ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-6Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-6
ᠨᠢᠭᠡᠳᠦᠭᠡᠷ ᠪᠦᠯᠦᠭ ᠰᠤᠷᠭᠠᠯ ᠰᠢᠯᠦᠭ
ᠵᠢᠷᠭᠤᠭ᠎ᠠ
ᠠᠷᠪᠠᠨ
ᠬᠠᠷ᠎ᠠ ᠨᠢᠭᠦᠯ ᠢᠨᠤ ᠠᠩᠬ᠎ᠠ ᠶᠡᠬᠡ ᠬᠢᠯᠢᠨᠴᠡ ᠂
ᠠᠮᠢᠲᠠᠨ
᠊ᠢ ᠠᠯᠠᠬᠤᠢ ᠶ᠋ᠢ ᠮᠡᠲᠡᠭᠰᠡᠭᠡᠷ ᠪᠠᠶ᠋ᠢᠲᠠᠯᠡ ᠂
ᠠᠷᠤ
ᠥᠪᠥᠷ ᠣᠷᠣᠨ ᠪᠦᠬᠦᠢ ᠶ᠋ᠢ ᠠᠵᠢᠭᠯᠠᠵᠤ ᠦᠵᠡᠪᠡᠯ᠂
ᠠᠮᠢᠵᠢᠭᠤᠯ
ᠠᠷᠭ᠎ᠠ ᠦᠭᠡᠢ ᠶᠣᠰᠣ ᠮᠡᠲᠦ ᠪᠣᠯᠵᠤᠬᠤᠢ ᠃
ᠴᠠᠭ ᠤ᠋ᠨ
ᠥᠩᠭᠡ ᠨᠡᠶ᠋ᠢᠲᠡ ᠶ᠋ᠢᠨ ᠶᠣᠰᠣ ᠲᠡᠶ᠋ᠢᠮᠦ ᠮᠡᠲᠦ ᠪᠣᠯᠬᠤᠯ᠎ᠠ ᠂
ᠴᠠᠭᠠᠨ
ᠬᠠᠷ᠎ᠠ ᠦᠢᠯᠡ ᠶ᠋ᠢᠨ ᠦᠷ᠎ᠡ ᠣᠷᠬᠢᠭᠳᠠᠬᠤ ᠬᠠᠮᠢᠭ᠎ᠠ ᠂
ᠴᠠᠷᠬᠢᠷᠠᠲᠠᠯᠠ
ᠬᠤᠷᠢᠶᠠᠬᠤ ᠡᠷᠯᠢᠭ ᠬᠠᠭᠠᠨ ᠤ᠋ ᠡᠯᠴᠢ ᠨᠠᠷ ᠂
ᠴᠠᠯᠮ᠎ᠠ ᠪᠠᠷ
ᠠᠪᠠᠴᠢᠬᠤ ᠶ᠋ᠢ ᠬᠤᠳᠠᠯ ᠭᠡᠮᠡᠨ ᠰᠠᠨᠠᠬᠤ ᠤᠤ?
ᠡᠨᠡ
ᠭᠠᠵᠠᠷ ᠠᠯᠠᠬᠤᠢ ᠳ᠋ᠤᠷ ᠶᠣᠰᠣ ᠪᠣᠯᠵᠤ ᠢᠲᠡᠭᠡᠭᠰᠡᠨ ᠂
ᠡᠷᠯᠢᠭ
ᠬᠠᠭᠠᠨ ᠳ᠋ᠤᠷ ᠵᠤᠯᠭᠤᠬᠤᠢ ᠳ᠋ᠤᠷ ᠢᠷᠣ᠎ᠠ ᠪᠣᠯᠵᠤ ᠢᠯᠡᠷᠡᠭᠡᠳ ᠂
ᠡᠷᠯᠢᠭ
ᠰᠦᠨᠡᠰᠦ ᠶ᠋ᠢ ᠰᠢᠮᠰᠢᠷᠡᠲᠡᠯ᠎ᠡ ᠳᠦᠯᠢᠵᠦ ᠂
ᠡᠷᠭᠢᠨ ᠳ᠋ᠡᠭᠡᠨ
ᠲᠦᠮᠡᠨ ᠺᠠᠯᠠᠪ ᠠᠯᠠᠭᠳᠠᠬᠤ ᠬᠤᠳᠠᠯ ᠤᠤ ᠃
ᠨᠢᠭᠡᠨ
ᠡᠳᠦᠷ ᠨᠢᠭᠡᠨ ᠠᠮᠢ ᠲᠠᠰᠤᠯᠤᠬᠰᠠ ᠬᠢᠯᠢᠨᠴᠡ ᠂
ᠨᠢᠭᠡᠨ
ᠰᠠᠷ᠎ᠠ ᠲᠦᠮᠡ ᠪᠣᠯᠵᠤ ᠠᠷᠪᠢᠵᠢᠬᠤ ᠶ᠋ᠢ ᠪᠤᠲᠤᠪᠠᠯᠡ ᠂
ᠨᠢᠭᠡᠨ
ᠵᠢᠯᠲᠤᠷ ᠪᠤᠮ ᠤ᠋ᠨ ᠲᠣᠭ᠎ᠠ ᠬᠦᠷᠬᠦ ᠠᠮᠢᠨ ᠬᠠᠷᠢᠭᠤ ᠶ᠋ᠢ ᠂
ᠨᠢᠭᠡᠨ
ᠨᠠᠰᠤᠨ ᠤ᠋ ᠠᠷᠪᠢᠵᠢᠯ ᠳ᠋ᠤᠷ ᠬᠡᠳᠦᠢ ᠠᠮᠢᠨ ᠊ᠢ ᠲᠥᠯᠥᠮᠦᠢ ᠃
ᠠᠮᠠᠨ ᠳ᠋ᠠᠭᠠᠨ
ᠢᠳᠡᠬᠦᠢ ᠳ᠋ᠦ᠍ᠷ ᠠᠮᠲᠠ ᠰᠢᠮᠳᠠ ᠬᠡᠲᠦᠶ᠋ᠢᠬᠡᠨ ᠂
ᠠᠮᠢᠨ ᠢ᠋ᠶ᠋ᠠᠷ
ᠳᠥᠯᠥᠬᠦᠢ ᠳ᠋ᠦ᠍ᠷ ᠦᠢᠯᠡ ᠶ᠋ᠢᠨ ᠦᠷ᠎ᠡ ᠬᠡᠲᠦᠶ᠋ᠢᠪᠡᠢ ᠂
ᠠᠰᠠᠭᠤᠬᠤᠢ ᠶ᠋ᠢᠨ
ᠰᠡᠳᠬᠢᠯ ᠦᠭᠡᠢ ᠦᠬᠦᠭᠰᠡᠨ ᠦ᠌ ᠲᠠᠷᠤᠶ᠋ᠢᠬᠠᠨ ᠂
ᠠᠶᠤᠯᠲᠤ
ᠡᠷᠯᠢᠭ ᠬᠠᠭᠠᠨ ᠲᠣᠭᠠᠴᠠᠬᠤ ᠮᠠᠭᠠᠳ ᠪᠣᠢ ᠃
ᠬᠡᠰᠡᠭᠯᠡᠭᠡᠳ
ᠢᠳᠡᠬᠦᠢ ᠳ᠋ᠦ᠍ᠷ ᠬᠣᠨᠢᠨ ᠮᠢᠬ᠎ᠠ ᠪᠣᠯᠪᠠᠴᠤ ᠂
ᠬᠢᠴᠢᠶᠡᠭᠡᠳ
ᠬᠡᠯᠡᠯᠴᠡᠪᠡᠯ ᠥᠪᠡᠷ ᠦ᠋ᠨ ᠮᠢᠬ᠎ᠠ ᠶ᠋ᠢ ᠢᠳᠡᠮᠦᠢ ᠂
ᠬᠡᠯᠲᠦᠷᠢᠬᠦ
ᠪᠡᠷᠬᠡ ᠦᠢᠯᠡ ᠶ᠋ᠢᠨ ᠪᠣᠯᠪᠠᠰᠤᠷᠠᠯ ᠢᠷᠡᠬᠦᠢ ᠳ᠋ᠦ᠍ᠷ ᠂
ᠭᠡᠷᠴᠢᠭᠲᠡᠬᠦ
ᠵᠣᠪᠠᠯᠠᠩ ᠠᠨᠤ ᠡᠭᠦᠨ ᠡᠴᠡ ᠦᠯᠡᠮᠵᠢ ᠃
ᠭᠡᠭᠡᠨ
ᠪᠣᠭᠳᠠ ᠶ᠋ᠢ ᠵᠠᠯᠠᠬᠤᠢ ᠳ᠋ᠤᠷ ᠮᠠᠰᠢ ᠰᠠᠢᠬᠠᠨ ᠰᠦᠰᠦᠭᠯᠡᠨ ᠂
ᠬᠢᠴᠢᠶᠡᠵᠦ
ᠡᠷᠭᠦᠨ ᠲᠠᠬᠢᠯ ᠰᠢᠭᠦᠰᠦ ᠪᠡᠨ ᠪᠠᠷᠢᠵᠤ ᠂
ᠭᠡᠷᠦᠨ
ᠥᠯᠵᠡᠢ ᠪᠯᠠᠮ᠎ᠡ ᠶ᠋ᠢᠨ ᠠᠳᠢᠰ ᠬᠦᠷᠦᠯᠴᠡᠬᠦ ᠶ᠋ᠢᠨ ᠤᠷᠢᠳᠠ ᠂
ᠭᠡᠮᠲᠦᠭᠦᠯᠦᠭᠰᠡᠨ
ᠬᠣᠨᠢᠨ ᠤ᠋ ᠬᠣᠶᠠᠷ ᠲᠠᠯ᠎ᠠ ᠶ᠋ᠢ ᠡᠪᠳᠡᠮᠦᠢ ᠃
ᠨᠢᠭᠡᠨ
ᠬᠥᠮᠦᠨ ᠢ᠋ ᠠᠯᠠᠬᠤᠯᠠ ᠬᠥᠭᠡᠷᠦᠬᠦᠶ᠋ᠢᠯᠡᠨ ᠵᠣᠪᠠᠬᠤ ᠂
ᠨᠢᠭᠡᠨ
ᠬᠣᠨᠢ ᠶ᠋ᠢ ᠠᠯᠬᠤᠯ᠎ᠠ ᠢᠳᠡᠨ᠎ᠡ ᠭᠡᠮᠡᠨ ᠪᠠᠶᠠᠰᠬᠤ ᠂
ᠨᠡᠶ᠋ᠢᠯᠡᠭᠦᠯᠦᠨ
ᠪᠣᠳᠣᠬᠤᠯ᠎ᠠ ᠠᠮᠢ ᠴᠢᠰᠤ ᠠᠳᠠᠯᠢ ᠂
ᠨᠢᠭᠦᠯ ᠢ᠋ᠶ᠋ᠡᠨ
ᠰᠢᠨᠤᠯ ᠢ᠋ᠶ᠋ᠠᠷ ᠬᠠᠯᠬᠠᠯᠠᠭᠰᠠᠨ ᠴᠢᠨᠠᠷ ᠮᠥᠨ ᠃
ᠬᠥᠮᠦᠨ
ᠢᠨᠤ ᠬᠣᠣᠷᠯᠠᠯ ᠣᠯᠠᠨ ᠬᠡᠷᠴᠡᠭᠡᠢ ᠶ᠋ᠢ ᠠᠯᠠᠮᠤᠢ ᠂
ᠬᠥᠭᠡᠷᠦᠬᠦᠢ
ᠲᠡᠷᠡ ᠬᠣᠨᠢ ᠰᠢᠮ᠎ᠡ ᠲᠣᠰᠣ ᠪᠠᠭᠠᠰᠤ ᠪᠠᠨ ᠦᠵᠡᠭᠰᠡᠭᠡᠷ ᠂
ᠬᠥᠨᠥᠭᠡᠵᠦ
ᠠᠯᠠᠬᠤᠢ ᠳ᠋ᠤᠷ ᠬᠥᠭᠡᠷᠦᠬᠦᠢ ᠪᠤᠰᠤ ᠪᠣᠯᠤᠭᠴᠢ ᠂
ᠬᠥᠮᠦᠨ ᠦ᠌
ᠰᠡᠳᠬᠢᠯ ᠴᠣᠬᠣᠮ ᠳ᠋ᠠᠭᠠᠨ ᠮᠠᠰᠢ ᠮᠤᠩᠬᠠᠭ ᠪᠢᠰᠢ ᠤᠤ ?
ᠪᠠᠰᠠ
ᠬᠤᠶ᠋ᠢᠲᠤ ᠶ᠋ᠢᠨ ᠵᠣᠪᠠᠯᠠᠩ ᠪᠠ ᠪᠣᠯᠪᠠᠰᠤᠷᠠᠯ ᠪᠠᠶ᠋ᠢᠲᠤᠭᠠᠢ ᠂
ᠪᠠᠷᠢᠮ
ᠳᠡᠭᠡᠷ᠎ᠡ ᠨᠠᠰᠤ ᠪᠤᠶᠠᠨ ᠮᠠᠰᠢ ᠣᠬᠣᠷ ᠪᠣᠯᠤᠮᠤᠢ ᠂
ᠪᠠᠶᠠᠨ
ᠶᠡᠬᠡᠰ ᠪᠯᠠᠮ᠎ᠡ ᠨᠣᠶᠠᠳ ᠨᠠᠰᠤ ᠠᠬᠤᠷ ᠪᠣᠯᠤᠭᠴᠢ ᠂
ᠪᠠᠶᠠᠷ
ᠨᠠᠶ᠋ᠢᠷ ᠤ᠋ᠨ ᠠᠯᠠᠭ ᠨᠢᠳᠦᠨ ᠶᠡᠬᠡᠲᠦᠭᠰᠡᠨ ᠰᠢᠯᠲᠠᠭᠠᠨ᠃
ᠠᠪᠤᠷᠠᠯ ᠤ᠋ᠨ
ᠣᠷᠣᠨ ᠪᠣᠯᠬᠤ ᠭᠠᠵᠠᠷ ᠮᠥᠷ ᠊ᠢ ᠣᠯᠤᠭᠴᠢᠳ ᠂
ᠠᠷᠢᠭᠤᠨ
ᠴᠠᠭᠠᠨ ᠪᠤᠶᠠᠨᠲᠠᠨ ᠊ᠢ ᠬᠥᠪᠡᠭᠦᠨᠴᠢᠯᠡᠨ ᠲᠡᠳᠬᠦᠬᠦ ᠂
ᠠᠷᠪᠠᠨ
ᠨᠢᠭᠦᠯ ᠦᠢᠯᠡᠳᠦᠭᠴᠢ ᠶ᠋ᠢ ᠳᠠᠶ᠋ᠢᠰᠤᠨ ᠪᠣᠯᠭᠠᠨ ᠳᠠᠷᠤᠬᠤ ᠂
ᠠᠮᠠᠯᠠᠭᠰᠠᠨ
ᠲᠠᠩᠭᠠᠷᠠᠬ ᠨᠢ ᠬᠠᠷᠢᠨ ᠲᠡᠶ᠋ᠢᠮᠦ ᠪᠥᠯᠥᠭᠡ᠃
ᠦᠯᠢᠭᠡᠷᠯᠡᠨ
ᠪᠣᠳᠣᠪᠠᠰᠤ ᠪᠠᠶᠠᠷ ᠨᠠᠶ᠋ᠢᠷ ᠬᠡᠮᠡᠭᠴᠢ ᠂
ᠦᠯᠡᠮᠵᠢᠬᠡᠨ
ᠪᠢᠯᠢᠭ ᠵᠣᠷᠢᠭ ᠵᠣᠬᠢᠶᠠᠬᠤ ᠪᠠᠶ᠋ᠢᠲᠤᠭᠠᠢ ᠂
ᠦᠬᠡᠷ
ᠬᠣᠨᠢ ᠠᠯᠠᠭᠰᠠᠨ ᠤ᠋ ᠶᠡᠬᠡ ᠨᠢᠭᠦᠯ ᠳᠡᠯᠭᠡᠵᠦ ᠂
ᠥᠯᠵᠡᠢ
ᠪᠤᠰᠤ ᠵᠣᠪᠠᠯᠠᠩ ᠤ᠋ᠨ ᠲᠦᠮᠡᠨ ᠢᠷᠣ᠎ᠠ ᠶ᠋ᠢ ᠦᠵᠡᠮᠦᠢ ᠃
ᠪᠣᠳᠢᠰᠠᠳ᠋ᠸ᠎ᠠ
ᠺᠤᠮᠪᠤ ᠯᠦᠩᠷᠦᠪ ᠨᠢᠭᠡᠨ ᠬᠣᠷᠣᠬᠠᠢ ᠠᠯᠠᠭᠰᠠᠨ ᠊ᠢ ᠂
ᠪᠣᠯᠪᠠᠰᠤᠷᠠᠨ
ᠲᠡᠷᠢᠭᠦᠨ ᠢ᠋ᠶ᠋ᠡᠨ ᠣᠭᠲᠣᠯᠤᠭᠰᠠᠨ ᠪᠠᠶ᠋ᠢᠲᠠᠯᠡ ᠂
ᠪᠣᠯᠬᠢ
ᠪᠢᠳᠡᠨ ᠦ᠌ ᠦᠬᠡᠷ ᠬᠣᠨᠢ ᠠᠯᠠᠭᠰᠠᠨ ᠤ᠋ ᠬᠡᠯᠢᠨᠴᠡ ᠂
ᠪᠤᠯᠲᠠᠷᠢᠬᠤ
ᠮᠠᠰᠢ ᠪᠡᠷᠬᠡ ᠲᠣᠯᠣᠭᠠᠢ ᠪᠠᠷ ᠲᠥᠯᠥᠮᠦᠢ ᠃
ᠣᠪᠣᠭᠠᠨ ᠤ᠋
ᠡᠵᠡᠳ ᠯᠤᠤᠰ ᠊ᠢ ᠤᠯᠠᠭᠠᠨ ᠢ᠋ᠶ᠋ᠠᠷ ᠳᠠᠬᠢᠵᠤ ᠂
ᠣᠷᠣᠨ
ᠨᠤᠲᠤᠭ ᠥᠯᠵᠡᠢ ᠪᠣᠯᠬᠤ ᠶ᠋ᠢᠨ ᠰᠠᠢᠬᠠᠨ ᠲᠠᠬᠢᠯ ᠬᠡᠮᠡᠵᠦ ᠂
ᠤᠭ ᠤ᠋ᠨ
ᠴᠢᠨᠠᠷ ᠮᠢᠬ᠎ᠠ ᠴᠢᠰᠤ ᠬᠠᠷᠰᠢᠯᠠᠯᠲᠠᠢ ᠲᠤᠯᠠᠳᠠ ᠂
ᠤᠷᠪᠠᠭᠤᠯᠤᠨ
ᠬᠢᠯᠢᠩᠯᠡᠵᠦ ᠬᠣᠣᠷᠯᠠᠯ ᠬᠢᠬᠦ ᠶᠣᠰᠣᠲᠠᠢ ᠃
ᠰᠢᠲᠦᠭᠡᠨ ᠦ᠌
ᠪᠤᠷᠬ᠎ᠠ ᠯᠤᠤᠰ ᠊ᠢ ᠲᠠᠬᠢᠬᠤ ᠪᠠᠷ ᠰᠢᠯᠲᠠᠭᠯᠠᠨ ᠂
ᠰᠢᠨᠤᠯ
ᠳᠤᠷ᠎ᠠ ᠪᠡᠶᠡᠰ ᠢᠨᠤ ᠢᠳᠡᠬᠦᠢ ᠪᠡᠨ ᠰᠠᠨᠠᠵᠤ ᠂
ᠰᠢᠯᠵᠢᠯ
ᠦᠭᠡᠢ ᠮᠠᠭᠤ ᠦᠢᠯᠡ ᠶ᠋ᠢᠨ ᠥᠯᠵᠡᠢ ᠪᠤᠰᠤ ᠶ᠋ᠢᠨ ᠬᠠᠷᠢᠭᠤᠯᠠᠯ ᠃
ᠰᠢᠲᠦᠪᠡᠴᠦ
ᠴᠢᠳᠠᠯ ᠦᠭᠡᠢ ᠬᠡᠷᠡᠭ ᠦᠭᠡᠢ ᠬᠡᠮᠡᠮᠦᠢ ᠃
ᠥᠭᠦᠯᠡᠬᠦ
ᠬᠦᠰᠡᠬᠦ ᠨᠢ ᠰᠦᠰᠦᠭ ᠲᠠᠬᠢᠯ ᠪᠣᠯᠪᠠᠴᠤ ᠂
ᠥᠩᠭᠡᠯᠡᠬᠦ
ᠢᠳᠡᠬᠦ ᠨᠢ ᠪᠡᠶ᠎ᠡ ᠪᠡᠶᠡᠰ ᠪᠣᠯᠬᠤᠯ᠎ᠠ ᠂
ᠦᠨᠡᠨ ᠳ᠋ᠡᠭᠡᠨ
ᠢᠳᠡᠰᠢ ᠪᠡᠨ ᠪᠡᠯᠡᠲᠦᠭᠰᠡᠨ ᠤᠴᠢᠷ ᠊ᠢ ᠂
ᠦᠢᠯᠡ ᠶ᠋ᠢᠨ
ᠪᠤᠷᠬᠠᠨ ᠲᠡᠭᠷᠢ ᠶ᠋ᠢ ᠬᠠᠭᠤᠷᠴᠤ ᠪᠣᠯᠬᠤ ᠤᠤ?
ᠢᠯᠡᠳᠲᠡ ᠪᠡᠷ
ᠠᠯᠠᠪᠠᠯ ᠦᠢᠯᠡ ᠪᠣᠯᠵᠤ ᠲᠥᠯᠥᠮᠦᠢ ᠂
ᠢᠳᠡᠯ
ᠦᠭᠡᠢ ᠣᠷᠬᠢᠪᠠᠯ ᠲᠠᠬᠢᠯ ᠪᠣᠯᠵᠤ ᠪᠣᠯᠤᠮᠤᠢ ᠂
ᠢᠲᠡᠭᠡᠵᠦ
ᠰᠠᠨᠠᠪᠠᠯ ᠠᠪᠤᠷᠠᠵᠤ ᠭᠠᠷᠤᠮᠤᠢ ᠂
ᠢᠯᠡᠷᠭᠡᠶ᠋ᠢᠯᠡᠨ
ᠪᠣᠳᠣᠪᠠᠯ ᠦᠢᠯᠡ ᠪᠣᠯᠵᠤ ᠪᠣᠯᠤᠮᠤᠢ ᠃
ᠤᠳᠬ᠎ᠠ
ᠬᠡᠷᠡᠭ ᠰᠢᠢᠳᠪᠦᠷᠢ ᠶ᠋ᠢ ᠥᠪᠡᠷ ᠢ᠋ᠶ᠋ᠡᠨ ᠭᠠᠷᠭᠠᠵᠤ ᠂
ᠤᠴᠢᠷ
ᠦᠭᠡᠢ ᠶᠠᠳᠠᠭᠤᠰ ᠢ᠋ᠶ᠋ᠠᠷ ᠦᠬᠡᠷ ᠬᠣᠨᠢ ᠨᠢᠲᠤᠯᠭᠠᠨ ᠂
ᠣᠰᠣᠯ
ᠦᠢᠯᠡ ᠬᠤᠷᠢᠶᠠᠬᠤ ᠨᠢᠭᠡᠨ ᠪᠡᠶ᠎ᠡ ᠶ᠋ᠢᠨ ᠬᠢᠯᠢᠨᠴᠡ ᠂
ᠤᠷᠰᠢᠭ
ᠵᠣᠪᠠᠯ ᠠᠷᠪᠢᠳᠬᠠᠵᠤ ᠡᠵᠡᠨ ᠣᠯᠠᠨ ᠪᠣᠯᠤᠮᠤᠢ ᠃
ᠪᠠᠶ᠋ᠢᠲᠠᠭ
ᠨᠣᠣᠰᠣ ᠶ᠋ᠢ ᠵᠤᠯᠭᠠᠭᠠᠵᠤ ᠭᠡᠷ ᠢ᠋ᠶ᠋ᠡᠨ ᠪᠦᠷᠢᠬᠦ ᠂
ᠪᠠᠭᠠᠰᠤ ᠶ᠋ᠢ
ᠬᠤᠷᠢᠶᠠᠵᠤ ᠬᠦᠢᠲᠡᠨ ᠢ᠋ᠶ᠋ᠡᠨ ᠬᠠᠯᠬᠠᠯᠠᠬᠤ ᠂
ᠪᠠᠰᠠ
ᠰᠢᠮ᠎ᠡ ᠲᠣᠰᠣ ᠶ᠋ᠢ ᠠᠨᠤ ᠰᠠᠭᠠᠵᠤ ᠤᠤᠭᠤᠭᠠᠳ ᠂
ᠪᠠᠷᠢᠨ
ᠳᠡᠭᠡᠷ᠎ᠡ ᠠᠯᠠᠬᠤ ᠠᠨᠤ ᠳᠠᠩᠴᠤ ᠬᠥᠭᠡᠷᠦᠬᠦᠢ ᠪᠢᠰᠢ ᠤᠤ ?
ᠦᠨᠢᠶᠡᠨ ᠦ᠌
ᠳᠠᠯᠠᠩ ᠠ᠋ᠴᠠ ᠴᠠᠭᠠᠨ ᠰᠦᠨ ᠊ᠢ ᠠᠪᠤᠭᠠᠳ ᠂
ᠦᠷᠡᠰ
᠊ᠢ ᠬᠤᠳᠠᠯᠳᠤᠵᠤ ᠠᠯᠲᠠ ᠮᠥᠩᠭᠥ ᠪᠣᠯᠭᠠᠭᠠᠳ ᠂
ᠦᠰᠦᠭᠰᠡᠨ ᠦ᠌
ᠴᠢᠳᠠᠯ ᠬᠦᠴᠦ ᠶ᠋ᠢ ᠪᠠᠷᠠᠲᠠᠯ᠎ᠠ ᠡᠳ᠋ᠯᠡᠭᠡᠳ ᠂
ᠦᠳᠡᠯᠡᠬᠦᠯᠡ
ᠠᠯᠠᠬᠤ ᠠᠨᠤ ᠳᠠᠩᠴᠤ ᠬᠥᠭᠡᠷᠦᠬᠦᠢ ᠪᠤᠰᠤ ᠤᠤ ?
ᠠᠷᠢᠭᠤᠨ
ᠰᠦᠨ ᠊ᠢ ᠬᠥᠬᠥᠭᠦᠯᠦᠭᠰᠡᠨ ᠠᠴᠢ ᠦᠷᠡᠰ ᠊ᠢ ᠪᠣᠳᠣᠪᠠᠯ ᠂
ᠠᠴᠢ
ᠦᠷᠡᠰ ᠪᠢᠳᠡᠨ ᠊ᠢ ᠴᠦ᠍ ᠠᠯᠠᠪᠠᠰᠤ ᠵᠣᠬᠢᠮᠤᠢ ᠂
ᠠᠪᠤ
ᠡᠵᠢ ᠮᠡᠲᠦ ᠬᠦᠨᠳᠦ ᠬᠡᠰᠢᠭ ᠊ᠢ ᠬᠦᠷᠲᠡᠭᠡᠳ ᠂
ᠠᠴᠢᠯᠠᠬᠤ ᠶ᠋ᠢᠨ
ᠬᠠᠷᠢᠭᠤ ᠳ᠋ᠤᠷ ᠠᠯᠠᠬᠤ ᠠᠨᠤ ᠬᠥᠭᠡᠷᠦᠬᠦᠢ ᠃
ᠬᠢᠲᠤᠭ᠎ᠠ ᠪᠠᠨ
ᠲᠦᠷᠦᠬᠦᠢ ᠳ᠋ᠦ᠍ᠷ ᠵᠣᠷᠢᠭ ᠠᠨᠤ ᠴᠢᠩᠭᠠᠬᠠᠨ ᠂
ᠬᠢᠷᠬᠢᠷᠡᠵᠦ
ᠦᠬᠦᠬᠦᠢ ᠳ᠋ᠦ᠍ᠷ ᠵᠢᠷᠦᠬᠡ ᠢᠨᠤ ᠪᠤᠯᠭᠢᠯᠠᠨ ᠂
ᠬᠡᠷᠴᠢᠯᠡᠵᠦ
ᠢᠳᠡᠬᠦᠢ ᠳ᠋ᠦ᠍ᠷ ᠰᠢᠨᠤᠯ ᠳᠤᠷ᠎ᠠ ᠶᠡᠬᠡᠬᠡᠨ ᠂
ᠬᠡᠯᠪᠡᠯᠵᠡᠨ
ᠦᠬᠦᠬᠦᠢ ᠳ᠋ᠦ᠍ᠷ ᠲᠡᠷᠡ ᠵᠣᠪᠠᠯ ᠊ᠢ ᠦᠵᠡᠮᠦᠢ ᠃
ᠬᠦᠨᠳᠦ
ᠲᠡᠮᠦᠷ ᠡᠭᠦᠷᠦᠭᠡᠳ ᠠᠭᠤᠯᠠ ᠲᠠᠯ᠎ᠠ ᠶ᠋ᠢ ᠬᠡᠰᠦᠵᠦ ᠂
ᠬᠥᠨᠥᠭᠡᠬᠦ
ᠠᠮᠢ ᠠᠨᠤ ᠨᠢᠭᠡᠨ ᠬᠣᠶᠠᠷ ᠪᠣᠯᠪᠠᠴᠤ᠂
ᠬᠥᠳᠡᠭᠡ ᠳ᠋ᠦ᠍
ᠦᠵᠡᠭᠲᠡᠭᠰᠡᠨ ᠲᠦᠮᠡ ᠮᠢᠩᠭ᠎ᠠ ᠶ᠋ᠢᠨ ᠲᠣᠭ᠎ᠠ ᠶ᠋ᠢ ᠂
ᠬᠦᠨᠳᠦ
ᠨᠢᠭᠦᠯ ᠬᠤᠷᠢᠶᠠᠬᠤ ᠬᠢᠯᠢᠨᠴᠡ ᠠᠨᠤ ᠴᠣᠬᠣᠮ ᠮᠥᠨ ᠃
ᠦᠨᠡᠭᠡᠨ ᠦ᠌
ᠠᠷᠠᠰᠤ ᠶ᠋ᠢ ᠬᠤᠳᠠᠯᠳᠤᠪᠠᠰᠤ ᠬᠡᠳᠦᠨ ᠯᠠᠩ ᠂
ᠦᠢᠯᠡ ᠶ᠋ᠢᠨ
ᠦᠷ᠎ᠡ ᠶ᠋ᠢᠨ ᠪᠣᠯᠪᠠᠰᠤᠷᠠᠯ ᠊ᠢ ᠪᠣᠳᠣᠪᠠᠰᠤ ᠪᠤᠮᠠᠨ ᠯᠠᠩ ᠂
ᠥᠷᠥᠭ
ᠪᠤᠰᠤ ᠶ᠋ᠢᠨ ᠠᠮᠢᠨ ᠢ᠋ᠶ᠋ᠠᠷ ᠳᠥᠯᠥᠬᠦᠢ ᠳ᠋ᠦ᠍ᠷ ᠬᠦᠷᠬᠦᠯ᠎ᠡ ᠂
ᠦᠯᠡᠮᠵᠢᠳᠡ
ᠵᠣᠪᠠᠬᠤ ᠶ᠋ᠢ ᠬᠡᠮᠵᠢᠬᠦ ᠠᠷᠭ᠎ᠠ ᠦᠭᠡᠢ ᠯᠡ ᠃
ᠦᠢᠯᠡ ᠪᠡᠷ
ᠦᠷᠡᠵᠢᠭᠰᠡᠨ ᠪᠥᠭᠡᠰᠦ ᠰᠢᠷᠬᠡ ᠶ᠋ᠢᠨ ᠲᠡᠳᠦᠢ ᠴᠦ᠍ ᠂
ᠦᠵᠡᠭᠰᠡᠭᠡᠷ
ᠨᠢᠰᠠᠯᠠᠵᠤ ᠠᠯᠠᠬᠤᠢ ᠳ᠋ᠤᠷ ᠬᠢᠯᠪᠠᠷᠬᠠᠨ ᠂
ᠦᠵᠡᠭᠳᠡᠬᠦ
ᠳᠦᠷᠰᠦ ᠢᠨᠤ ᠬᠡᠳᠦᠢ ᠪᠠᠭ᠎ᠠ ᠪᠣᠯᠪᠠᠴᠤ᠂
ᠥᠷᠢ
ᠢᠨᠤ ᠰᠣᠯᠢᠬᠤᠢ ᠳ᠋ᠤᠷ ᠠᠮᠢ ᠨᠠᠰᠤ ᠠᠳᠠᠯᠢ᠃
ᠥᠴᠦᠬᠡᠨ
ᠬᠠᠵᠠᠭᠰᠠᠨ ᠊ᠢ ᠠᠯᠠᠬᠤᠢ ᠳ᠋ᠤᠷ ᠬᠦᠷᠪᠡᠯ ᠂
ᠦᠬᠡᠷ
ᠬᠣᠨᠢ ᠢᠳᠡᠭᠰᠡᠨ ᠊ᠢ ᠶᠠᠭᠠᠬᠢᠪᠠᠰᠤ ᠵᠣᠬᠢᠮᠤᠢ ?
ᠥᠪᠡᠷ ᠢ᠋ᠶ᠋ᠡᠨ
ᠲᠡᠲᠦᠶ᠋ᠢᠬᠡᠨ ᠴᠦ᠍ ᠠᠯᠠᠭᠰᠠᠨ ᠢ᠋ᠶ᠋ᠠᠨ ᠰᠠᠨᠠᠪᠠᠯ ᠂
ᠦᠵᠡᠲᠡᠯ᠎ᠡ
ᠶᠡᠬᠡ ᠨᠢᠭᠦᠯ ᠬᠣᠭᠣᠰᠣᠳᠠᠵᠤ ᠪᠣᠯᠬᠤ ᠤᠤ ?
ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠰᠡᠬᠡᠭᠡᠷᠡᠯ
