ᠬᠢᠯᠢ – ᠭᠦᠷᠵᠠᠪ Хил – Гүржав
ᠬᠢᠯᠢ
— ᠬᠡᠦᠬᠡᠨ ᠳ᠋ᠡᠭᠡᠨ ᠤᠩᠰᠢᠵᠤ ᠥᠭᠭᠦᠭᠰᠡᠨ ᠰᠢᠯᠦᠭ
ᠭᠦᠷᠵᠡᠪ
ᠬᠢᠯᠢ ᠭᠡᠵᠦ
ᠬᠡᠮᠵᠢᠶ᠎ᠡ ᠦᠭᠡᠢ ᠰᠠᠶ᠋ᠢᠬᠠᠨ ᠭᠠᠵᠠᠷ
ᠬᠡᠮᠡᠷᠯᠢᠭ ᠲᠣᠷᠬ᠋᠎ᠠ ᠰᠢᠭ᠋ ᠨᠠᠮᠢᠯᠵᠠᠭᠰᠠᠨ
ᠬᠡᠭᠡᠨᠴᠢᠷ ᠭᠣᠶᠤᠬᠨ ᠨᠤᠲᠤᠭ —
ᠬᠡᠯᠲᠡᠰ ᠬᠡᠯᠲᠡᠰ
ᠴᠡᠴᠡᠭ ᠬᠤᠸᠠᠷ
ᠬᠡᠨ ᠳ᠋ᠤ᠌ ᠴᠤ᠌ ᠪᠣᠯᠪᠠᠴᠤ
ᠪᠠᠶᠠᠷᠲᠠᠢ ᠮᠦᠰᠢᠶᠡᠭᠰᠡᠨ ᠨᠤᠲᠤᠭ
ᠬᠡᠯᠡ ᠤᠷᠠᠨ
ᠪᠣᠯᠵᠣᠮᠣᠷ ᠰᠢᠪᠠᠭᠤᠳ
ᠬᠡᠵᠢᠶ᠎ᠡ ᠡᠭᠦᠷᠢᠲᠡ
ᠠᠮᠤᠭᠤᠯᠠᠩ ᠵᠢᠷᠭᠢᠭᠰᠡᠨ ᠨᠤᠲᠤᠭ ᠁
ᠬᠡᠷᠱᠢ ᠱᠠᠭᠠᠭ
ᠪᠤᠲᠠᠭᠤᠤᠯ ᠬᠢᠯᠭᠠᠨ᠎ᠠ
ᠬᠡᠯᠬᠢᠶ᠎ᠡ ᠲᠠᠲᠠᠨ
ᠬᠠᠶᠠᠯᠠᠵᠤ ᠬᠠᠯᠭᠢᠯᠠᠭᠰᠠᠨ ᠨᠤᠲᠤᠭ
ᠬᠡᠨᠳᠡᠭᠨᠡᠭᠦᠷ ᠳᠣᠭᠰᠢᠨ
ᠠᠷᠢᠶᠠᠲᠠᠨ ᠭᠦᠷᠦᠭᠡᠰᠦ
ᠬᠢᠶᠠᠭᠲᠤ ᠪᠡᠯᠴᠢᠭᠡᠷ ᠳᠣᠨᠢ
ᠡᠭᠡᠨᠡᠭᠰᠢᠵᠦ ᠳᠠᠰᠤᠯᠴᠠᠭᠰᠠᠨ ᠨᠤᠲᠤᠭ !
ᠬᠢᠯᠢ ᠭᠡᠵᠦ
ᠬᠡᠷᠡᠮ ᠰᠢᠭ᠌ ᠪᠡᠬᠢ ᠭᠠᠵᠠᠷ
ᠬᠡᠷᠡᠭ ᠦᠭᠡᠢ ᠮᠠᠭᠤ ᠠᠮᠢᠲᠠᠳ ᠊ᠢ
ᠬᠡᠷᠬᠢᠪᠡᠴᠦ ᠬᠠᠪᠢᠲᠠᠭᠤᠯᠲᠠᠭ ᠦᠭᠡᠢ ᠣᠷᠣᠨ —
ᠭᠡᠷᠡᠴᠢ ᠲᠡᠮᠲᠡᠭ
ᠪᠠᠯᠠᠷᠬᠠᠢ ᠤᠯᠤᠰ ᠊ᠢ
ᠬᠢᠴᠢᠶᠡᠩᠭᠦᠢ ᠬᠢᠨᠠᠮᠠᠭᠠᠢ
ᠪᠠᠶ᠋ᠢᠴᠠᠭᠠᠵᠤ ᠲᠣᠲᠤᠯᠠᠲᠠᠭ ᠣᠷᠣᠨ
ᠬᠢᠲᠡᠯ ᠪᠠᠷᠢᠲᠠᠯ
ᠡᠲᠡᠭᠡᠳ ᠬᠥᠮᠦᠰ ᠊ᠢ
ᠬᠡ ᠬᠡᠯᠲᠡᠷ ᠦᠭᠡᠢ
ᠬᠢᠨᠠᠵᠤ ᠴᠠᠭᠲᠠᠲᠠᠭ ᠣᠷᠣᠨ
ᠬᠡᠯᠡᠭᠰᠡᠨ ᠨᠢᠭᠡ ᠯᠡ ᠦᠭᠡᠨ ᠳ᠋ᠡᠭᠡᠨ
ᠭᠡᠬᠦᠳᠡᠭ ᠲᠡᠨᠢᠭᠦᠨ
ᠲᠦᠷᠡᠯᠵᠵᠦ ᠵᠣᠭᠰᠣᠲᠠᠭ ᠣᠷᠣᠨ
ᠬᠢᠭᠰᠡᠨ ᠣᠯᠠᠨ
ᠦᠢᠯᠡ ᠠᠵᠢᠯᠯᠠᠬ᠋᠎ᠠ ᠳ᠋ᠠᠭᠠᠨ
ᠬᠡᠶ᠋ᠢᠷᠬᠡᠵᠦ ᠰᠤᠭᠰᠤᠯᠵᠠᠲᠠᠭ ᠦᠭᠡᠢ
ᠳᠠᠷᠤᠤᠬᠠᠨ ᠭᠣᠣᠯᠴᠢ ᠣᠷᠣᠨ
ᠬᠢᠯᠢ ᠭᠡᠵᠦ ᠬᠡᠷᠡᠮ ᠰᠢᠭ᠌ ᠪᠡᠬᠢ ᠣᠷᠣᠨ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 29 ᠪ ᠡᠲᠦᠷ
