ᠠᠬ᠎ᠠ ᠮᠢᠨᠢ ᠴᠡᠷᠢᠭ - ᠭᠦᠷᠵᠠᠪ Ах минь цэрэг      -   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠬ᠎ᠠ ᠮᠢᠨᠢ ᠴᠡᠷᠢᠭ - ᠭᠦᠷᠵᠠᠪ Ах минь цэрэг      -   Гүржав

ᠠᠬ᠎ᠠ ᠮᠢᠨᠢ ᠴᠡᠷᠢᠭ - ᠭᠦᠷᠵᠠᠪ Ах минь цэрэг      -   Гүржав

2023-04-01

293

ᠠᠬ᠎ᠠ ᠮᠢᠨᠢ ᠴᠡᠷᠢᠭ


                    ᠭᠦᠷᠵᠡᠪ  

ᠰᠠᠨᠰᠠᠷ ᠶᠡᠬᠡ ᠲᠩᠷᠢ ᠶ᠋ᠢᠨ ᠴᠡᠭᠡᠯ ᠊ᠢ 
ᠰᠠᠷᠠᠨ ᠢᠷᠲᠦ ᠰᠡᠯᠡᠮ᠎ᠡ ᠪᠡᠷ ᠶ᠋ᠢᠡᠨ ᠲᠤᠯᠵᠤ 
ᠰᠠᠷᠠᠭᠤᠯ ᠠᠭᠤᠲᠠᠮ ᠬᠢᠯᠢ ᠶ᠋ᠢᠨ ᠶ᠋ᠢᠡᠨ ᠡᠭᠦᠲᠡ ᠶ᠋ᠢ 
ᠰᠠᠶ᠋ᠢᠬᠠᠨ ᠴᠠᠶ᠋ᠢᠯᠭᠠᠨ ᠰᠡᠤᠠᠬᠢᠯ ᠶ᠋ᠢᠡᠷ ᠶ᠋ᠢᠡᠨ ᠰᠠᠬᠢᠬᠰᠠᠨ 
ᠠᠬ᠎ᠠ ᠮᠢᠨᠢ ᠴᠡᠷᠢᠭ 
ᠳᠤᠷᠠᠰᠴᠤ ᠰᠠᠭᠤᠬᠤ ᠮᠢᠨᠥᠬᠢ ᠪᠡᠨ ᠵᠡᠭᠦᠲᠦ ᠶ᠋ᠢ 
ᠳᠠᠭᠤᠯᠠᠵᠤ ᠢᠷᠡᠬᠦ ᠲᠦᠷᠬᠦ ᠪᠡᠷ ᠶ᠋ᠢᠡᠨ ᠪᠠᠶᠠᠰᠬᠠᠵᠤ 
ᠳᠤᠯᠠᠶ᠋ᠢᠵᠤ ᠮᠠᠨᠲᠤᠬᠤ ᠦᠦᠷ ᠦ᠋ᠨ ᠶ᠋ᠢᠡᠨ ᠭᠡᠭᠡ ᠶ᠋ᠢ 
ᠳᠤᠷᠠᠨᠳᠠᠵᠤ ᠵᠣᠭᠰᠣᠬᠤ ᠰᠦᠷ ᠶ᠋ᠢᠡᠷ ᠶ᠋ᠢᠡᠨ ᠳᠤᠰᠤᠭᠰᠠᠨ 
ᠠᠬ᠎ᠠ ᠮᠢᠨᠢ ᠴᠡᠷᠢᠭ 
ᠠᠷᠮᠢ ᠡᠩᠨᠡᠭᠡ ᠨᠥᠬᠥᠳ ᠦ᠋ᠨ ᠶ᠋ᠢᠡᠨ ᠳᠤᠮᠳᠠ 
ᠠᠵᠢᠯᠴᠢ ᠰᠢᠯᠤᠭᠤᠨ ᠠᠰᠪᠤᠷᠢ ᠴᠡᠷᠢᠭ
ᠠᠲᠠᠭᠠᠲᠠᠨ ᠲᠦᠷᠢᠮᠡᠬᠡᠢ ᠳᠠᠶ᠋ᠢᠰᠤᠨ ᠪ ᠡᠰᠡᠷᠭᠦ
ᠠᠷᠰᠯᠠᠨ ᠪᠠᠷᠰ — ᠳᠣᠭᠰᠢᠨ ᠴᠡᠷᠢᠭ
ᠠᠬ᠎ᠠ ᠮᠢᠨᠢ ᠴᠡᠷᠢᠭ
ᠬᠦᠰᠡᠯ ᠮᠥᠷᠥᠭᠡᠲᠦᠯ ᠦᠢᠯᠡᠰ ᠠᠲᠠᠯ ᠳ᠋ᠠᠭᠠᠨ
ᠬᠦᠴᠦ ᠪᠡᠨ ᠲᠦᠷᠡᠯᠵᠡᠭᠦᠯᠦᠨ ᠵᠢᠳᠬᠦᠳᠡᠭ ᠵᠢᠷᠦᠬᠡ
ᠬᠥᠮᠦᠨ ᠪ ᠳᠣᠷᠣᠮᠵᠢᠯᠠᠯ ᠪᠤᠰᠤᠳ ᠦ᠋ᠨ ᠭᠣᠲᠣᠭᠠᠯ  ᠳ᠋ᠤ᠌
ᠬᠥᠮᠥᠰᠬᠡ ᠪᠡᠨ ᠵᠠᠩᠭᠢᠲᠤᠨ ᠪᠣᠰᠲᠠᠭ ᠵᠣᠷᠢᠬ
ᠠᠬ᠎ᠠ ᠮᠢᠨᠢ ᠴᠡᠷᠢᠭ
ᠠᠲᠠᠷ ᠰᠢᠯᠢ ᠶ᠋ᠢᠨ ᠲᠦᠮᠡᠨ ᠴᠡᠴᠡᠭᠡᠰ
ᠠᠬ᠎ᠠ ᠶ᠋ᠢᠨ ᠮᠢᠨᠢ ᠪᠠᠷ᠎ᠠ ᠪᠠᠷ ᠠᠮᠤᠭᠤᠯᠠᠩ ᠰᠣᠯᠣᠩᠭᠠᠷᠠᠨ᠎ᠠ 
ᠠᠭᠯᠠᠭ ᠰᠢᠭᠤᠢ ᠶ᠋ᠢᠨ ᠮᠢᠩᠭᠠᠨ ᠰᠢᠪᠠᠭᠤᠳ
ᠠᠬ᠎ᠠ ᠶ᠋ᠢᠨ ᠮᠢᠨᠢ ᠰᠤᠷᠠᠭ ᠶ᠋ᠢᠠᠷ ᠠᠯᠢᠶᠠᠷᠬᠠᠨ ᠵᠢᠷᠭᠢᠨ᠎ᠡ
ᠠᠬ᠎ᠠ ᠮᠢᠨᠢ ᠴᠡᠷᠢᠭ
ᠠᠵᠠ ᠵᠢᠷᠭᠠᠯ ᠡᠷᠬᠡ ᠴᠢᠯᠥᠭᠡ
ᠠᠮᠠᠷᠠᠭ ᠳᠣᠲᠣᠨᠣ ᠠᠬ᠎ᠠ  ᠳ᠋ᠤ᠌ ᠮᠢᠨᠢ ᠶᠣᠰᠣᠯᠠᠨ᠎ᠠ
ᠠᠮᠤᠷ ᠲᠦᠪᠰᠢᠨ ᠡᠩᠬᠡ ᠲᠠᠶ᠋ᠢᠪᠤᠩ
ᠠᠵᠢᠬᠴᠢ ᠬᠢᠷᠠᠬᠠᠢ ᠠᠬ᠎ᠠ  ᠳ᠋ᠤ᠌ ᠮᠢᠨᠢ ᠲᠠᠯᠠᠷᠬᠠᠨ᠎ᠠ
ᠠᠬ᠎ᠠ ᠮᠢᠨᠢ ᠴᠡᠷᠢᠭ᠃

   ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 31 ᠪ ᠡᠲᠦᠷ