ᠠᠯᠠᠭ ᠠᠭᠤᠯᠠ ᠮᠢᠨᠦ ᠥᠯᠥᠭᠡᠢ- ᠳ᠋ᠠᠱᠠᠺᠠАлаг уул миний өлгий-ташака ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠠᠭ ᠠᠭᠤᠯᠠ ᠮᠢᠨᠦ ᠥᠯᠥᠭᠡᠢ- ᠳ᠋ᠠᠱᠠᠺᠠАлаг уул миний өлгий-ташака

ᠠᠯᠠᠭ ᠠᠭᠤᠯᠠ ᠮᠢᠨᠦ ᠥᠯᠥᠭᠡᠢ- ᠳ᠋ᠠᠱᠠᠺᠠАлаг уул миний өлгий-ташака

ᠠᠩᠭᠢᠯᠠᠯ:ᠳᠠᠭᠤᠤ ᠬᠥᠭᠵᠢᠮ
2023-04-01

261

ᠠᠯᠠᠭ ᠠᠭᠤᠯᠠ ᠮᠢᠨᠦ ᠥᠯᠥᠭᠡᠢ

  ᠦᠭᠡ ᠄ ᠡᠷᠳᠡᠨᠢᠪᠠᠭᠠᠲᠤᠷ
  ᠠᠶ᠎ᠠ ᠄ ᠴᠣᠪᠣᠭᠣ
  ᠳ᠋ᠠᠱᠠᠺᠠ ᠳᠠᠭᠤᠯᠠᠨ᠎ᠠ

ᠰᠣᠷᠭᠣᠭ ᠴᠡᠴᠡᠭ ᠪᠠᠯ ᠢ᠋ᠶ᠋ᠠᠷ ᠨᠢ ᠭᠡᠰᠡᠷᠯᠡᠭᠡᠳ
ᠰᠣᠯᠣᠩᠭᠠᠨ ᠡᠭᠦᠯᠡ ᠬᠢᠷ᠎ᠠ ᠪᠠᠷ ᠨᠢ ᠨᠡᠭᠦᠳᠡᠯᠯᠡᠭᠰᠡᠨ
ᠤᠷᠭᠤᠬᠤ ᠨᠠᠷᠠ ᠨᠢ ᠥᠯᠮᠡᠢ ᠡᠷᠭᠦᠨ ᠮᠠᠨᠳᠤᠭᠰᠠᠨ
ᠮᠥᠩᠭᠥᠨ ᠰᠠᠷᠠᠨ ᠣᠭᠲᠠᠷᠭᠤᠢ ᠳ᠋ᠤ᠌ ᠨᠢ ᠲᠡᠷᠬᠡᠯᠰᠢᠭᠰᠡᠨ
ᠠᠯᠠᠭ ᠠᠭᠤᠯᠠ ᠮᠢᠨᠦ ᠨᠤᠲᠤᠭ ᠤ᠋ᠨ ᠠᠭᠤᠯᠠ
ᠠᠰᠠᠷᠠᠵᠤ ᠨᠠᠮ᠎ᠠ ᠶ᠋ᠢ ᠪᠡᠨ ᠪᠣᠶ᠋ᠢᠵᠢᠭᠤᠯᠤᠭᠰᠠᠨ ᠬᠠᠶ᠋ᠢᠷ᠎ᠠ ᠶ᠋ᠢᠨ ᠥᠯᠥᠭᠡᠢ

ᠤᠷᠢᠬᠠᠨ ᠬᠠᠪᠤᠷ ᠬᠥᠬᠦᠭᠡᠨ ᠳᠠᠭᠤ ᠲᠠᠢ ᠢᠵᠢᠯᠢᠰᠢᠭᠡᠳ
ᠤᠷᠲᠤ ᠨᠠᠮᠤᠷ ᠠᠳᠤᠭᠤᠨ ᠰᠦᠷᠦᠭ ᠦ᠋ᠳ ᠭᠦᠶᠦᠬᠦᠯᠦᠨ᠎ᠡ
ᠠᠭᠠᠭᠢᠮ᠎ᠠ ᠵᠤᠨ ᠰᠢᠪᠡᠷᠡᠭᠡ ᠪᠣᠷᠣᠭᠠᠨ ᠳ᠋ᠤ᠌ ᠰᠡᠪᠡᠯᠵᠡᠭᠰᠡᠨ
ᠠᠯᠠᠭ ᠠᠭᠤᠯᠠ ᠬᠡᠶ᠋ᠢᠮᠣᠷᠢ ᠪᠣᠰᠤᠭᠰᠠᠨ ᠰᠦᠯᠳᠡ
ᠠᠯᠢ ᠠᠭᠤᠯᠠ ᠮᠢᠨᠦ ᠨᠤᠲᠤᠭ ᠤ᠋ᠨ ᠠᠭᠤᠯᠠ
ᠠᠰᠠᠷᠠᠵᠤ ᠨᠠᠮ᠎ᠠ ᠶ᠋ᠢ ᠪᠡᠨ ᠪᠣᠶ᠋ᠢᠵᠢᠭᠤᠯᠤᠭᠰᠠᠨ ᠬᠠᠶ᠋ᠢᠷ᠎ᠠ ᠶ᠋ᠢᠨ ᠥᠯᠥᠭᠡᠢ

ᠲᠦᠰᠢᠵᠦ ᠲᠤᠯᠤᠭᠰᠠᠨ ᠨᠤᠲᠤᠭ ᠤ᠋ᠨ ᠮᠢᠨᠢ ᠠᠭᠤᠯᠠ
ᠲᠦᠮᠡᠨ ᠭᠠᠵᠠᠷ ᠮᠠᠷᠲᠠᠭᠳᠠᠰᠢ ᠦᠭᠡᠢ ᠨᠤᠲᠤᠭ
ᠠᠵᠠ ᠡᠨᠡᠷᠢᠯ ᠪᠠᠷᠠᠭᠳᠠᠰᠢ ᠦᠭᠡᠢ ᠥᠯᠥᠭᠡᠢ
ᠠᠯᠠᠭ ᠠᠭᠤᠯᠠ ᠡᠭᠦᠷᠢᠳᠡ ᠮᠢᠨᠦ ᠨᠠᠷᠠ
ᠠᠯᠠᠭ ᠠᠭᠤᠯᠠ ᠮᠢᠨᠦ ᠨᠤᠲᠤᠭ ᠤ᠋ᠨ ᠠᠭᠤᠯᠠ
ᠠᠰᠠᠷᠠᠵᠤ ᠨᠠᠮ᠎ᠠ ᠶ᠋ᠢ ᠪᠡᠨ ᠪᠣᠶ᠋ᠢᠵᠢᠭᠤᠯᠤᠭᠰᠠᠨ ᠬᠠᠶ᠋ᠢᠷ᠎ᠠ ᠶ᠋ᠢᠨ ᠥᠯᠥᠭᠡᠢ
ᠠᠯᠠᠭ ᠠᠭᠤᠯᠠ ᠮᠢᠨᠦ ᠨᠤᠲᠤᠭ ᠤ᠋ᠨ ᠠᠭᠤᠯᠠ
ᠠᠰᠠᠷᠠᠵᠤ ᠨᠠᠮ᠎ᠠ ᠶ᠋ᠢ ᠪᠡᠨ ᠪᠣᠶ᠋ᠢᠵᠢᠭᠤᠯᠤᠭᠰᠠᠨ ᠬᠠᠶ᠋ᠢᠷ᠎ᠠ ᠶ᠋ᠢᠨ ᠥᠯᠥᠭᠡᠢ
ᠬᠠᠶ᠋ᠢᠷ᠎ᠠ ᠶ᠋ᠢᠨ ᠥᠯᠥᠭᠡᠢ