ᠬᠢᠯᠢ ᠳ᠋ᠦ᠍ ᠮᠠᠨ ᠪ ᠬᠢᠨ ᠵᠤᠰᠠᠲᠠᠭ - ᠭᠦᠷᠵᠠᠪ Хилд манайхан зусдаг - Гүржав
ᠬᠢᠯᠢ ᠳ᠋ᠦ᠍ ᠮᠠᠨ ᠪ ᠬᠢᠨ ᠵᠤᠰᠠᠲᠠᠭ
ᠭᠦᠷᠵᠠᠪ
ᠬᠢᠯᠢ ᠳ᠋ᠤ᠌ ᠮᠠᠨ ᠪ ᠬᠢᠨ ᠵᠤᠰᠠᠲᠠᠭ
ᠬᠡᠵᠢᠶᠡᠲᠡ ᠪᠡᠨ ᠠᠮᠤᠭᠤᠯᠠᠩ ᠵᠤᠰᠠᠲᠠᠭ ᠁
ᠬᠡᠬᠡᠷ᠎ᠡ ᠶ᠋ᠢᠨ ᠠᠯᠠᠭ ᠴᠡᠴᠡᠭᠡᠰ ᠦ᠋ᠨ
ᠬᠡᠭᠡᠨᠴᠢᠷ ᠶᠠᠭᠠᠨ
ᠮᠦᠰᠢᠶᠡᠲᠦ ᠲᠡᠢ ᠵᠤᠰᠠᠲᠠᠭ
ᠵᠡᠭᠡᠷ᠎ᠡ ᠶ᠋ᠢᠨ ᠴᠠᠭᠠᠨ ᠰᠦᠷᠦᠭ ᠦ᠋ᠨ
ᠵᠢᠷᠢᠯᠵᠡᠭᠰᠡᠨ ᠬᠤᠷᠲᠤᠨ
ᠭᠦᠶᠦᠲᠡᠯ ᠲᠡᠢ ᠵᠤᠰᠠᠲᠠᠭ
ᠨᠠᠭᠤᠷ ᠦ᠋ᠨ
ᠨᠤᠲᠤᠭᠴᠢ ᠰᠢᠪᠠᠭᠤᠳ ᠦ᠋ᠨ
ᠨᠤᠷᠭᠢᠬᠰᠠᠨ ᠬᠦᠭ
ᠳᠠᠭᠤᠨ ᠲᠠᠢ ᠵᠤᠰᠠᠲᠠᠭ
ᠨᠠᠶ᠋ᠢᠷ ᠦ᠋ᠨ
ᠨᠠᠷᠭᠢᠶᠠᠨᠴᠢ ᠭᠡᠶ᠋ᠢᠴᠢᠳ ᠦ᠋ᠨ
ᠨᠠᠮᠢᠷᠠᠭᠰᠠᠨ ᠬᠣᠩᠭᠣᠷ
ᠰᠡᠤᠠᠬᠢᠯ ᠲᠡᠢ ᠵᠤᠰᠠᠲᠠᠭ ᠁
ᠬᠢᠯᠢ ᠳ᠋ᠤ᠌ ᠮᠠᠨ ᠪ ᠬᠢᠨ ᠵᠤᠰᠠᠲᠠᠭ
ᠬᠡᠵᠢᠶᠡᠲᠡ ᠪᠡᠨ ᠠᠮᠤᠭᠤᠯᠠᠩ ᠵᠤᠰᠠᠲᠠᠭ !
ᠬᠢᠯᠢ ᠶ᠋ᠢᠨ ᠮᠢᠨᠢ
ᠴᠡᠩᠬᠡᠷ ᠲᠡᠭᠷᠢ ᠶ᠋ᠢ ᠡᠯᠢᠭᠡᠲᠡᠭᠡᠳ
ᠬᠣᠯᠠ ᠶ᠋ᠢᠨ ᠡᠭᠦᠯᠡᠰ ᠬᠣᠷᠭᠣᠲᠠᠲᠠᠭ
ᠰᠢᠯᠢ ᠶ᠋ᠢᠨ ᠮᠢᠨᠢ
ᠰᠢᠮᠡᠯᠢᠭ ᠪᠡᠯᠴᠢᠭᠡᠷ ᠊ᠢ ᠱᠠᠭᠰᠢᠭᠠᠳ
ᠬᠤᠷ᠎ᠠ ᠶ᠋ᠢᠨ ᠰᠠᠯᠬᠢ ᠲᠣᠭᠲᠠᠲᠠᠭ
ᠰᠦᠷᠦᠭ ᠦ᠋ᠨ ᠶ᠋ᠢᠡᠨ
ᠪᠠᠶᠠᠨ ᠪᠠᠷ᠎ᠠ ᠶ᠋ᠢ ᠪᠠᠷᠠᠯᠠᠭᠠᠳ
ᠠᠪᠤ ᠶ᠋ᠢᠨ ᠴᠢᠷᠠᠢ ᠪᠠᠶᠠᠰᠲᠠᠭ
ᠰᠢᠯᠦᠭ ᠦ᠋ᠨ ᠶ᠋ᠢᠡᠨ
ᠤᠶᠠᠩᠬ᠋᠎ᠠ ᠡᠭᠡᠰᠢᠭ ᠊ᠢ ᠴᠢᠩᠨᠠᠭᠠᠳ
ᠠᠬᠤᠢ ᠬᠣᠷᠸ᠋᠎ᠠ ᠮᠢᠨᠢ ᠴᠠᠬᠢᠯᠵᠠᠲᠠᠭ
ᠬᠢᠯᠢ ᠳ᠋ᠤ᠌ ᠮᠠᠨ ᠪ ᠬᠢᠨ ᠵᠤᠰᠠᠲᠠᠭ
ᠬᠡᠵᠢᠶᠡᠲᠡ ᠪᠡᠨ ᠠᠮᠤᠭᠤᠯᠠᠩ ᠵᠤᠰᠠᠲᠠᠭ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠳᠠᠰᠢᠮ᠎ᠠ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 31 ᠪ ᠡᠲᠦᠷ
