᠋ᠨ ᠳᠥᠷᠪᠡᠨ ᠰᠠᠷ᠎ᠠ ᠳ᠋ᠤ᠌ ᠲᠡᠭᠦᠰᠡᠠᠮᠤᠭᠤᠯᠠᠩ ᠨᠣᠶᠠᠨ ᠂ ᠴᠡᠷᠢᠭ ᠰᠡᠯᠲᠡ ᠲᠡᠢ ᠪᠡᠨ ᠲᠡᠮᠡᠭᠡᠲᠦ ᠬᠣᠲᠠ ᠠ᠋ᠴᠠ ᠭᠠᠷᠴᠤ ᠵᠠᠰᠠᠭ ᠬᠤᠰᠢᠭᠤᠨ ᠳ᠋ᠤ᠌ ᠣᠴᠢᠵᠤ ᠰᠢᠷᠭᠤᠵᠠᠢ ᠃
ᠲᠤᠰ ᠵᠢᠯ ᠦ᠋ᠨ ᠵᠤᠨ ᠤ᠋ ᠦᠶᠡᠰ ᠬᠦᠷᠦᠭᠡᠳ ᠮᠥᠩᠬᠡᠥ᠌ᠯᠵᠡᠢ ᠦᠦᠰᠢᠨ ᠬᠤᠰᠢᠭᠤᠨ ᠤ᠋ ᠵᠠᠰᠠᠭ ᠤ᠋ᠨ ᠬᠡᠷᠡᠭ ᠪᠤᠳᠤᠯᠢᠶᠠᠨ ᠲᠠᠢ ᠳᠡᠭᠡᠷ᠎ᠡ ᠰᠠᠮᠠᠭᠤᠷᠠᠵᠤ ᠦᠷᠭᠦᠯᠵᠢᠯᠡᠭᠰᠡᠨ ᠤᠷᠰᠢᠭᠲᠤ ᠠᠰᠠᠭᠤᠳᠠᠯ ᠊ᠢ ᠴᠡᠷᠢᠭ ᠦ᠋ᠨ ᠶᠠᠪᠤᠳᠠᠯ ᠬᠡᠷᠡᠭᠯᠡᠬᠦ ᠵᠠᠮ ᠢ᠋ᠶ᠋ᠠᠷ ᠰᠢᠢᠳᠪᠦᠷᠢᠯᠡᠬᠦ ᠶ᠋ᠢᠨ ᠲᠥᠯᠥᠭᠡ ᠳᠥᠷᠪᠡᠨ ᠰᠤᠮᠤᠨ ᠤ᠋ ᠳᠠᠷᠤᠭ᠎ᠠ ᠨᠠᠷ ᠢ᠋ᠶ᠋ᠠᠨ ᠪᠦᠷᠢᠳᠬᠡᠵᠦ ᠂ ᠣᠨᠴᠠᠭᠠᠢ ᠬᠤᠷᠠᠯ ᠬᠢᠵᠦ ᠲᠡᠭᠦᠰᠡᠠᠮᠤᠭᠤᠯᠠᠩ ᠨᠣᠶᠠᠨ ᠊ᠢ ᠳᠠᠭᠠᠵᠤ ᠪᠦᠬᠦᠢ ᠴᠡᠷᠢᠭ ᠦ᠋ᠨ ᠬᠥᠮᠦᠰ ᠪᠠ ᠯᠠᠮᠠ ᠬᠠᠷ᠎ᠠ ᠳᠠᠭᠠᠯᠳᠤᠨ ᠵᠠᠷᠤᠴᠠ ᠬᠥᠲᠥᠴᠢ ᠂ ᠲᠠᠬᠢᠯᠭ᠎ᠠ ᠶ᠋ᠢᠨ ᠭᠣᠨᠢᠷ ᠲᠤ᠌ ᠬᠦᠷᠲᠡᠯ᠎ᠡ ᠨᠢᠭᠡᠳ ᠨᠢᠭᠡ ᠪᠡᠷ ᠬᠥᠮᠦᠨ ᠪᠦᠷᠢ ᠶ᠋ᠢ ᠵᠠᠳᠠᠯᠤᠨ ᠦᠵᠡᠭᠰᠡᠨ ᠳ᠋ᠦ᠍ ᠠᠷᠪᠠᠨ ᠤ᠋ ᠶᠢᠰᠦ ᠨᠢ ᠪᠦᠷ ᠯᠡ ᠬᠡᠷᠡᠭ ᠤᠴᠢᠷ ᠭᠠᠷᠭᠠᠳᠠᠭ ᠦᠯᠦ ᠪᠦᠲᠦᠬᠦ ᠬᠥᠮᠦᠰ ᠪᠠᠶ᠋ᠢᠵᠤ ᠵᠠᠷᠢᠮ ᠨᠢ ᠭᠡᠷ ᠮᠠᠯ ᠢ᠋ᠶ᠋ᠠᠨ ᠬᠠᠶᠠᠵᠤ ᠂ ᠠᠶ᠋ᠢᠯ ᠲᠣᠭᠣᠷᠢᠵᠤ ᠡᠮᠡᠰ ᠣᠬᠢᠳ ᠲᠤ᠌ ᠰᠢᠨᠤᠬᠠᠶ᠋ᠢᠷᠠᠨ ᠱᠠᠯᠢᠭ
ᠵᠠᠪᠬᠠᠢ ᠶᠠᠪᠤᠳᠠᠭ ᠲᠠᠩᠬᠠᠶ᠋ᠢᠴᠤᠳ ᠂ ᠵᠠᠷᠢᠮ ᠨᠢ ᠬᠠᠷ᠎ᠠ ᠲᠠᠮᠠᠬᠢ ᠲᠠᠲᠠᠵᠤ ᠭᠡᠷ ᠮᠠᠯ ᠢ᠋ᠶ᠋ᠠᠨ ᠰᠦᠢᠳᠬᠡᠵᠦ ᠥᠷᠢ ᠰᠢᠷᠢ ᠲᠠᠯᠪᠢᠳᠠᠭ ᠪᠦᠷᠢᠯᠭᠡᠭᠴᠢ ᠂ ᠵᠠᠷᠢᠮ ᠨᠢ ᠳᠡᠭᠡᠳᠦ ᠶ᠋ᠢ ᠪᠢᠯᠳᠠᠤᠴᠢᠯᠠᠵᠤ ᠂ ᠳᠣᠣᠷᠠᠲᠤ ᠶ᠋ᠢ ᠳᠠᠷᠤᠯᠠᠨ ᠬᠣᠪᠴᠢ ᠬᠠᠭᠤᠷᠮᠠᠭ ᠦᠭᠡ ᠵᠥᠭᠡᠭᠡᠭᠴᠢ ᠂ ᠪᠠᠰᠠ ᠵᠠᠷᠢᠮ ᠨᠢ ᠬᠤᠯᠠᠭᠠᠢ ᠳᠡᠭᠡᠷᠡᠮ ᠬᠢᠳᠡᠭ ᠵᠢᠰᠤᠷ ᠵᠠᠯᠢᠬᠠᠢ ᠠᠮᠢᠲᠠᠳ ᠪᠣᠯᠬᠤ ᠲᠤᠯᠠ ᠂ ᠨᠣᠶᠠᠨ ᠤ᠋ ᠣᠬᠢᠨ ᠳᠡᠭᠦᠦ ᠰᠠᠭᠰᠠ ᠂ ᠬᠢᠶ᠎ᠡ ᠪᠤᠶᠠᠨᠲᠣᠭᠲᠣᠬᠤ ᠬᠣᠶᠠᠭᠤᠯᠠ ᠶ᠋ᠢ ᠭᠠᠷᠭᠠᠪᠠᠯ ᠪᠤᠰᠤᠳ ᠊ᠢ ᠴᠥᠮ ᠠᠯᠠᠵᠤ ᠂ ᠰᠤᠮᠤᠨ ᠳᠠᠷᠤᠭ᠎ᠠ ᠠᠮᠤᠷᠰᠠᠨᠠᠭ᠎ᠠ ᠭᠠᠪᠢᠶ᠎ᠠ ᠪᠠᠶ᠋ᠢᠭᠤᠯᠪᠠᠯ ᠠᠮᠢ ᠶ᠋ᠢ ᠨᠢ ᠬᠡᠯᠲᠦᠷᠢᠭᠦᠯᠬᠦ ᠪᠡᠷ ᠲᠣᠭᠲᠠᠭᠠᠵᠠᠢ ᠃ ᠡᠭᠦᠨ ᠦ᠌ ᠬᠠᠮᠲᠤ ᠦᠦᠰᠢᠨ ᠨᠣᠶᠠᠨ ᠊ᠢ ᠬᠠᠪᠢᠷᠭᠠᠳᠠᠵᠤ ᠂ ᠪᠠᠨᠳᠢᠳᠠ ᠶ᠋ᠢᠨ ᠳᠤᠭᠠᠩ ᠂ ᠵᠠᠰᠠᠭ ᠤ᠋ᠨ ᠬᠣᠲᠣᠭᠣᠷ ᠣᠷᠴᠢᠮ ᠪᠠᠶ᠋ᠢᠬᠤ ᠵᠠᠯᠢᠬᠠᠢ ᠲᠠᠶ᠋ᠢᠵᠢ ᠸᠠᠩᠴᠤᠭᠷᠠᠪᠲᠠᠨ ᠂ ᠳᠠᠯᠡᠶ᠋ᠢᠬᠦᠤ ᠶ᠋ᠢᠨ ᠡᠮ᠎ᠡ ᠮᠥᠩᠭᠥᠨᠴᠡᠴᠡᠭ ᠂ ᠨᠠᠸᠠᠩᠨᠤᠷᠪᠤ ᠂ ᠲᠡᠭᠥᠰᠵᠢᠷᠭᠠᠯ ᠮᠡᠲᠦ ᠶ᠋ᠢᠨ ᠬᠥᠮᠦᠰ ᠊ᠢ ᠬᠠᠮᠢᠭ᠎ᠠ ᠦᠵᠡᠪᠡᠯ ᠲᠡᠨᠳᠡ ᠫᠤᠤᠳᠠᠨ ᠠᠯᠠᠵᠤ ᠬᠣᠵᠢᠮ ᠤ᠋ᠨ ᠵᠣᠪᠠᠯᠠᠩ ᠊ᠢ ᠳᠤᠰᠤᠯᠠᠬᠤ ᠪᠠᠷ ᠲᠣᠭᠲᠠᠭᠠᠵᠠᠢ ᠃
ᠮᠥᠩᠬᠡᠥ᠌ᠯᠵᠡᠢ ᠪᠢᠯᠢᠭ ᠦ᠋ᠨ ᠵᠢᠷᠭᠤᠭᠠᠨ ᠰᠠᠷ᠎ᠠ ᠶ᠋ᠢᠨ ᠠᠷᠪᠠᠨ ᠳᠥᠷᠪᠡᠨ ᠦ᠌ ᠦᠳᠡ ᠶ᠋ᠢᠨ ᠬᠣᠶ᠋ᠢᠨ᠎ᠠ ᠴᠡᠷᠢᠭ ᠢ᠋ᠶ᠋ᠡᠨ ᠲᠠᠷᠬᠠᠨᠯᠠᠮᠡ ᠶ᠋ᠢᠨ ᠰᠦᠮ᠎ᠡ ᠣᠷᠴᠢᠮ ᠪᠦᠷᠢᠳᠬᠡᠵᠦ ᠂ ᠬᠣᠭᠣᠯᠠ ᠢᠲᠡᠮᠡᠭᠴᠡ ᠵᠡᠭᠦᠨᠰᠢ ᠮᠥᠷᠳᠡᠵᠦ ᠂ ᠰᠥᠨᠢ ᠶ᠋ᠢᠨ ᠬᠠᠭᠠᠰ ᠤ᠋ᠨ ᠬᠢᠷᠢ ᠳ᠋ᠦ᠍ ᠪᠠᠨᠳᠢᠳᠠ ᠶ᠋ᠢᠨ ᠳᠤᠭᠠᠩ ᠳᠡᠭᠡᠷ᠎ᠡ ᠬᠦᠷᠬᠦ ᠳ᠋ᠦ᠍ ᠶᠡᠬᠡ ᠪᠣᠷᠣᠭᠠᠨ ᠨᠥᠷᠢᠨ ᠣᠷᠣᠭᠠᠳ ᠵᠣᠭᠰᠣᠬᠤ ᠦᠭᠡᠢ ᠪᠠᠶ᠋ᠢᠵᠠᠢ ᠃ ᠴᠡᠷᠢᠭ ᠰᠢᠭᠤᠳ ᠳᠣᠲᠣᠭᠰᠢ ᠣᠷᠣᠵᠤ ᠨᠣᠶᠠᠨ ᠤ᠋ ᠰᠠᠭᠤᠭᠰᠠᠨ ᠬᠦᠷᠢᠶ᠎ᠡ ᠪᠠ ᠴᠡᠷᠢᠭ ᠦ᠋ᠳ ᠦ᠋ᠨ ᠬᠦᠷᠢᠶᠡᠨ ᠦ᠌ ᠢᠷᠣᠭᠠᠷ ᠊ᠢ ᠡᠵᠡᠯᠡᠨ ᠠᠪᠴᠤ ᠮᠠᠨᠠᠭᠠᠨ ᠤ᠋ ᠴᠡᠷᠢᠭ ᠊ᠢ ᠫᠤᠤ ᠳᠤᠤᠭᠠᠷᠭᠠᠭᠰᠠᠨ ᠦᠭᠡᠢ ᠪᠠᠷᠢᠪᠴᠢᠯᠠᠵᠤ ᠠᠪᠴᠠᠢ ᠃ ᠭᠡᠪᠡᠴᠦ ᠤᠰᠤ ᠱᠠᠯᠴᠢᠭ ᠬᠠᠯᠲᠤᠷᠢᠭ᠎ᠠ ᠶᠡᠬᠡ ᠤᠴᠢᠷ ᠴᠢᠮᠡᠭᠡ ᠭᠠᠷᠤᠭᠰᠠᠨ ᠠ᠋ᠴᠠ ᠳᠠᠶ᠋ᠢᠰᠤᠨ ᠳ᠋ᠤ᠌ ᠰᠡᠷᠡᠭᠲᠡᠵᠦ ᠫᠤᠤ ᠨᠡᠭᠡᠭᠡᠯᠴᠡᠵᠦ ᠲᠩᠷᠢ ᠭᠡᠭᠡᠷᠡᠬᠦ ᠦᠶ᠎ᠡ ᠳ᠋ᠦ᠍ ᠨᠣᠶᠠᠨ ᠤ᠋ ᠫᠤᠤ ᠪᠣᠯᠤᠨ ᠪᠦᠬᠦ ᠴᠡᠷᠢᠭ ᠵᠢᠴᠢ ᠳᠠᠭᠠᠭᠰᠠᠳ ᠤ᠋ᠨ ᠫᠤᠤ ᠶ᠋ᠢ ᠬᠣᠷᠢᠶᠠᠨ ᠨᠣᠶᠠᠨ ᠤ᠋ ᠴᠡᠷᠢᠭ ᠦ᠋ᠨ ᠨᠡᠯᠢᠶᠡᠳ ᠊ᠢ ᠨᠢ ᠰᠦᠮ᠎ᠡ ᠶ᠋ᠢᠨ ᠣᠷᠴᠢᠮ ᠳ᠋ᠤ᠌ ᠠᠯᠠᠵᠤ ᠂ ᠠᠮᠢᠳᠤ ᠦᠯᠡᠲᠡᠭᠰᠡᠨ ᠊ᠢ ᠨᠢ ᠨᠢᠭᠡ ᠶ᠋ᠢ ᠴᠦ᠍ ᠭᠠᠷᠭᠠᠯ ᠦᠭᠡᠢ ᠪᠠᠷᠢᠪᠴᠢᠯᠠᠵᠤ ᠠᠪᠴᠠᠢ ᠃ ᠠᠷᠪᠠᠨ ᠲᠠᠪᠤᠨ ᠤ᠋ ᠪᠠᠭ᠎ᠠ ᠦᠳᠡ ᠶ᠋ᠢᠨ ᠦᠶ᠎ᠡ ᠳ᠋ᠦ᠍ ᠲᠡᠭᠦᠰᠡᠠᠮᠤᠭᠤᠯᠠᠩ ᠨᠣᠶᠠᠨ ᠊ᠢ ᠨᠢᠭᠡᠨ ᠲᠤᠷᠠᠩᠬᠠᠢ ᠮᠣᠷᠢᠨ ᠳ᠋ᠤ᠌ ᠤᠨᠤᠭᠤᠯᠵᠤ ᠂ ᠰᠠᠭᠰᠠ ᠠᠪᠠᠬᠠᠢ ᠶ᠋ᠢ ᠡᠯᠵᠢᠭᠡᠨ ᠳ᠋ᠦ᠍ ᠤᠨᠤᠭᠤᠯᠵᠤ ᠂ ᠪᠤᠶᠠᠨᠲᠣᠭᠲᠣᠬᠤ ᠶ᠋ᠢ ᠶᠠᠪᠠᠭᠠᠨ ᠢ᠋ᠶ᠋ᠠᠷ ᠲᠠᠭᠤᠵᠤ ᠂ ᠬᠤᠷᠢᠶᠠᠵᠤ ᠠᠪᠤᠭᠰᠠᠨ ᠤᠷᠲᠤ ᠣᠬᠣᠷ ᠫᠤᠤ ᠶ᠋ᠢ ᠠᠷᠪᠠᠭᠠᠳ ᠤᠨᠤᠭᠠᠨ ᠳ᠋ᠤ᠌ ᠳᠦᠭᠦᠷᠡᠩ ᠠᠴᠢᠵᠤ ᠶᠡᠬᠡ ᠵᠠᠮ ᠢ᠋ᠶ᠋ᠠᠷ ᠪᠠᠷᠠᠭᠤᠨᠰᠢ ᠶᠠᠪᠤᠵᠠᠢ ᠃ ᠲᠡᠳᠡᠭᠡᠷ ᠪᠠᠷᠢᠭᠳᠠᠭᠰᠠᠨ ᠴᠡᠷᠢᠭ ᠳᠠᠭᠠᠯᠲᠠ ᠨᠠᠷ ᠤ᠋ᠨ ᠵᠠᠷᠢᠮ ᠨᠢ ᠬᠠᠷᠢᠶᠠᠭᠠᠳ ᠮᠣᠷᠢᠲᠠᠨ ᠤ᠋ ᠡᠮᠦᠨ᠎ᠡ ᠲᠦᠷᠭᠡᠨ ᠶᠠᠪᠤᠬᠤ ᠦᠭᠡᠢ ᠳ᠋ᠦ᠍ ᠲᠡᠳᠡᠨ ᠊ᠢ ᠵᠠᠮ ᠲᠤᠷᠰᠢ ᠨᠣᠶᠠᠨ ᠤ᠋ ᠬᠠᠵᠠᠭᠤ ᠳ᠋ᠤ᠌ ᠫᠤᠤᠳᠠᠵᠤ ᠠᠯᠠᠭᠠᠳ ᠪᠠᠶ᠋ᠢᠵᠠᠢ ᠃ ᠲᠡᠭᠦᠰᠡᠠᠮᠤᠭᠤᠯᠠᠩ ᠄ 《 ᠲᠠ ᠨᠠᠷ ᠶᠠᠭᠤᠨ ᠳ᠋ᠤ᠌ ᠬᠥᠮᠦᠨ ᠊ᠢ ᠢᠩᠭᠢᠵᠦ ᠠᠯᠠᠭᠠᠳ ᠪᠠᠶ᠋ᠢᠲᠠᠭ ᠪᠣᠢ ? 》 ᠭᠡᠬᠦ ᠳ᠋ᠦ᠍ ᠮᠥᠩᠬᠡᠥ᠌ᠯᠵᠡᠢ ᠶ᠋ᠢᠨ ᠴᠡᠷᠢᠭ ᠦ᠋ᠳ ᠄ 《 ᠥᠪᠡᠷᠰᠡᠳ ᠢ᠋ᠶ᠋ᠡᠨ ᠦᠬᠦᠬᠦ ᠭᠡᠳ ᠪᠣᠯᠬᠤ ᠦᠭᠡᠢ ᠶᠦ᠍ᠮ ᠴᠢᠨᠢ ᠪᠢᠳᠡᠨ ᠳ᠋ᠦ᠍ ᠶᠠᠮᠠᠷ ᠠᠷᠭ᠎ᠠ ᠪᠠᠶ᠋ᠢᠬᠤ ᠪᠣᠢ 》 ᠭᠡᠵᠦ ᠬᠠᠷᠢᠭᠤᠯᠤᠭᠠᠳ 《 ᠠᠮᠢ ᠠᠪᠤᠷᠠ ! 》 ᠭᠡᠵᠦ ᠪᠠᠷᠬᠢᠷᠠᠵᠤ ᠪᠠᠶ᠋ᠢᠬᠰᠠᠨ ᠭᠣᠨᠢᠷ ᠡᠪᠦᠭᠡᠨ ᠯᠠᠮᠠ ᠪᠠᠯᠵᠤᠤᠷ ᠊ᠢ ᠬᠦᠷᠲᠡᠯ᠎ᠡ ᠣᠷᠬᠢᠭᠰᠠᠨ ᠦᠭᠡᠢ ᠪᠡᠷ ᠵᠠᠮ ᠤ᠋ᠨ ᠬᠠᠵᠠᠭᠤ ᠳ᠋ᠤ᠌ ᠫᠤᠤᠳᠠᠵᠤ ᠣᠷᠬᠢᠵᠠᠢ ᠃ ᠡᠨᠡ ᠡᠳᠦᠷ ᠵᠠᠮ ᠳ᠋ᠤ᠌ ᠠᠷᠪᠠᠨ ᠨᠠᠢ᠍ᠮᠠᠨ ᠬᠥᠮᠦᠨ ᠊ᠢ ᠫᠤᠤᠳᠠᠨ ᠠᠯᠠᠵᠤ ᠂ ᠪᠠᠶ᠋ᠢᠯᠲᠤᠭᠠᠨ ᠳ᠋ᠤ᠌ ᠠᠯᠠᠭᠳᠠᠭᠰᠠᠳ ᠲᠠᠢ ᠨᠡᠶ᠋ᠢᠲᠡ ᠭᠤᠴᠢᠨ ᠳᠣᠯᠣᠭᠠᠨ ᠬᠥᠮᠦᠨ ᠪᠣᠯᠵᠠᠢ ᠃ ᠪᠠᠨᠳᠢᠳᠠ ᠶ᠋ᠢᠨ ᠳᠤᠭᠠᠩ ᠤ᠋ᠨ ᠣᠶ᠋ᠢᠷᠠᠯᠴᠠᠭ᠎ᠠ ᠰᠢᠷᠭᠤᠵᠤ ᠪᠠᠶ᠋ᠢᠬᠰᠠᠨ ᠰᠠᠶᠢᠬᠢ ᠸᠠᠩᠴᠤᠭᠷᠠᠪᠲᠠᠨ ᠂ ᠨᠠᠸᠠᠩᠨᠤᠷᠪᠤ ᠵᠡᠷᠭᠡ ᠬᠡᠳᠦᠨ ᠪᠤᠯᠢᠬᠠᠶ᠋ᠢᠴᠤᠳ ᠫᠤᠤ ᠨᠡᠭᠡᠭᠡᠯᠴᠡᠵᠦ ᠦᠢᠮᠡᠭᠡᠨ ᠭᠠᠷᠤᠭᠰᠠᠨ ᠴᠢᠮᠡᠭᠡ ᠪᠡᠷ ᠬᠠᠩᠭᠢᠨ ᠬᠤᠰᠢᠭᠤᠨ ᠳ᠋ᠤ᠌ ᠵᠠᠶ᠋ᠢᠯᠠᠨ ᠳᠤᠲᠠᠭᠠᠵᠠᠢ ᠃ ᠮᠥᠨ ᠵᠢᠯ ᠦ᠋ᠨ ᠪᠢᠯᠢᠭ ᠦ᠋ᠨ ᠨᠠᠢ᠍ᠮᠠᠨ ᠳ᠋ᠤ᠌ ᠰᠦᠢ ᠶᠤᠸᠠᠨ ᠮᠣᠵᠢ ᠶ᠋ᠢᠨ ᠵᠠᠰᠠᠭ ᠤ᠋ᠨ ᠭᠠᠵᠠᠷ ᠠ᠋ᠴᠠ ᠲᠣᠮᠢᠯᠠᠨ ᠢᠷᠡᠭᠦᠯᠦᠭᠰᠡᠨ ᠲᠥᠪᠳᠡᠨ ᠭᠡᠰᠢᠭᠦᠨ ᠭᠡᠭᠴᠢ ᠢᠷᠡᠵᠦ ᠦᠦᠰᠢᠨ
ᠬᠤᠰᠢᠭᠤᠨ ᠤ᠋ ᠵᠠᠰᠠᠭ ᠂ ᠴᠡᠷᠢᠭ ᠦ᠋ᠨ ᠲᠠᠯ᠎ᠠ ᠪᠠᠷ ᠶᠣᠰᠣ ᠬᠠᠤᠯᠢ ᠦᠯᠦ ᠨᠡᠶ᠋ᠢᠴᠡᠬᠦ ᠶᠠᠪᠤᠳᠠᠯ ᠬᠢᠭᠰᠡᠨ ᠊ᠢ ᠪᠠᠶ᠋ᠢᠴᠠᠭᠠᠵᠤ ᠢᠯᠠᠩᠭᠤᠶ᠎ᠠ ᠪᠠᠨᠳᠢᠳᠠ ᠶ᠋ᠢᠨ ᠳᠤᠭᠠᠩ ᠳᠡᠭᠡᠷ᠎ᠡ ᠠᠷᠪᠢᠨ ᠲᠣᠭᠠᠨ ᠤ᠋ ᠬᠥᠮᠦᠨ ᠠᠯᠠᠭᠰᠠ ᠬᠡᠷᠡᠭ ᠊ᠢ ᠭᠣᠣᠯᠳᠠᠯᠭ᠎ᠠ ᠪᠣᠯᠭᠠᠨ ᠪᠠᠶ᠋ᠢᠴᠠᠭᠠᠭᠠᠳ ᠭᠠᠯᠠᠭᠤᠲᠤ ᠶ᠋ᠢᠨ ᠰᠦᠮ᠎ᠡ ᠳᠡᠭᠡᠷ᠎ᠡ ᠴᠢᠭᠤᠯᠭᠠᠨ ᠴᠢᠭᠤᠯᠵᠤ ᠲᠡᠭᠦᠰᠡᠠᠮᠤᠭᠤᠯᠠᠩ ᠨᠣᠶᠠᠨ ᠡᠬᠢᠯᠡᠨ ᠂ ᠬᠤᠰᠢᠭᠤᠨ ᠤ᠋ ᠵᠠᠰᠠᠭ ᠴᠡᠷᠢᠭ ᠦ᠋ᠨ ᠲᠦᠰᠢᠮᠡᠳ ᠲᠤᠰᠢᠶᠠᠯᠲᠠᠨ ᠳᠠᠷᠤᠭ᠎ᠠ ᠴᠡᠷᠢᠭ ᠊ᠢ ᠪᠦᠬᠦᠨ ᠊ᠢ ᠪᠦᠷᠢᠳᠬᠡᠵᠦ ᠄ ᠦᠦᠰᠢᠨ ᠬᠣᠰᠢᠭᠤ ᠬᠡᠳᠦᠨ ᠵᠢᠯ ᠦ᠋ᠨ ᠲᠤᠷᠰᠢᠳᠠ ᠦᠷᠭᠦᠯᠵᠢᠯᠡᠨ ᠰᠠᠮᠠᠭᠤᠷᠠᠯ ᠭᠠᠷᠭᠠᠵᠤ ᠂ ᠢᠷᠭᠡᠨ ᠤᠯᠤᠰ ᠤ᠋ᠨ ᠶᠣᠰᠣ ᠬᠠᠤᠯᠢ ᠳ᠋ᠤ᠌ ᠦᠯᠦ ᠨᠡᠶ᠋ᠢᠴᠡᠬᠦ ᠬᠡᠷᠡᠭ ᠦ᠋ᠳ ᠊ᠢ ᠬᠢᠪᠡ ᠭᠡᠵᠦ ᠶᠡᠬᠡᠳᠡ ᠵᠢᠮᠡᠯᠡᠨ ᠳᠣᠩᠭᠣᠳᠴᠠᠢ ᠃ ᠮᠥᠩᠬᠡᠥ᠌ᠯᠵᠡᠢ ᠲᠡᠷᠡ ᠪᠠᠶ᠋ᠢᠴᠠᠭᠠᠭᠴᠢ ᠲᠦᠰᠢᠮᠡᠯ ᠲᠦᠪᠳᠡᠨ ᠭᠡᠰᠢᠭᠦᠨ ᠦ᠌ ᠠᠴᠢᠮᠠᠯ ᠤ᠋ᠨ ᠳᠣᠲᠣᠷ᠎ᠠ 《 ᠥᠴᠦᠬᠡᠨ ᠰᠠᠨᠠᠯ ᠤ᠋ᠨ ᠲᠡᠳᠦᠢ 》 ᠭᠡᠵᠦ ᠨᠡᠯᠢᠶᠡᠳ ᠲᠣᠭᠠᠨ ᠤ᠋ ᠮᠥᠩᠭᠥ ᠲᠥᠭᠥᠷᠢᠭ ᠰᠠᠪᠠᠯᠠᠨ ᠣᠷᠣᠭᠤᠯᠤᠭᠰᠠᠨ ᠳ᠋ᠤ᠌ ᠳᠠᠷᠤᠶ᠋ᠢᠬᠠᠨ ᠲᠩᠷᠢ ᠶ᠋ᠢᠨ ᠥᠩᠭᠡ ᠲᠤᠩᠭᠠᠯᠠᠭᠰᠢᠭᠰᠠᠨ ᠮᠡᠲᠦ ᠪᠣᠯᠵᠤ ᠲᠦᠪᠳᠡᠨ ᠭᠡᠰᠢᠭᠦᠨ ᠰᠤᠷᠭᠠᠨ ᠵᠢᠭᠠᠪᠤᠷᠢᠯᠠᠬᠤ ᠲᠥᠯᠥᠪᠲᠡᠢ ᠰᠢᠢᠳᠪᠦᠷᠢ ᠭᠠᠷᠭᠠᠵᠤ ᠄ 《 ᠦᠦᠰᠢᠨ ᠬᠤᠰᠢᠭᠤᠨ ᠤ᠋ ᠵᠠᠰᠠᠭ ᠪᠡᠶ᠋ᠢᠯᠡ ᠨᠣᠶᠠᠨ ᠵᠠᠰᠠᠭ ᠤ᠋ᠨ ᠶᠠᠪᠤᠳᠠᠯ ᠊ᠢ ᠢᠯᠭᠠᠬᠤ ᠦᠭᠡᠢ ᠪᠥᠭᠡᠳ ᠨᠢᠭᠡᠨᠲᠡ ᠮᠠᠯᠠᠭᠠᠨ ᠤ᠋ ᠲᠠᠯᠪᠢᠭᠤᠷ ᠪᠣᠯᠵᠤ ᠂ ᠢᠮᠠᠭᠲᠠ ᠬᠠᠷ᠎ᠠ ᠲᠠᠮᠠᠬᠢᠨ ᠳ᠋ᠤ᠌ ᠰᠢᠨᠤᠬᠠᠶ᠋ᠢᠷᠠᠨ ᠡᠳᠦᠷ ᠦᠷᠭᠦᠯᠵᠢ ᠶ᠋ᠢᠨ ᠠᠮᠢᠳᠤᠷᠠᠯ ᠳᠣᠷᠣᠶ᠋ᠢᠲᠠᠵᠤᠬᠤᠢ ᠂
ᠬᠥᠮᠦᠨ ᠪᠣᠯ ᠨᠠᠷᠠ ᠭᠠᠷᠬᠤ ᠳ᠋ᠤ᠌ ᠪᠣᠰᠴᠤ ᠂ ᠰᠠᠷ᠎ᠠ ᠭᠠᠷᠬᠤ ᠳ᠋ᠤ᠌ ᠤᠨᠲᠠᠳᠠᠭ ᠳᠠᠳᠬᠠᠯ ᠲᠠᠢ ᠪᠠᠶ᠋ᠢᠲᠠᠯ᠎ᠠ ᠦᠦᠰᠢᠨ ᠨᠣᠶᠠᠨ ᠬᠠᠷᠢᠨ ᠰᠠᠷ᠎ᠠ ᠭᠠᠷᠬᠤ ᠳ᠋ᠤ᠌ ᠪᠣᠰᠴᠤ ᠂ ᠨᠠᠷᠠ ᠭᠠᠷᠬᠤ ᠳ᠋ᠤ᠌ ᠤᠨᠲᠠᠬᠤ ᠪᠣᠯᠤᠭᠰᠠᠨ ᠪᠠᠶ᠋ᠢᠨ᠎ᠠ ᠃ ᠵᠥᠪᠬᠡᠨ ᠬᠠᠵᠠᠭᠤ ᠬᠡᠯᠪᠡᠷᠢ ᠶ᠋ᠢᠨ ᠠᠮᠢᠳᠤᠷᠠᠯ ᠳ᠋ᠤ᠌ ᠰᠢᠨᠤᠬᠠᠶ᠋ᠢᠷᠠᠨ ᠢᠳᠡᠬᠦ ᠤᠨᠲᠠᠬᠤ ᠪᠠᠷ ᠭᠣᠣᠯᠳᠠᠭᠤ ᠪᠣᠯᠵᠤ ᠵᠠᠰᠠᠭ ᠤ᠋ᠨ ᠡᠷᠬᠡ ᠶ᠋ᠢ ᠦᠯᠦ ᠬᠠᠮᠢᠶᠠᠷᠤᠨ ᠂ ᠪᠠᠯᠠᠷ ᠬᠠᠷᠠᠩᠭᠤᠢ ᠶ᠋ᠢᠨ ᠲᠤᠶ᠋ᠢᠯ ᠬᠦᠷᠴᠦᠬᠦᠢ ᠃ ᠬᠣᠶ᠋ᠢᠰᠢᠲᠠ ᠦᠦᠰᠢᠨ ᠬᠤᠰᠢᠭᠤᠨ ᠤ᠋ ᠵᠠᠰᠠᠭ ᠤ᠋ᠨ ᠶᠠᠪᠤᠳᠠᠯ ᠊ᠢ ᠰᠠᠶ᠋ᠢᠲᠤᠷ ᠡᠷᠬᠢᠯᠡᠵᠦ ᠂ ᠨᠢᠭᠡᠨ ᠬᠤᠰᠢᠭᠤᠨ ᠤ᠋ ᠠᠮᠤᠷ ᠲᠦᠪᠰᠢᠨ ᠊ᠢ ᠪᠠᠲᠤᠯᠠᠬᠤ ᠶ᠋ᠢᠨ ᠲᠥᠯᠥᠭᠡ ᠮᠥᠩᠬᠡᠥ᠌ᠯᠵᠡᠢ ᠶ᠋ᠢ ᠬᠤᠰᠢᠭᠤᠨ ᠤ᠋ ᠬᠡᠷᠡᠭ ᠊ᠢ ᠲᠠᠰᠤᠯᠠᠨ ᠰᠢᠢᠳᠬᠡᠭᠴᠢ ᠪᠣᠯᠭᠠᠰᠤᠭᠠᠢ ! ᠨᠢᠭᠡᠨ ᠬᠤᠰᠢᠭᠤᠨ ᠤ᠋ ᠵᠠᠰᠠᠭ ᠂ ᠴᠡᠷᠢᠭ ᠦ᠋ᠨ ᠶᠠᠪᠤᠳᠠᠯ ᠳ᠋ᠤ᠌ ᠠᠩᠬᠠᠷᠤᠯ ᠲᠠᠯᠪᠢᠵᠤ ᠬᠣᠶ᠋ᠢᠰᠢᠲᠠ ᠶ᠋ᠢᠨ ᠭᠠᠷᠴᠤ ᠮᠡᠳᠡᠬᠦ ᠪᠤᠳᠤᠯᠢᠶᠠᠨ ᠰᠠᠮᠠᠭᠤᠷᠠᠯ ᠊ᠢ ᠰᠡᠷᠭᠡᠶ᠋ᠢᠯᠡᠵᠦ ᠬᠡᠪ ᠵᠢᠷᠤᠮ ᠊ᠢ ᠬᠢᠴᠢᠶᠡᠨ ᠰᠠᠬᠢᠲᠤᠭᠠᠢ 》 ᠭᠡᠵᠦ ᠨᠡᠶ᠋ᠢᠲᠡᠯᠡᠪᠡ ᠃
6. ᠮᠥᠩᠬᠡᠥ᠌ᠯᠵᠡᠢ ᠬᠣᠷᠢᠶᠠᠨ ᠳᠠᠷᠤᠭ᠎ᠠ ᠪᠣᠯᠣᠮᠠᠭᠴᠠ1930 ᠣᠨ ᠳ᠋ᠤ᠌ ᠨᠢᠮᠠᠷᠢᠨᠴᠢᠨ ᠂ ᠥᠯᠵᠡᠶ᠋ᠢᠪᠠᠭᠠᠲᠤᠷ ᠬᠣᠶᠠᠭᠤᠯᠠ ᠶ᠋ᠢ ᠤᠷᠢᠳ ᠬᠣᠵᠢᠳ ᠪᠠᠷᠢᠪᠴᠢᠯᠠᠭᠠᠳ 《 ᠰᠢᠨᠠᠯᠠᠮ᠎ᠠ ᠶ᠋ᠢ ᠬᠣᠣᠷᠯᠠᠬᠤ ᠳ᠋ᠤ᠌ ᠣᠷᠣᠯᠴᠠᠭᠰᠠᠨ ᠡᠲᠡᠭᠡᠳ 》 ᠭᠡᠵᠦ ᠬᠢᠯᠢᠰ ᠢ᠋ᠶ᠋ᠡᠷ ᠠᠯᠠᠵᠤ ᠃ ᠲᠡᠷᠡ ᠦᠦᠰᠢᠨ ᠬᠤᠰᠢᠭᠤᠨ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠊ᠢ ᠦᠭᠡᠢ ᠪᠣᠯᠭᠠᠵᠤ ᠵᠣᠬᠢᠶᠠᠨ ᠪᠠᠶ᠋ᠢᠭᠤᠯᠤᠯᠲᠠ ᠶ᠋ᠢ ᠬᠠᠯᠠᠨ ᠥᠭᠡᠷᠡᠴᠢᠯᠡᠭᠰᠡᠨ ᠳ᠋ᠦ᠍ ᠂ ᠨᠠᠮ ᠤ᠋ᠨ ᠬᠣᠷᠢᠶᠠᠨ ᠤ᠋ ᠭᠡᠰᠢᠭᠦᠨ ᠨᠢᠮᠠᠷᠢᠨᠴᠢᠨ ᠶᠡᠬᠡ ᠪᠡᠷ ᠳᠤᠷ᠎ᠠ ᠦᠭᠡᠶ᠋ᠢᠴᠡᠵᠦ ᠂ ᠠᠷᠤ ᠮᠣᠩᠭᠣᠯ ᠳ᠋ᠤ᠌ ᠶᠠᠪᠤᠵᠤ ᠮᠥᠩᠬᠡᠥ᠌ᠯᠵᠡᠢ ᠶ᠋ᠢ ᠵᠠᠭᠠᠯᠳᠤᠬᠤ ᠪᠠᠷ ᠥᠯᠵᠡᠶ᠋ᠢᠪᠠᠭᠠᠲᠤᠷ ( ᠲᠣᠯᠢ ᠶ᠋ᠢᠨ ᠨᠠᠮ ᠤ᠋ᠨ ᠡᠭᠦᠷ ᠦ᠋ᠨ ᠳᠠᠷᠤᠭ᠎ᠠ ) ᠲᠠᠢ ᠵᠥᠪᠲᠡᠭᠰᠡᠨ ᠪᠠ ᠥᠯᠵᠡᠶ᠋ᠢᠪᠠᠭᠠᠲᠤᠷ 《 ᠡᠨᠡ ᠬᠣᠰᠢᠭᠤ ᠣᠳᠣ ᠪᠠᠷᠠᠭᠰᠠᠨ ᠂ ᠨᠢᠭᠡ ᠮᠥᠩᠬᠡᠥ᠌ᠯᠵᠡᠢ ᠶ᠋ᠢᠨ ᠭᠠᠷ ᠲᠤ᠌ ᠣᠷᠣᠬᠤ ᠪᠣᠯᠤᠨ᠎ᠠ ᠂ ᠦᠦᠰᠢᠨ ᠬᠣᠰᠢᠭᠤ ᠪᠠᠰᠠ ᠯᠠ ᠭᠠᠰᠢᠭᠤᠨ ᠵᠣᠪᠠᠯᠠᠩ ᠳ᠋ᠤ᠌ ᠲᠡᠯᠴᠢᠯᠡᠬᠦ ᠪᠣᠯᠵᠠᠢ 》 ᠭᠡᠵᠦ ᠬᠡᠯᠡᠵᠡᠢ ᠃ ᠡᠳᠡᠭᠡᠷ ᠶᠠᠪᠤᠳᠠᠯ ᠊ᠢ ᠮᠥᠩᠬᠡᠥ᠌ᠯᠵᠡᠢ ᠣᠯᠵᠤ ᠰᠣᠨᠣᠰᠤᠭᠠᠳ ᠲᠤᠰᠬᠠᠢ ᠴᠡᠷᠢᠭ ᠲᠣᠮᠢᠯᠠᠵᠤ ᠥᠯᠵᠡᠶ᠋ᠢᠪᠠᠭᠠᠲᠤᠷ ᠊ᠢ ᠬᠠᠯᠢᠭᠤᠲᠤ ᠶ᠋ᠢᠨ ᠪᠠᠷᠠᠭᠤᠨ ᠵᠠᠪᠰᠠᠷ ᠲᠤ᠌ ᠠᠯᠠᠵᠤ ᠂ ᠨᠢᠮᠠᠷᠢᠨᠴᠢᠨ ᠊ᠢ ᠪᠠᠷᠢᠪᠴᠢᠯᠠᠨ ᠠᠪᠴᠤ ᠭᠠᠯᠠᠭᠤᠲᠤ ᠶ᠋ᠢᠨ ᠰᠦᠮ᠎ᠡ ᠳᠡᠭᠡᠷ᠎ᠡ ᠬᠦᠨᠳᠦ ᠡᠷᠡᠭᠦᠳᠡᠨ ᠵᠣᠳᠣᠭᠠᠳ ᠶᠠᠮᠠᠷ ᠴᠤ᠌ ᠥᠴᠢᠭ ᠠᠪᠤᠭᠰᠠᠨ ᠦᠭᠡᠢ ᠪᠡᠷ ᠭᠠᠯᠠᠭᠤᠲᠤ ᠶ᠋ᠢᠨ ᠰᠦᠮ᠎ᠡ ᠶ᠋ᠢᠨ ᠪᠠᠷᠠᠭᠤᠨ ᠪᠤᠷᠭᠠᠰᠤᠨ ᠳ᠋ᠤ᠌ ᠠᠷᠤ ᠠ᠋ᠴᠠ ᠨᠢ ᠫᠤᠤᠳᠠᠵᠤ ᠠᠯᠠᠵᠠᠢ ᠃
ᠮᠥᠩᠬᠡᠥ᠌ᠯᠵᠡᠢ ᠤᠷᠢᠳ ᠬᠣᠵᠢᠳ ᠳᠥᠴᠢᠨ ᠬᠣᠶᠠᠷ ᠬᠥᠮᠦᠨ ᠊ᠢ ᠠᠯᠠᠵᠤ ᠡᠭᠦᠨ ᠳ᠋ᠦ᠍ ᠰᠢᠨᠡᠯᠡᠮ᠎ᠡ ᠶ᠋ᠢᠨ ᠴᠡᠷᠢᠭ ᠲᠦ᠍ ᠪᠠᠶ᠋ᠢᠬᠰᠠᠨ ᠭᠤᠷᠪᠠᠨ ᠬᠥᠮᠦᠨ ᠂ ᠨᠠᠮ ᠤ᠋ᠨ ᠠᠵᠢᠯᠲᠠᠨ ᠬᠣᠶᠠᠷ ᠬᠥᠮᠦᠨ ᠪᠠ ᠲᠡᠭᠥᠰᠡᠠᠮᠤᠭᠤᠯᠠᠩ ᠨᠣᠶᠠᠨ ᠤ᠋ ᠴᠡᠷᠢᠭ ᠂ ᠳᠠᠭᠠᠯᠲᠠ ᠵᠡᠷᠭᠡ ᠭᠤᠴᠢᠨ ᠳᠣᠯᠣᠭᠠᠨ ᠬᠥᠮᠦᠨ ᠊ᠢ ᠠᠯᠠᠵᠤ ᠂ ᠰᠢᠨᠠᠯᠠᠮ᠎ᠠ ᠶ᠋ᠢ ᠬᠣᠣᠷᠯᠠᠭᠰᠠᠨ ᠨᠢ ᠲᠡᠭᠦᠰᠡᠠᠮᠤᠭᠤᠯᠠᠩ ᠨᠣᠶᠠᠨ ᠤ᠋ ᠳᠣᠬᠢᠯᠭᠠ ᠪᠠᠷ ᠮᠥᠩᠬᠡᠥ᠌ᠯᠵᠡᠢ ᠤᠬᠠᠭᠠᠯᠠᠨ ᠦᠢᠯᠡᠲᠦᠭᠰᠡᠨ ᠬᠡᠷᠡᠭ ᠮᠥᠨ ᠭᠡᠳᠡᠭ ᠊ᠢ ᠮᠡᠳᠡᠬᠦ ᠬᠥᠮᠦᠰ ᠊ᠢ ᠴᠥᠮ ᠊ᠢ ᠠᠯᠠᠵᠤ ᠪᠢᠯᠡ ᠃ ᠲᠡᠭᠡᠭᠡᠳ ᠬᠣᠰᠢᠭᠤ ᠬᠡᠷᠡᠭ ᠊ᠢ ᠳᠤᠰᠤᠯᠠᠨ ᠰᠢᠢᠳᠬᠡᠭᠴᠢ ᠪᠣᠯᠤᠭᠰᠠᠨ ᠠ᠋ᠴᠠ ᠬᠣᠶ᠋ᠢᠰᠢ ᠴᠡᠷᠢᠭ ᠦ᠋ᠨ ᠵᠠᠬᠢᠷᠤᠯ ᠤ᠋ᠨ ᠡᠷᠬᠡ ᠰᠦᠷ ᠨᠢ ᠤᠯᠠᠮ ᠨᠡᠮᠡᠭᠲᠡᠭᠰᠡᠨ ᠢ᠋ᠶ᠋ᠡᠷ ᠪᠠᠷᠠᠬᠤ ᠦᠭᠡᠢ ᠂ ᠵᠠᠰᠠᠭ ᠤ᠋ᠨ ᠲᠠᠯ᠎ᠠ ᠶ᠋ᠢᠨ ᠬᠡᠷᠡᠭ ᠶᠠᠪᠤᠳᠠᠯ ᠳ᠋ᠤ᠌ ᠴᠤ᠌ ᠰᠢᠭᠤᠳ ᠭᠠᠷ ᠲᠥᠷᠥᠵᠦ ᠂ ᠦᠦᠰᠢᠨ ᠬᠤᠰᠢᠭᠤᠨ ᠤ᠋ ᠵᠠᠰᠠᠭ ᠴᠡᠷᠢᠭ ᠦ᠋ᠨ ᠬᠠᠮᠤᠭ ᠡᠷᠬᠡ ᠶ᠋ᠢ ᠬᠠᠮᠤᠷᠤᠨ ᠡᠵᠡᠯᠡᠵᠦ ᠭᠠᠭᠴᠠᠭᠠᠷ ᠡᠵᠡᠷᠬᠡᠭᠰᠡᠨ ᠡᠷᠬᠡᠲᠦ ᠵᠠᠰᠠᠭ ᠊ᠢ ᠳᠣᠯᠣᠭᠠᠨ ᠵᠢᠯ ᠨᠣᠶᠠᠷᠬᠠᠵᠠᠢ ᠃
ᠪᠠᠰᠠ ᠨᠢᠭᠡᠨ ᠵᠢᠱ᠌ᠢᠶ᠎ᠡ ᠪᠣᠯ ᠠᠷᠪᠢᠨᠪᠠᠶᠠᠷ ᠰᠤᠮᠤᠨ ᠳᠠᠷᠤᠭ᠎ᠠ ᠶ᠋ᠢᠨ ᠬᠣᠣᠷᠯᠠᠭᠳᠠᠭᠰᠠᠨ ᠤᠴᠢᠷ ᠪᠣᠯᠤᠨ᠎ᠠ ᠃
ᠮᠥᠩᠬᠡᠥ᠌ᠯᠵᠡᠢ ᠳᠠᠪᠴᠠᠭ ᠤ᠋ᠨ ᠴᠠᠶ᠋ᠢᠲᠠᠮ ᠳ᠋ᠤ᠌ ᠴᠡᠷᠢᠭ ᠦ᠋ᠨ ᠬᠣᠷᠢᠶ᠎ᠠ ᠪᠠᠶ᠋ᠢᠭᠤᠯᠤᠭᠠᠳ ᠳᠡᠮᠡᠢ ᠤᠳᠠᠭᠠᠳᠤᠢ ᠪᠠᠶ᠋ᠢᠵᠤ ᠂ ᠢᠰᠢᠨᠤᠷᠪᠤ ᠶ᠋ᠢᠨ ᠪᠦᠰᠡᠭᠦᠢ ᠰᠠᠷᠠᠨ ᠲᠠᠢ ᠢᠨᠠᠭ ᠠᠮᠠᠷᠠᠭ ᠪᠣᠯᠵᠤ ᠦᠷᠭᠦᠯᠵᠢ ᠲᠡᠷᠡ ᠠᠶ᠋ᠢᠯ ᠳ᠋ᠤ᠌ ᠰᠠᠭᠠᠲᠠᠳᠠᠭ ᠪᠠᠶ᠋ᠢᠬᠰᠠᠨ ᠠ᠋ᠴᠠ ᠄ 《 ᠰᠠᠷᠠᠭᠤᠯᠬᠠᠨ ᠪᠡᠯᠴᠡᠭᠡᠷ ᠪᠠᠶ᠋ᠢᠨ᠎ᠠ ᠴᠡᠶ᠋ᠢᠽᠨ ᠥᠨᠳᠥᠷ ᠪᠠᠶ᠋ᠢᠨ᠎ᠠ
ᠴᠡᠶ᠋ᠢᠽᠨ ᠦ᠌ ᠣᠷᠣᠢ ᠳᠡᠭᠡᠷ᠎ᠡ ᠡᠴᠡ ᠰᠠᠷᠠᠨ ᠢ᠋ᠶ᠋ᠠᠨ ᠬᠠᠷᠠᠵᠤ ᠪᠠᠶ᠋ᠢᠨ᠎ᠠ ᠃ 》 ᠭᠡᠵᠦ ᠴᠡᠷᠢᠭ ᠦ᠋ᠳ ᠰᠢᠯᠦᠭᠯᠡᠵᠡᠢ ᠃ ᠮᠥᠩᠬᠡᠥ᠌ᠯᠵᠡᠢ ᠲᠡᠭᠡᠭᠡᠳ ᠴᠡᠷᠢᠭ ᠦ᠋ᠨ ᠬᠣᠷᠢᠶ᠎ᠠ ᠪᠠᠶ᠋ᠢᠭᠤᠯᠵᠤ ᠳᠠᠭᠤᠰᠤᠭᠰᠠᠨ ᠤ᠋ ᠳᠠᠷᠠᠭ᠎ᠠ ᠳᠥᠷᠪᠡᠨ ᠰᠤᠮᠤᠨ ᠳᠠᠷᠤᠭ᠎ᠠ ᠲᠠᠢ ᠪᠠᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠢᠰᠢᠨᠤᠷᠪᠤ ᠶ᠋ᠢᠨ ᠳ᠋ᠦ᠍ ᠠᠶ᠋ᠢᠯᠴᠢᠯᠠᠭᠠᠳ ᠰᠣᠭᠲᠣᠵᠤ ᠮᠠᠭᠤ ᠪᠠᠷ ᠵᠠᠩᠨᠠᠭᠰᠠᠨ ᠪᠠᠶ᠋ᠢᠨ᠎ᠠ ᠃ ᠲᠡᠭᠡᠬᠦ ᠳ᠋ᠦ᠍ ᠠᠷᠪᠢᠨᠪᠠᠶᠠᠷ ᠰᠤᠮᠤᠨ ᠳᠠᠷᠤᠭ᠎ᠠ ᠦᠵᠡᠭᠡᠳ ᠠᠭᠤᠷ ᠨᠢ ᠬᠦᠷᠴᠦ 《 ᠪᠢ ᠴᠢᠮᠡᠢ᠍ᠢ ᠠᠯᠠᠴᠢᠬᠠᠶ᠎ᠠ ! ᠮᠠᠨ ᠤ᠋ ᠬᠠᠳᠠᠮ ᠡᠴᠢᠭᠡ ( ᠰᠢᠨᠠᠯᠠᠮ᠎ᠠ ) ᠶ᠋ᠢ ᠠᠯᠠᠭᠰᠠ ᠬᠥᠮᠦᠨ ᠪᠣᠯ ᠴᠢ 》 ᠭᠡᠵᠦ ᠪᠣᠰᠴᠤ ᠢᠷᠡᠭᠰᠡᠨ ᠳ᠋ᠤ᠌ ᠪᠤᠰᠤᠳ ᠭᠤᠷᠪᠠᠨ ᠰᠤᠮᠤᠨ ᠳᠠᠷᠤᠭ᠎ᠠ ᠨᠢ ᠬᠣᠷᠢᠵᠠᠢ ᠃ ᠡᠨᠡ ᠬᠡᠷᠡᠭ ᠡᠴᠡ ᠮᠥᠩᠬᠡᠥ᠌ᠯᠵᠡᠢ ᠂ ᠠᠷᠪᠢᠨᠪᠠᠶᠠᠷ ᠊ᠢ ᠬᠣᠣᠷᠯᠠᠬᠤ ᠰᠠᠨᠠᠭ᠎ᠠ ᠡᠭᠦᠰᠴᠡᠢ ᠃ ᠲᠤᠬᠠᠢ ᠶ᠋ᠢᠨ ᠦᠶ᠎ᠡ ᠳ᠋ᠦ᠍ ᠵᠠᠬ᠎ᠠ ᠬᠢᠵᠠᠭᠠᠷ ᠊ᠢ ᠴᠠᠭᠳᠠᠵᠤ ᠳ᠋ᠤᠯᠢ ( ᠳᠡᠭᠡᠷᠡᠮ ) ᠵᠣᠳᠣᠬᠤ ᠪᠠᠷ ᠶᠠᠪᠤᠬᠤ ᠳ᠋ᠤ᠌ ᠰᠤᠮᠤ ᠪᠦᠷᠢ ᠡᠴᠡ ᠴᠡᠷᠢᠭ ᠲᠠᠲᠠᠵᠤ ᠶᠠᠪᠤᠭᠤᠯᠳᠠᠭ ᠪᠣᠯᠬᠣᠷ ᠮᠥᠩᠬᠡᠥ᠌ᠯᠵᠡᠢ ᠬᠥᠮᠦᠨ ᠢ᠋ᠶ᠋ᠡᠨ ᠲᠣᠬᠢᠷᠠᠭᠤᠯᠬᠤ ᠳ᠋ᠤ᠌ ᠨᠥᠬᠥᠴᠡᠯ ᠲᠠᠢ ᠶᠤᠮ ᠃
ᠠᠷᠪᠢᠨᠪᠠᠶᠠᠷ ᠰᠤᠮᠤᠨ ᠳᠠᠷᠤᠭ᠎ᠠ ᠵᠠᠬ᠎ᠠ ᠬᠢᠵᠠᠭᠠᠷ ᠊ᠢ ᠰᠡᠷᠭᠡᠶ᠋ᠢᠯᠡᠬᠦ ᠪᠡᠷ ᠳᠠᠯᠠᠨ ᠬᠡᠳᠦᠨ ᠴᠡᠷᠢᠭ ᠳᠠᠭᠠᠭᠤᠯᠵᠤ ᠶᠠᠪᠤᠭᠠᠳ ᠤᠷᠲᠤ ᠪᠡᠶ᠎ᠡ ᠶ᠋ᠢᠨ ᠶᠡᠬᠡ ᠰᠢᠪᠠᠷ ᠣᠷᠴᠢᠮ ᠳ᠋ᠤ᠌ ᠮᠢᠩᠭ᠎ᠠ ᠰᠢᠬᠠᠮ ᠳᠡᠭᠡᠷᠡᠮ ᠲᠡᠢ ᠲᠠᠭᠠᠷᠠᠵᠤ ᠪᠠᠶ᠋ᠢᠯᠲᠤᠭᠠᠳ ᠠᠪᠲᠠᠷᠠᠵᠤ ᠳᠤᠲᠠᠭᠠᠵᠤ ᠪᠠᠶ᠋ᠢᠭᠠᠳ ᠰᠢᠪᠠᠷ ᠲᠠᠢ ᠭᠠᠵᠠᠷ ᠢ᠋ᠶ᠋ᠠᠷ ᠥᠩᠭᠡᠷᠡᠬᠦ ᠳ᠋ᠦ᠍ ᠨᠢᠭᠡ ᠳᠠᠭᠠᠯ ᠨᠢ ᠭᠠᠷᠴᠤ ᠳᠡᠶ᠋ᠢᠯᠦᠭᠰᠡᠨ ᠦᠭᠡᠢ ᠲᠤᠯᠠ ᠂ ᠳᠠᠭᠠᠯ ᠢ᠋ᠶ᠋ᠠᠨ ᠰᠢᠪᠠᠷ ᠢ᠋ᠶ᠋ᠠᠷ ᠥᠩᠭᠡᠷᠡᠭᠦᠯᠬᠦ ᠶ᠋ᠢᠨ ᠲᠥᠯᠥᠭᠡ ᠠᠷᠪᠢᠨᠪᠠᠶᠠᠷ ᠵᠣᠭᠰᠣᠵᠤ ᠂ ᠳ᠋ᠤᠯᠢ ᠲᠠᠢ ᠫᠤᠤᠳᠠᠯᠴᠠᠵᠤ ᠪᠠᠶ᠋ᠢᠭᠠᠳ ᠰᠤᠮᠤᠨ ᠳ᠋ᠤ᠌ ᠣᠨᠣᠭᠳᠠᠵᠤ ᠨᠠᠰᠤ ᠪᠠᠷᠠᠭᠰᠠᠨ ᠪᠠᠶ᠋ᠢᠨ᠎ᠠ ᠂ ᠲᠡᠭᠡᠭᠡᠳ ᠤᠷᠲᠤ ᠪᠡᠶ᠎ᠡ ᠡᠴᠡ ᠠᠷᠪᠢᠨᠪᠠᠶᠠᠷ ᠤ᠋ᠨ ᠬᠡᠭᠦᠷ ᠊ᠢ ᠲᠡᠮᠡᠭᠡᠨ ᠳᠡᠭᠡᠷ᠎ᠡ ᠠᠴᠢᠵᠤ ᠠᠪᠴᠢᠷᠠᠨ ᠣᠷᠣᠰᠢᠭᠤᠯᠤᠭᠰᠠᠨ ᠪᠠᠶ᠋ᠢᠵᠠᠢ ᠃ ᠲᠤᠬᠠᠢ ᠦᠶ᠎ᠡ ᠳ᠋ᠦ᠍ ᠦᠦᠰᠢᠨ ᠦ᠌ ᠴᠡᠷᠢᠭ ᠦ᠋ᠳ ᠣᠯᠠᠨ ᠤᠳᠠᠭ᠎ᠠ ᠳ᠋ᠤᠯᠢ ᠳᠡᠭᠡᠷᠡᠮ ᠊ᠢ ᠵᠣᠳᠣᠵᠤ ᠶᠠᠪᠤᠭᠰᠠᠨ ᠴᠤ᠌ ᠰᠤᠮᠤᠨ ᠳᠠᠷᠤᠭ᠎ᠠ ᠪᠠᠶ᠋ᠢᠲᠤᠭᠠᠢ ᠰᠠᠯᠠᠭᠠᠨ ᠳᠠᠷᠤᠭ᠎ᠠ ᠴᠤ᠌ ᠠᠯᠠᠭᠳᠠᠭᠰᠠᠨ ᠲᠡᠦᠬᠡ ᠥᠭᠡᠷ᠎ᠡ ᠪᠠᠷᠤᠭ ᠦᠭᠡᠢ ᠶᠦ᠍ᠮ ᠃
ᠠᠷᠪᠢᠨᠪᠠᠶᠠᠷ ᠪᠣᠯ ᠲᠣᠯᠢ ᠶ᠋ᠢᠨ ᠲᠣᠭᠣᠷᠢᠮ ᠳ᠋ᠤ᠌ ᠨᠤᠲᠤᠭ ᠲᠠᠢ ᠲᠠᠶ᠋ᠢᠵᠢ ᠤᠳᠤᠮ ᠤᠭᠰᠠᠭ᠎ᠠ ᠲᠠᠢ ᠪᠣᠭᠣᠨᠢ ᠪᠡᠶ᠎ᠡ ᠲᠡᠢ ᠬᠥᠮᠦᠨ ᠪᠠᠶ᠋ᠢᠬᠰᠠᠨ ᠲᠤᠯᠠ ᠬᠥᠮᠦᠰ ᠲᠡᠭᠦᠨ ᠊ᠢ ᠪᠠ
7. ᠮᠥᠩᠬᠡᠥ᠌ᠯᠵᠡᠢ ᠬᠠᠩᠭᠢᠨ ᠨᠣᠶᠠᠨ ᠊ᠢ ᠬᠠᠪᠢᠷᠭᠠᠳᠠᠨ ᠳᠠᠭᠠᠵᠤ ᠪᠤᠭᠤᠲᠤ ᠳ᠋ᠤ᠌ ᠣᠴᠢᠭᠠᠳ ᠶᠠᠫᠣᠨ ᠡᠵᠡᠷᠬᠡᠭ ᠲᠦᠷᠢᠮᠡᠬᠡᠶ᠋ᠢᠲᠡᠨ ᠦ᠌ ᠰᠢᠳᠤᠷᠭᠤ ᠪᠣᠭᠣᠯ ᠪᠣᠯᠤᠭᠰᠠᠨ ᠪᠠᠶ᠋ᠢᠨ᠎ᠠ ᠃
ᠮᠥᠩᠬᠡᠥ᠌ᠯᠵᠡᠢ1935 ᠣᠨ ᠤ᠋ ᠪᠢᠯᠢᠭ ᠦ᠋ᠨ ᠭᠤᠷᠪᠠᠨ ᠰᠠᠷ᠎ᠠ ᠶ᠋ᠢᠨ ᠬᠣᠷᠢᠨ ᠨᠢᠭᠡᠨ ᠦ᠌ ᠡᠵᠡᠨ ᠴᠢᠩᠭᠢᠰ ᠦ᠋ᠨ ᠶᠡᠬᠡ ᠳᠠᠶ᠋ᠢᠯᠭᠠ ᠳ᠋ᠤ᠌ ᠣᠷᠣᠯᠴᠠᠭᠠᠳ ᠬᠤᠰᠢᠭᠤᠨ ᠳ᠋ᠠᠭᠠᠨ ᠪᠤᠴᠠᠬᠤ ᠪᠠᠷ ᠶᠠᠪᠤᠵᠤ ᠪᠠᠶ᠋ᠢᠲᠠᠯ᠎ᠠ ᠭᠡᠨᠡᠳᠲᠡ ᠨᠠᠰᠤᠨᠲᠡᠯᠭᠡᠷ ᠬᠡᠷᠡᠭ ᠬᠤᠪᠢᠰᠤᠯ ᠭᠠᠷᠭᠠᠵᠤ ᠴᠡᠷᠢᠭ ᠦ᠋ᠨ ᠬᠣᠷᠢᠶᠠᠨ ᠳᠡᠭᠡᠷᠡᠬᠢ ᠳᠥᠷᠪᠡᠨ ᠰᠤᠮᠤᠨ ᠤ᠋ ᠪᠦᠬᠦ ᠴᠡᠷᠢᠭ ᠦ᠋ᠨ ᠫᠤᠤ ᠶ᠋ᠢ ᠬᠣᠷᠢᠶᠠᠨ ᠠᠪᠴᠠᠢ ᠭᠡᠰᠡᠨ ᠮᠡᠳᠡᠭᠡ ᠰᠣᠨᠣᠰᠴᠠᠢ ᠃ ᠮᠥᠩᠬᠡᠥ᠌ᠯᠵᠡᠢ ᠡᠨᠡ ᠮᠡᠳᠡᠭᠡ ᠶ᠋ᠢ ᠰᠣᠨᠣᠰᠤᠭᠠᠳ ᠳᠣᠲᠣᠷ᠎ᠠ ᠪᠠᠨ ᠨᠢᠭᠡᠨ ᠦᠶ᠎ᠡ ᠲᠠᠭᠠᠴᠠᠯ ᠪᠣᠯᠵᠤ ᠂ ᠬᠤᠰᠢᠭᠤᠨ ᠳ᠋ᠤ᠌ ᠪᠠᠨ ᠪᠤᠴᠠᠬᠤ ᠪᠠᠨ ᠪᠣᠯᠢᠵᠤ ᠂ ᠨᠠᠷᠢᠨ ᠰᠢᠯᠢ ᠶ᠋ᠢᠨ ᠴᠡᠶ᠋ᠢᠽᠨ ᠳ᠋ᠦ᠍ ᠬᠦᠷᠦᠭᠡᠳ ᠲᠡᠨᠳᠡ ᠬᠡᠳᠦᠨ ᠡᠳᠦᠷ ᠰᠠᠭᠤᠵᠤ ᠂ ᠲᠤᠰᠬᠠᠢ ᠬᠥᠮᠦᠨ ᠶᠠᠪᠤᠭᠤᠯᠵᠤ ᠬᠤᠰᠢᠭᠤᠨ ᠳ᠋ᠤ᠌ ᠭᠠᠷᠤᠭᠰᠠᠨ ᠬᠡᠷᠡᠭ ᠤᠴᠢᠷ ᠊ᠢ ᠳᠠᠩᠨᠠᠭᠤᠯᠤᠭᠰᠠᠨ ᠳ᠋ᠤ᠌ ᠬᠡᠷᠡᠭ ᠤᠴᠢᠷ ᠦᠨᠡᠨ ᠪᠣᠳᠠᠲᠠᠢ ᠪᠣᠯᠤᠭᠰᠠᠨ ᠲᠤᠯᠠ ᠮᠥᠩᠬᠡᠥ᠌ᠯᠵᠡᠢ ᠳᠠᠷᠤᠢ ᠪᠠᠪᠠ ᠂ ᠵᠠᠮᠢᠶᠠᠩᠵᠠᠪ ᠬᠣᠶᠠᠷ ᠰᠤᠮᠤᠨ ᠳᠠᠷᠤᠭ᠎ᠠ ᠪᠣᠯᠤᠨ ᠴᠥᠭᠡᠬᠡᠨ ᠴᠡᠷᠢᠭ ᠊ᠢ ᠳᠠᠭᠠᠭᠤᠯᠤᠨ ᠬᠠᠩᠭᠢᠨ ᠬᠤᠰᠢᠭᠤᠨ ᠳ᠋ᠤ᠌ ᠬᠦᠷᠦᠭᠡᠳ ᠲᠡᠷᠡ ᠬᠣᠶᠠᠷ ᠰᠤᠮᠤᠨ ᠳᠠᠷᠤᠭ᠎ᠠ ᠪᠠ ᠴᠡᠷᠢᠭ ᠊ᠢ ᠴᠥᠮ ᠬᠤᠰᠢᠭᠤᠨ ᠳ᠋ᠤ᠌ ᠪᠤᠴᠠᠭᠠᠨ ᠶᠠᠪᠤᠭᠤᠯᠵᠠᠢ ᠃ ᠡᠨᠡ ᠬᠣᠭᠣᠷᠣᠨᠳᠣ ᠮᠥᠩᠬᠡᠥ᠌ᠯᠵᠡᠢ ᠢᠲᠡᠭᠡᠯ ᠲᠡᠢ ᠬᠥᠮᠦᠰ ᠢ᠋ᠶ᠋ᠡᠨ ᠵᠠᠷᠤᠵᠤ ᠭᠠᠯᠠᠭᠤᠲᠤ ᠶ᠋ᠢᠨ ᠣᠷᠴᠢᠮ ᠤ᠋ᠨ ᠪᠠᠶᠠᠨ ᠢᠰᠢᠨᠤᠷᠪᠤ ᠵᠡᠷᠭᠡ ᠪᠠᠶᠠᠴᠤᠳ ᠤ᠋ᠨ ᠳ᠋ᠤ᠌ ᠬᠠᠳᠠᠭᠠᠯᠠᠭᠤᠯᠤᠭᠰᠠᠨ ᠮᠥᠩᠭᠥᠨ ᠡᠴᠡ ᠳᠥᠷᠪᠡᠨ ᠲᠡᠮᠡᠭᠡ ᠪᠡᠷ ᠠᠴᠢᠵᠤ ᠠᠪᠠᠴᠢᠭᠠᠳ ᠬᠠᠩᠭᠢᠨ ᠨᠣᠶᠠᠨ ᠊ᠢ ᠳᠠᠭᠠᠵᠤ ᠪᠤᠭᠤᠲᠤ ᠬᠣᠲᠠ ᠳ᠋ᠤ᠌ ᠵᠢᠯ ᠢᠯᠡᠭᠦᠦ ᠬᠠᠮᠲᠤ ᠰᠠᠭᠤᠵᠠᠢ ᠃1937 ᠣᠨ ᠳ᠋ᠤ᠌ ᠲᠡᠷᠡ ᠮᠣᠩᠭᠣᠯ ᠵᠠᠰᠠᠭ ᠤ᠋ᠨ ᠬᠤᠷᠠᠯ ᠤ᠋ᠨ ᠬᠠᠷᠢᠭᠤᠴᠠᠯᠭᠠᠲᠠᠨ ᠲᠠᠢ ᠤᠴᠠᠷᠠᠵᠤ ᠂ ᠠᠯᠪᠠᠨ ᠤᠴᠢᠷ ᠲᠤ᠌ ᠡᠯᠭᠦᠭᠲᠡᠵᠦ ᠂ ᠬᠣᠰᠢᠭᠤ ᠨᠤᠲᠤᠭ ᠠ᠋ᠴᠠ ᠪᠠᠨ ᠵᠠᠶ᠋ᠢᠯᠠᠨ ᠶᠠᠪᠤᠭᠰᠠᠨ ᠤᠴᠢᠷ ᠢ᠋ᠶ᠋ᠠᠨ ᠲᠣᠭᠠᠴᠢᠵᠤ ᠪᠡᠶ᠎ᠡ ᠣᠷᠣᠰᠢᠬᠤ ᠡᠷᠬᠡ ᠣᠯᠬᠤ ᠪᠠᠷ ᠬᠥᠬᠡᠬᠣᠲᠠ ᠳ᠋ᠤ᠌ ᠶᠠᠪᠤᠬᠤ ᠪᠠᠷ ᠪᠡᠯᠡᠳᠬᠡᠵᠦ ᠪᠠᠶ᠋ᠢᠲᠠᠯ᠎ᠠ ᠬᠥᠬᠡᠬᠣᠲᠠ ᠂ ᠪᠤᠭᠤᠲᠤ ᠶ᠋ᠢ ᠶᠠᠫᠣᠨ ᠴᠡᠷᠢᠭ ᠨᠢᠭᠡ ᠫᠤᠤ ᠴᠤ᠌ ᠳᠤᠤᠭᠠᠷᠭᠠᠭᠰᠠᠨ ᠦᠭᠡᠢ ᠪᠡᠷ ᠡᠵᠡᠯᠡᠨ ᠠᠪᠴᠠᠢ ᠃ ᠡᠶ᠋ᠢᠮᠦ ᠡᠴᠡ ᠬᠠᠩᠭᠢᠨ ᠨᠣᠶᠠᠨ ᠂ ᠮᠥᠩᠬᠡᠥ᠌ᠯᠵᠡᠢ ᠬᠣᠶᠠᠭᠤᠯᠠ ᠬᠠᠷᠢ ᠶ᠋ᠢᠨ ᠡᠵᠡᠷᠬᠡᠭ ᠲᠦᠷᠢᠮᠡᠬᠡᠶ᠋ᠢᠲᠡᠨ ᠊ᠢ ᠳᠠᠭᠠᠬᠤ ᠱᠠᠭᠠᠷᠳᠠᠯᠭ᠎ᠠ ᠶ᠋ᠢ ᠬᠦᠯᠢᠶᠡᠵᠦ ᠂ ᠶᠠᠫᠣᠨ ᠡᠵᠡᠷᠬᠡᠭ ᠲᠦᠷᠢᠮᠡᠬᠡᠶ᠋ᠢᠲᠡᠨ ᠪᠤᠭᠤᠲᠤ ᠬᠣᠲᠠ ᠶ᠋ᠢ ᠡᠵᠡᠯᠡᠭᠰᠡᠨ ᠦ᠌ ᠳᠠᠷᠤᠢ ᠳ᠋ᠤ᠌ ᠂ ᠪᠤᠭᠤᠲᠤ ᠬᠣᠲᠠ ᠳ᠋ᠤ᠌ ᠶᠡᠬᠡ ᠵᠣᠣ ᠠᠶ᠋ᠢᠮᠠᠭ ᠤ᠋ᠨ ᠬᠠᠭᠤᠷᠮᠠᠭ ᠵᠠᠬᠢᠷᠭ᠎ᠠ ᠶ᠋ᠢ ᠪᠠᠶ᠋ᠢᠭᠤᠯᠵᠤ ᠂ ᠠᠯᠲᠠᠨᠧᠴᠢᠷ ᠨᠣᠶᠠᠨ ᠊ᠢ ᠠᠶ᠋ᠢᠮᠠᠭ ᠤ᠋ᠨ ᠬᠠᠭᠤᠷᠮᠠᠭ ᠵᠠᠬᠢᠷᠭ᠎ᠠ ᠶ᠋ᠢᠨ ᠳᠠᠷᠤᠭ᠎ᠠ ᠪᠣᠯᠭᠠᠵᠤ ᠂ ᠮᠥᠩᠬᠡᠥ᠌ᠯᠵᠡᠢ ᠶ᠋ᠢ ᠦᠦᠰᠢᠨ ᠬᠤᠰᠢᠭᠤᠨ ᠤ᠋ ᠬᠠᠭᠤᠷᠮᠠᠭ ᠲᠥᠯᠥᠭᠡᠯᠡᠭᠴᠢ ᠪᠡᠷ ᠲᠣᠮᠢᠯᠠᠵᠠᠢ ᠃ ᠳᠠᠷᠠᠭ᠎ᠠ ᠨᠢ ᠮᠥᠩᠬᠡᠥ᠌ᠯᠵᠡᠢ ᠳᠧ ᠸᠠᠩ ( ᠳᠡᠮᠴᠦᠭᠳᠦᠩᠷᠦᠪ ) ᠦ᠋ᠨ ᠮᠣᠩᠭᠣᠯ ᠤ᠋ᠨ ᠥᠪᠡᠰᠦᠪᠡᠨ ᠵᠠᠰᠠᠬᠤ ᠵᠠᠰᠠᠭ ᠤ᠋ᠨ ᠭᠠᠵᠠᠷ ᠤ᠋ᠨ ᠵᠥᠪᠯᠡᠭᠴᠢ ᠪᠣᠯᠵᠤ ᠂ ᠠᠯᠲᠠᠨᠧᠴᠢᠷ ᠨᠣᠶᠠᠨ ᠠ᠋ᠴᠠ ᠳᠡᠭᠡᠭᠦᠷ ᠶᠠᠪᠤᠵᠤ ᠴᠠᠭ ᠴᠠᠭ ᠬᠥᠬᠡᠬᠣᠲᠠ ᠂ ᠴᠢᠭᠤᠯᠤᠯᠲᠤ ᠬᠠᠭᠠᠯᠭ᠎ᠠ ᠳ᠋ᠤ᠌ ᠶᠠᠪᠤᠵᠤ ᠬᠤᠷᠠᠯ ᠵᠥᠪᠯᠡᠯᠭᠡᠨ ᠳ᠋ᠦ᠍ ᠣᠷᠣᠯᠴᠠᠵᠤ ᠲᠣᠷᠭᠠᠨ ᠳᠡᠪᠡᠯ ᠳᠤᠷᠳᠤᠩ ᠪᠦᠰᠡ ᠲᠡᠢ ᠬᠡᠩᠬᠦᠯᠵᠡᠨ ᠠᠯᠬᠤᠬᠤ ᠪᠣᠯᠵᠠᠢ ᠃
1945 ᠣᠨ ᠤ᠋8 ᠰᠠᠷ᠎ᠠ ᠶ᠋ᠢᠨ15 ᠳ᠋ᠤ᠌ ᠡᠵᠡᠷᠬᠡᠭ ᠲᠦᠷᠢᠮᠡᠬᠡᠶ᠋ᠢᠲᠡᠨ ᠪᠠᠭᠤᠨ ᠥᠭᠬᠦ ᠶ᠋ᠢᠨ ᠵᠡᠷᠭᠡ ᠪᠡᠷ ᠳᠧ ᠸᠠᠩ ᠤ᠋ᠨ ᠬᠠᠭᠤᠷᠮᠠᠭ ᠵᠠᠰᠠᠭ ᠴᠤ᠌ ᠳᠠᠭᠠᠯᠳᠤᠨ ᠨᠤᠷᠠᠭᠰᠠᠨ ᠲᠤᠯᠠ ᠮᠥᠩᠬᠡᠥ᠌ᠯᠵᠡᠢ ᠨᠢᠭᠡ ᠲᠠᠯ᠎ᠠ ᠪᠠᠷ ᠥᠲᠡᠯᠦᠭᠰᠡᠨ ᠨᠠᠰᠤᠨ ᠲᠦᠰᠢᠭ ᠢ᠋ᠶ᠋ᠡᠨ ᠪᠣᠳᠣᠵᠤ ᠂ ᠨᠥᠭᠥᠭᠡ ᠲᠠᠯ᠎ᠠ ᠪᠠᠷ ᠲᠡᠭᠥᠰᠡᠠᠮᠤᠭᠤᠯᠠᠩ ᠨᠣᠶᠠᠨ ᠨᠠᠰᠤ ᠪᠠᠷᠠᠵᠤ ᠂ ᠨᠠᠰᠤᠨᠲᠡᠯᠭᠡᠷ ᠴᠦ᠍ ᠭᠠᠳᠠᠨ᠎ᠠ ᠨᠠᠰᠤ ᠪᠠᠷᠠᠭᠠᠳ ᠂ ᠬᠤᠰᠢᠭᠤᠨ ᠤ᠋ ᠵᠠᠰᠠᠭ ᠤ᠋ᠨ ᠡᠷᠬᠡ ᠰᠢᠨ᠎ᠡ ᠬᠥᠮᠦᠰ ᠦ᠋ᠨ ᠭᠠᠷ ᠲᠤ᠌ ᠰᠢᠯᠵᠢᠵᠦ ᠂ ᠦᠦᠰᠢᠨ ᠬᠤᠰᠢᠭᠤᠨ ᠤ᠋ ᠪᠠᠶ᠋ᠢᠲᠠᠯ ᠳ᠋ᠤ᠌ ᠬᠤᠪᠢᠷᠠᠯᠲᠠ ᠲᠠᠢ ᠪᠣᠯᠤᠭᠰᠠᠨ ᠊ᠢ ᠲᠡᠭᠦᠨ ᠦ᠌ ᠪᠡᠶ᠎ᠡ ᠬᠣᠷᠭᠣᠳᠠᠬᠤ ᠵᠠᠪᠰᠢᠶᠠᠨ ᠭᠡᠵᠦ ᠪᠣᠳᠣᠭᠠᠳ ᠪᠡᠶ᠎ᠡ ᠪᠡᠷ ᠢ᠋ᠶ᠋ᠡᠨ ᠬᠤᠰᠢᠭᠤᠨ ᠳᠡᠭᠡᠷ᠎ᠡ ᠢᠷᠡᠵᠦ ᠴᠢ ᠢᠦᠢ ᠱᠠᠨ ᠪᠣᠯᠤᠨ ᠵᠠᠰᠠᠭ ᠤ᠋ᠨ ᠣᠷᠳᠣᠨ ᠤ᠋ ᠲᠦᠰᠢᠮᠡᠳ ᠲᠦ᠍ ᠵᠣᠯᠭᠠᠵᠤ ᠂ ᠪᠤᠭᠤᠲᠤ ᠬᠣᠲᠠ ᠳ᠋ᠤ᠌ ᠶᠢᠰᠦᠨ ᠵᠢᠯ ᠪᠣᠯᠤᠭᠰᠠᠨ ᠥᠩᠭᠡᠷᠡᠯᠲᠡ ᠪᠡᠨ ᠭᠡᠮᠰᠢᠯᠲᠡᠢ ᠶᠠᠷᠢᠵᠤ ᠶᠠᠮᠤ ᠱᠠᠩ ᠳ᠋ᠤ᠌ ᠬᠡᠳᠦ ᠬᠣᠨᠣᠭᠠᠳ ᠭᠡᠷ ᠲᠦ᠍ ᠪᠡᠨ ᠬᠠᠷᠢᠵᠠᠢ ᠂ ᠴᠢ ᠢᠦᠢ ᠱᠠᠨ ᠴᠤ᠌ ᠥᠩᠭᠡᠷᠡᠭᠰᠡᠨ ᠦ᠌ ᠬᠡᠷᠡᠭ ᠊ᠢ ᠴᠥᠮ ᠨᠡᠬᠡᠮᠵᠢᠯᠡᠬᠦ ᠦᠭᠡᠢ ᠥᠩᠭᠡᠷᠡᠭᠡᠨ ᠲᠡᠭᠦᠨ ᠊ᠢ ᠬᠣᠰᠢᠭᠤ ᠵᠠᠰᠠᠭ ᠤ᠋ᠨ ᠣᠷᠳᠣᠨ ᠤ᠋ ᠨᠠᠷᠢᠨ ᠪᠢᠴᠢᠭ ᠦ᠋ᠨ ᠳᠠᠷᠤᠭ᠎ᠠ ᠪᠣᠯᠭᠠᠵᠠᠢ ᠃1949 ᠣᠨ ᠤ᠋ ᠬᠠᠪᠤᠷ ᠦᠦᠰᠢᠨ ᠬᠣᠰᠢᠭᠤ ᠪᠣᠰᠤᠯᠭ᠎ᠠ ᠭᠠᠷᠭᠠᠵᠤ ᠂ ᠨᠠᠶ᠋ᠢᠷᠠᠮᠲᠠᠯ ᠢ᠋ᠶ᠋ᠠᠷ ᠴᠢᠯᠥᠭᠡᠯᠡᠭᠰᠡᠨ ᠳ᠋ᠦ᠍ ᠲᠡᠷᠡ ᠵᠠᠬᠢᠳᠠᠯ ᠢᠷᠡᠭᠦᠯᠵᠦ ᠂ 《 ᠮᠠᠨ ᠤ᠋ ᠬᠣᠰᠢᠭᠤ ᠪᠣᠰᠤᠯᠭ᠎ᠠ ᠭᠠᠷᠭᠠᠵᠤ ᠡᠪ ᠬᠠᠮᠲᠤ ᠶ᠋ᠢᠨ ᠶᠣᠰᠣ ᠶ᠋ᠢ ᠳᠠᠭᠠᠭᠰᠠᠨ ᠳ᠋ᠤ᠌ ᠪᠢ ᠲᠣᠩ ᠪᠠᠶᠠᠷᠯᠠᠵᠤ ᠪᠠᠶ᠋ᠢᠨ᠎ᠠ ᠃ ᠪᠢ ᠤᠳᠠᠯ ᠦᠭᠡᠢ ᠬᠤᠰᠢᠭᠤᠨ ᠳᠡᠭᠡᠷ᠎ᠡ ᠪᠡᠶ᠎ᠡ ᠪᠡᠷ ᠬᠦᠷᠴᠦ ᠨᠠᠮ ᠤ᠋ᠨ ᠬᠣᠷᠢᠶᠠᠨ ᠤ᠋ ᠬᠠᠷᠢᠭᠤᠴᠠᠯᠭᠠᠲᠠᠨ ᠪᠠ ᠬᠤᠪᠢᠰᠬᠠᠯᠳᠤ ᠨᠥᠬᠥᠳ ᠲᠡᠢ ᠨᠢᠭᠤᠷ ᠤᠴᠠᠷᠠᠵᠤ ᠤᠷᠢᠳᠤ ᠥᠪᠥᠷ ᠮᠤᠩᠭ᠋ᠤᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠪᠠᠶ᠋ᠢᠬᠰᠠᠨ ᠥᠩᠭᠡᠷᠡᠯᠲᠡ ᠪᠡᠨ ᠮᠡᠳᠡᠭᠦᠯᠵᠦ ᠂ ᠬᠠᠷᠠᠩᠭᠤᠢ ᠨᠡᠶ᠋ᠢᠭᠡᠮ ᠳ᠋ᠦ᠍ ᠬᠢᠭᠰᠡᠨ ᠲᠡᠷᠰᠯᠡᠭᠦᠦ ᠤᠶ᠋ᠢᠯᠠ ᠠᠵᠢᠯᠯᠠᠭ᠎ᠠ ᠪᠠᠨ ᠲᠤᠰᠢᠶᠠᠨ ᠂ ᠨᠠᠷᠠᠨ ᠤ᠋ ᠭᠡᠷᠡᠯ ᠊ᠢ ᠳᠠᠬᠢᠨ ᠦᠵᠡᠭᠰᠡᠨ ᠮᠡᠲᠦ ᠭᠡᠭᠡᠨ ᠰᠠᠷᠠᠭᠤᠯ ᠵᠠᠮ ᠢ᠋ᠶ᠋ᠠᠷ ᠶᠠᠪᠤᠬᠤ ᠶ᠋ᠢ ᠬᠦᠰᠡᠵᠦ ᠪᠠᠶ᠋ᠢᠨ᠎ᠠ 》 ᠭᠡᠵᠡᠢ ᠃ ᠲᠡᠭᠡᠭᠡᠳ1949 ᠣᠨ ᠤ᠋6 ᠰᠠᠷ᠎ᠠ ᠳ᠋ᠤ᠌ ᠲᠡᠷᠡ ᠬᠣᠰᠢᠭᠤ ᠤᠷᠤᠭᠤ ᠶᠠᠪᠤᠵᠤ ᠪᠠᠶ᠋ᠢᠭᠠᠳ ᠵᠢᠷᠦᠬᠡ ᠪᠥᠭᠯᠡᠷᠡᠬᠦ ᠡᠪᠡᠳᠴᠢᠨ ᠢ᠋ᠶ᠋ᠡᠷ ᠠᠶ᠋ᠢᠯ ᠳ᠋ᠤ᠌ ᠭᠡᠨᠡᠳᠲᠡ ᠦᠬᠦᠵᠡᠢ ᠃
ᠬᠢᠨᠠᠯᠲᠠ ᠪᠣᠯᠭᠠᠭᠰᠠᠨ ᠪᠢᠴᠢᠭ ᠮᠠᠲ᠋ᠧᠷᠢᠶᠠᠯ ᠄
1. ᠦᠦᠰᠢᠨ ᠰᠣᠶᠣᠯ ᠲᠡᠦᠬᠡ ᠶ᠋ᠢᠨ ᠮᠠᠲ᠋ᠧᠷᠢᠶᠠᠯ ᠂
2. ᠰᠢᠨᠡᠯᠡᠮ᠎ᠡ ᠂
3. ᠦᠦᠰᠢᠨ ᠲᠡᠦᠬᠡ ᠶ᠋ᠢᠨ ᠲᠤᠬᠠᠢ ᠂
4. ᠰᠢᠨᠡᠯᠡᠮ᠎ᠡ ᠶ᠋ᠢᠨ ᠴᠢᠬᠤᠯᠠ ᠦᠢᠯᠡ ᠶᠠᠪᠤᠳᠠᠯ ᠤ᠋ᠨ ᠲᠣᠪᠴᠢᠶᠠᠨ ᠂
5. ᠣᠷᠳᠣᠰ ᠤ᠋ᠨ ᠳᠤᠭᠤᠶ᠋ᠢᠯᠠᠩ ᠤ᠋ᠨ ᠬᠥᠳᠡᠯᠭᠡᠭᠡᠨ ᠦ᠌ ᠮᠠᠲ᠋ᠧᠷᠢᠶᠠᠯ ᠤ᠋ᠨ ᠡᠮᠬᠢᠳᠬᠡ ᠂
6. ᠨᠤᠲᠤᠭ ᠲᠣᠪᠴᠢᠶᠠᠨ
《 ᠣᠯᠠᠨ ᠬᠤᠷᠠᠬᠤ 》 ᠰᠡᠳᠬᠦᠯ ᠦ᠋ᠨ2009 ᠣᠨ ᠤ᠋1 ᠳ᠋ᠦ᠍ᠭᠡᠷ ᠬᠤᠭᠤᠴᠠᠭᠠᠨ ᠳᠡᠭᠡᠷ᠎ᠡ ᠨᠡᠶ᠋ᠢᠲᠡᠯᠡᠭᠲᠡᠪᠡ
ᠦᠰᠦᠭ ᠠᠮᠢᠯᠠᠭᠤᠯᠤᠭᠴᠢ ᠄ ᠳ ᠂ ᠣᠶᠤᠨᠪᠢᠯᠢᠭ᠌
ᠬᠢᠨᠠᠭᠴᠢ ᠄ ᠣᠤᠠᠬᠠᠨᠰᠣ᠎ᠡ
