ᠪᠣᠷᠣ ᠲᠣᠬᠤᠢ ᠶᠢᠨ ᠴᠡᠴᠡᠭ - ᠣᠷᠳᠣᠰ ᠠᠷᠠᠳ ᠤᠨ ᠳᠠᠭᠤᠤБор тохойн цэцэг-ордос ардын дуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣ ᠲᠣᠬᠤᠢ ᠶᠢᠨ ᠴᠡᠴᠡᠭ - ᠣᠷᠳᠣᠰ ᠠᠷᠠᠳ ᠤᠨ ᠳᠠᠭᠤᠤБор тохойн цэцэг-ордос ардын дуу

ᠪᠣᠷᠣ ᠲᠣᠬᠤᠢ ᠶᠢᠨ ᠴᠡᠴᠡᠭ - ᠣᠷᠳᠣᠰ ᠠᠷᠠᠳ ᠤᠨ ᠳᠠᠭᠤᠤБор тохойн цэцэг-ордос ардын дуу

2023-04-01

289

ᠪᠣᠷᠣ ᠲᠣᠬᠤᠢ ᠶᠢᠨ ᠴᠡᠴᠡᠭ 

   ᠣᠷᠳᠣᠰ ᠠᠷᠠᠳ ᠤᠨ ᠳᠠᠭᠤᠤ

 

ᠪᠣᠷᠣ ᠲᠣᠬᠤᠢ ᠶᠢᠨ ᠴᠡᠴᠡᠭ ᠨᠢ

ᠪᠣᠷᠣᠭᠠᠨ ᠤ ᠠᠶᠠᠰ ᠢᠶᠠᠷ ᠨᠠᠢᠭᠤᠨ᠎ᠠ ᠳ᠋ᠣᠣ

ᠪᠣᠭᠳᠠ ᠴᠢᠩᠭᠢᠰ ᠤᠨ ᠵᠠᠷᠯᠢᠭ ᠢ

ᠲᠠᠭᠠᠵᠤ ᠬᠦᠯᠢᠶᠡᠬᠦ ᠶᠣᠰᠣᠲᠠᠢ᠃

ᠴᠡᠪᠡᠷᠬᠡᠨ ᠬᠦᠷᠡᠩ ᠢᠶᠠᠨ ᠤᠨᠤᠶ᠎ᠠ ᠳ᠋ᠣᠣ

ᠴᠢᠩᠭᠢᠰ ᠤᠨ ᠡᠮᠦᠨ᠎ᠡ ᠠᠴᠠ ᠵᠢᠭᠰᠠᠶ᠎ᠠ ᠳ᠋ᠣᠣ

ᠴᠡᠷᠪᠡᠵᠤ ᠨᠢᠰᠬᠦ ᠰᠢᠪᠠᠭᠤᠳ ᠢ

ᠴᠢᠭᠯᠡᠵᠦ ᠰᠠᠭᠤᠭᠠᠳ ᠬᠠᠷᠪᠤᠶ᠎ᠠ ᠳ᠋ᠣᠣ᠃

ᠨᠣᠮᠣᠬᠠᠨ ᠬᠦᠷᠡᠩ ᠢᠶᠠᠨ ᠤᠨᠤᠶ᠎ᠠ ᠳ᠋ᠣᠣ

ᠨᠣᠶᠠᠨᠲᠠᠨ ᠤ ᠡᠮᠦᠨ᠎ᠡ ᠠᠴᠠ ᠵᠢᠭᠰᠠᠶ᠎ᠠ ᠳ᠋ᠣᠣ

ᠨᠠᠭᠤᠷ ᠲᠠᠭᠠᠨ ᠰᠠᠭᠤᠭᠰᠠᠨ ᠰᠢᠪᠠᠭᠤ ᠶᠢ

ᠨᠢᠭᠤᠵᠤ ᠰᠠᠭᠤᠭᠠᠳ ᠬᠠᠷᠪᠤᠶ᠎ᠠ ᠳ᠋ᠣᠣ᠃

ᠲᠡᠯᠡᠮᠡᠬᠦᠨ ᠬᠦᠷᠡᠩ ᠢᠶᠠᠨ ᠤᠨᠤᠶ᠎ᠠ ᠳ᠋ᠣᠣ

ᠳᠡᠭᠡᠳᠦ ᠶᠢᠨ ᠡᠮᠦᠨ᠎ᠡ ᠠᠴᠠ ᠵᠢᠭᠰᠠᠶ᠎ᠠ ᠳ᠋ᠣᠣ

ᠳᠡᠷᠪᠡᠵᠦ ᠨᠢᠰᠬᠦ ᠰᠢᠪᠠᠭᠤᠬᠠᠢ ᠶᠢ

ᠳᠡᠷᠭᠡᠳᠡ ᠣᠢᠷ᠎ᠠ ᠠᠴᠠ ᠬᠠᠷᠪᠤᠶ᠎ᠠ ᠳ᠋ᠣᠣ᠃

ᠡᠮᠨᠢᠭ ᠰᠢᠷᠭ᠎ᠠ ᠪᠠᠨ ᠤᠨᠤᠶ᠎ᠠ ᠳ᠋ᠣᠣ

ᠡᠵᠡᠳ ᠤᠨ ᠡᠮᠦᠨ᠎ᠡ ᠠᠴᠠ ᠵᠢᠭᠰᠠᠶ᠎ᠠ ᠳ᠋ᠣᠣ

ᠡᠵᠡᠨ ᠪᠣᠭᠳᠠ ᠶᠢᠨ ᠡᠮᠦᠨ᠎ᠡ ᠠᠴᠠ

ᠰᠥᠬᠦᠷᠡᠨ ᠮᠦᠷᠬᠦᠬᠦ ᠶᠣᠰᠣᠲᠠᠢ᠃

ᠪᠣᠷᠣ ᠲᠣᠬᠤᠢ ᠶᠢᠨ ᠴᠡᠴᠡᠭ ᠨᠢ

ᠪᠣᠷᠣᠭᠠᠨ ᠤ ᠠᠶᠠᠰ ᠢᠶᠠᠷ ᠨᠠᠢᠭᠤᠨ᠎ᠠ ᠳ᠋ᠣᠣ

ᠪᠣᠭᠳᠠ ᠴᠢᠩᠭᠢᠰ ᠤᠨ ᠦᠷᠡᠰ ᠨᠢ

ᠪᠤᠬᠢᠷᠤᠨ ᠰᠥᠬᠦᠷᠡᠵᠦ ᠶᠠᠪᠤᠶ᠎ᠠ ᠳ᠋ᠣᠣ᠃

ᠡᠷᠭᠢᠲᠦ ᠰᠢᠯᠢ ᠶᠢᠨ ᠴᠡᠴᠡᠭ ᠨᠢ

ᠡᠷᠭᠢ ᠪᠠᠨ ᠲᠠᠭᠠᠭᠠᠳ ᠨᠠᠢᠭᠤᠨ᠎ᠠ ᠳ᠋ᠣᠣ

ᠡᠵᠡᠨ ᠴᠢᠩᠭᠢᠰ ᠤᠨ ᠦᠷᠡᠰ ᠨᠢ

ᠡᠷᠳᠡᠮ ᠤᠨ ᠰᠠᠢᠨ ᠢ ᠰᠤᠷᠤᠶ᠎ᠠ ᠳ᠋ᠣᠣ᠃

ᠠᠯᠳᠠᠨ ᠲᠡᠪᠰᠢ ᠶᠢᠨ ᠠᠷᠢᠭᠤᠨ ᠴᠡᠴᠡᠭ

ᠠᠯᠤᠰ ᠬᠤᠯᠠ ᠳᠠᠭᠠᠨ ᠠᠩᠬᠢᠯᠤᠮ᠎ᠠ

ᠠᠯᠠᠭᠯᠠᠭᠰᠠᠨ ᠬᠤᠢᠴᠢ ᠶᠢᠨ ᠦᠷᠡᠰ

ᠠᠯᠤᠰ ᠵᠠᠮ ᠳᠠᠭᠠᠨ ᠲᠤᠩᠭᠠᠯᠠᠭ᠃